ᠮᠢᠬᠠᠨ ᠤ ᠤᠬᠤᠷ ᠡᠪᠡᠷᠲᠦ ᠦᠬᠡᠷ
ᠨᠡᠶᠢᠲᠡᠯᠡᠭᠰᠡᠨ ᠴᠠᠭ᠄
2023/11/21
      ᠭᠠᠳᠠᠭᠠᠳᠤ ᠠᠴᠠ ᠤᠷᠤᠭᠤᠯᠤᠭᠰᠠᠨ ᠮᠢᠬᠠᠨ ᠦᠬᠡᠷ ᠤᠨ ᠡᠭᠦᠯᠳᠡᠷ           ᠮᠢᠬᠠᠨ ᠤ ᠤᠬᠤᠷ ᠡᠪᠡᠷᠲᠦ ᠦᠬᠡᠷ ᠪᠣᠯ ᠢᠩᠭ᠍ᠯᠠᠨᠳ᠋ ᠤᠨ ᠬᠤᠶᠢᠲᠤ ᠬᠡᠰᠡᠭ ᠠᠴᠠ ᠤᠭ ᠭᠠᠷᠣᠯ ᠲᠠᠢ᠃  ᠤᠬᠤᠷ ᠡᠪᠡᠷᠲᠦ ᠦᠬᠡᠷ ᠪᠣᠯ ᠲᠤᠰ ᠭᠠᠵᠠᠷ ᠤᠨ ᠨᠤᠲᠤᠭ ᠤᠨ ᠡᠭᠦᠯᠳᠡᠷ ᠢ ᠡᠷᠯᠢᠰᠡᠵᠢᠭᠦᠯᠦᠭᠡᠳ ᠪᠤᠶᠢᠵᠢᠭᠤᠯᠤᠭᠰᠠᠨ  ᠡᠷᠲᠡᠨ ᠤ ᠡᠭᠦᠯᠳᠡᠷ ᠪᠣᠯᠣᠨ᠎ᠠ᠂ 18 ᠳ᠋ᠣᠭᠠᠷ ᠵᠠᠭᠤᠨ ᠤ ᠡᠬᠢᠨ ᠤ ᠦᠶ᠎ᠡ ᠳᠤ᠂ ᠢᠳᠡᠰᠢᠨ ᠤ ᠦᠬᠡᠷ ᠪᠣᠯᠭᠠᠨ  ᠡᠭᠦᠯᠳᠡᠷ ᠰᠠᠶᠢᠵᠢᠷᠠᠭᠤᠯᠵᠤ ᠡᠬᠢᠯᠡᠨ᠂ ᠴᠢᠩᠭ᠎ᠠ ᠨᠢᠮᠪᠠᠢ ᠪᠠᠷ ᠡᠭᠦᠯᠳᠡᠷ ᠰᠣᠩᠭᠤᠬᠤ ᠪᠠ ᠦᠢᠷ᠎ᠠ ᠡᠭᠦᠯᠳᠡᠷ ᠢᠶᠠᠷ  ᠦᠷᠡᠵᠢᠭᠦᠯᠦᠨ ᠪᠤᠶᠢᠵᠢᠭᠤᠯᠬᠤ ᠠᠷᠭ᠎ᠠ ᠶᠢ ᠠᠪᠴᠤ᠂ ᠠᠷᠪᠠ ᠭᠠᠷᠣᠢ ᠵᠢᠯ ᠪᠣᠯᠣᠭᠠᠳ ᠰᠠᠶ᠋ᠢ ᠪᠡᠶ᠎ᠡ ᠪᠠᠷ ᠨᠡᠯᠢᠶᠡᠳ  ᠪᠦᠳᠦᠭᠦᠨ ᠢᠳᠡᠰᠢᠨ ᠤ ᠤᠬᠤᠷ ᠡᠪᠡᠷᠲᠦ ᠦᠬᠡᠷ ᠢ ᠪᠤᠶᠢᠵᠢᠭᠤᠯᠣᠨ ᠭᠠᠷᠭᠠᠭᠰᠠᠨ ᠪᠠᠶᠢᠨ᠎ᠠ᠂ ᠤᠳᠣ ᠳᠡᠯᠡᠬᠡᠢ ᠶᠢᠨ  ᠡᠯ᠎ᠡ ᠣᠯᠣᠰ ᠲᠤ ᠪᠦᠷ ᠲᠠᠷᠬᠠᠵᠤ ᠪᠣᠢ᠃ ᠳᠣᠮᠳᠠᠳᠣ ᠣᠯᠣᠰ 1913 ᠣᠨ ᠠᠴᠠ ᠤᠬᠤᠷ ᠡᠪᠡᠷᠲᠦ ᠦᠬᠡᠷ ᠢ  ᠤᠷᠤᠭᠤᠯᠤᠨ ᠠᠪᠴᠢᠷᠠᠵᠠᠢ᠂ ᠤᠳᠣ ᠭᠤᠤᠯᠳᠠᠭᠤ ᠦᠪᠦᠷ ᠮᠣᠩᠭᠤᠯ᠂ ᠭᠢᠷᠢᠨ᠂ ᠾᠧᠪᠧᠢ ᠵᠡᠷᠭᠡ ᠮᠣᠵᠢ ᠤᠷᠤᠨ ᠳᠤ  ᠮᠠᠯᠵᠢᠵᠤ ᠪᠠᠶᠢᠨ᠎ᠠ᠃            ᠮᠢᠬᠠᠨ ᠤ ᠤᠬᠤᠷ ᠡᠪᠡᠷᠲᠦ ᠦᠬᠡᠷ ᠤᠨ ᠪᠡᠶ᠎ᠡ ᠨᠢ ᠤᠷᠲᠤ ᠪᠦᠭᠡᠳ ᠦᠷᠭᠡᠨ᠂ ᠪᠤᠯᠴᠢᠩ ᠮᠢᠬ᠎ᠠ ᠨᠢ ᠠᠷᠪᠢᠨ  ᠮᠦᠷᠲᠡᠭᠡᠨ ᠮᠢᠬᠠᠨ ᠤ ᠦᠬᠡᠷ ᠤᠨ ᠨᠡᠶᠢᠲᠡᠯᠢᠭ ᠤᠨᠴᠠᠯᠢᠭ ᠪᠦᠬᠦᠢ ᠤᠷᠲᠤ ᠳᠦᠷᠪᠡᠯᠵᠢᠨ ᠪᠡᠶ᠎ᠡ ᠲᠠᠢ ᠦᠬᠡᠷ ᠪᠣᠯᠣᠨ᠎ᠠ  ᠃ ᠲᠤᠯᠤᠭᠠᠢ ᠨᠢ ᠪᠤᠭᠤᠨᠢ᠂ ᠮᠠᠩᠨᠠᠢ ᠨᠢ ᠦᠷᠭᠡᠨ᠂ ᠡᠪᠡᠷ ᠨᠢ ᠨᠠᠷᠢᠨ ᠪᠦᠭᠡᠳ ᠤᠬᠤᠷ᠂ ᠬᠦᠵᠦᠭᠦᠦ ᠨᠢ ᠤᠬᠤᠷ  ᠮᠦᠷᠲᠡᠭᠡᠨ ᠮᠢᠬ᠎ᠠ ᠶᠡᠬᠡᠲᠡᠢ᠂ ᠴᠡᠭᠡᠵᠢᠨ ᠬᠡᠰᠡᠭ ᠤᠨ ᠪᠤᠶᠢᠵᠢᠯᠲᠠ ᠨᠢ ᠰᠠᠶᠢᠨ᠃ ᠮᠦᠴᠢ ᠨᠢ ᠤᠬᠤᠷ᠂  ᠬᠤᠭᠤᠷᠤᠨᠳᠣᠬᠢ ᠵᠠᠢ ᠨᠢ ᠦᠷᠭᠡᠨ᠂ ᠪᠦᠭᠰᠡᠨ ᠪᠡᠶ᠎ᠡ ᠨᠢ ᠪᠦᠳᠦᠭᠦᠨ᠃ ᠤᠯᠠᠩᠬᠢ ᠨᠢ ᠬᠦᠷᠡᠩ ᠤᠯᠠᠭᠠᠨ  ᠵᠢᠰᠦᠮ ᠲᠠᠢ᠂ ᠴᠦᠬᠡᠨ ᠲᠤᠭᠠᠨ ᠤ ᠬᠢᠨᠢ ᠪᠠᠰᠠ ᠠᠯᠠᠭ ᠪᠤᠯᠠᠭ ᠪᠣᠢ᠃            ᠨᠠᠰᠤ ᠭᠦᠢᠴᠡᠭᠰᠡᠨ ᠡᠷ᠎ᠡ ᠦᠬᠡᠷ ᠤᠨ ᠪᠡᠶ᠎ᠡ ᠶᠢᠨ ᠬᠦᠨᠳᠦ ᠨᠢ 800~1200kg᠂ ᠦᠨᠢᠶ᠎ᠡ ᠶᠢᠨ ᠬᠢᠨᠢ  500~800kg᠃ ᠰᠠᠶ᠋ᠢ ᠭᠠᠷᠤᠭᠰᠠᠨ ᠲᠤᠭᠤᠯ ᠤᠨ ᠪᠡᠶ᠎ᠡ ᠶᠢᠨ ᠬᠦᠨᠳᠦ ᠨᠢ 30~40kg᠂ ᠵᠢᠯ ᠤᠨ ᠰᠦ  ᠭᠠᠷᠬᠤ ᠳᠣᠮᠳᠠᠴᠢ ᠬᠡᠮᠵᠢᠶ᠎ᠡ ᠨᠢ 3000~4000kg᠂ ᠰᠦᠨ ᠤ ᠨᠦᠮᠵᠦᠭ ᠤᠨ ᠨᠤᠷᠮ᠎ᠠ ᠨᠢ 3.5%~3. 7% ᠪᠣᠯᠣᠨ᠎ᠠ᠃            ᠣᠬᠤᠷ ᠡᠪᠡᠷᠲᠦ ᠦᠬᠡᠷ ᠤᠨ ᠪᠡᠶ᠎ᠡ ᠶᠢᠨ ᠬᠦᠨᠳᠦ ᠶᠢᠨ ᠨᠡᠮᠡᠭᠳᠡᠬᠦ ᠨᠢ ᠲᠦᠷᠭᠡᠨ᠂ ᠲᠤᠷᠨᠢᠬᠤ ᠨᠢ ᠡᠷᠲᠡ᠂  ᠨᠤᠮᠤᠬᠠᠨ᠂ ᠲᠤᠭᠲᠠᠭᠤᠨ ᠵᠠᠩ ᠠᠷᠠᠨᠰᠢᠨ ᠲᠠᠢ ᠪᠦᠭᠡᠳ ᠠᠮᠠᠷᠬᠠᠨ ᠲᠠᠷᠭᠤᠯᠠᠳᠠᠭ᠃ ᠪᠡᠶ᠎ᠡ ᠶᠢᠨ ᠬᠦᠨᠳᠦ ᠨᠢ 400  ᠬᠤᠨᠤᠭ ᠲᠤ 410kg ᠳᠤ ᠬᠦᠷᠴᠦ ᠳᠡᠶᠢᠯᠦᠨ᠎ᠡ᠂ ᠨᠢᠲᠤᠯᠭᠠᠨ ᠤ ᠨᠤᠷᠮ᠎ᠠ ᠨᠢ 60%~65%᠂ ᠪᠤᠷᠳᠤᠵᠤ  ᠲᠡᠷᠭᠤᠯᠠᠭᠤᠯᠤᠭᠰᠠᠨ ᠤ ᠳᠠᠷᠠᠭ᠎ᠠ 72% ᠲᠤ ᠬᠦᠷᠴᠦ ᠳᠡᠶᠢᠯᠦᠨ᠎ᠡ᠃ ᠮᠢᠬᠠᠨ ᠤ ᠰᠢᠷᠬᠡᠭ ᠨᠢ ᠨᠠᠷᠢᠨ ᠪᠦᠭᠡᠳ  ᠮᠢᠬ᠎ᠠ ᠨᠢ ᠵᠦᠭᠡᠯᠡᠨ᠂ ᠦᠭᠡᠬᠦᠯᠡᠵᠦ ᠲᠠᠷᠭᠤᠯᠠᠬᠤ ᠨᠢ ᠵᠢᠭᠲᠡ ᠲᠡᠩᠴᠡᠭᠦᠷᠢᠲᠡᠢ᠂ ︽ᠭᠠᠨᠳᠢᠭ ᠴᠢᠯᠠᠭᠤ︾ ᠶᠢᠨ  ᠬᠡᠯᠪᠡᠷᠢ ᠮᠠᠶ᠋ᠢᠭ ᠲᠠᠢ᠃            ᠤᠬᠤᠷ ᠡᠪᠡᠷᠲᠦ ᠦᠬᠡᠷ ᠤᠨ ᠤᠳᠤᠮᠯᠠᠬᠤ ᠨᠢ ᠲᠤᠭᠲᠠᠭᠤᠨ᠂ ᠮᠣᠩᠭᠤᠯ ᠦᠬᠡᠷ ᠤᠨ ᠡᠭᠦᠯᠳᠡᠷ ᠢ  ᠰᠠᠶᠢᠵᠢᠷᠠᠭᠤᠯᠬᠤ ᠳᠤ ᠬᠡᠷᠡᠭᠯᠡᠭᠡᠳ ᠲᠠᠯ᠎ᠠ ᠨᠤᠲᠤᠭ ᠤᠨ ᠤᠯᠠᠭᠠᠨ ᠦᠬᠡᠷ ᠢ ᠪᠤᠶᠢᠵᠢᠭᠤᠯᠤᠨ ᠭᠠᠷᠭᠠᠪᠠ᠂ ᠦᠪᠴᠢ  ᠪᠡᠶ᠎ᠡ ᠶᠢᠨ ᠦᠰᠦ ᠨᠢ ᠬᠦᠷᠡᠩ ᠤᠯᠠᠭᠠᠨ ᠦᠩᠭᠡᠲᠡᠢ᠃ ᠴᠢᠨ ᠴᠤᠸᠠᠨ ᠤ ᠦᠬᠡᠷ ᠲᠤ ᠤᠬᠤᠷ ᠡᠪᠡᠷᠲᠦ ᠦᠬᠡᠷ ᠤᠨ  ᠴᠢᠰᠦ ᠶᠢ ᠰᠡᠯᠪᠢᠵᠦ ᠡᠷᠯᠢᠰᠡᠵᠢᠭᠦᠯᠦᠭᠡᠳ ᠲᠤᠩ ᠰᠠᠶᠢᠨ ᠦᠷ᠎ᠡ ᠪᠦᠲᠦᠮᠵᠢ ᠤᠯᠵᠠᠢ᠃ ᠲᠤᠰ ᠦᠬᠡᠷ ᠢ  ᠪᠦᠳᠦᠭᠦᠯᠢᠭ ᠢᠶᠠᠷ ᠠᠷᠠᠴᠢᠯᠠᠬᠤ ᠳᠤ ᠲᠡᠰᠪᠦᠷᠢᠲᠡᠢ᠂ ᠤᠷᠴᠢᠨ ᠠᠬᠤᠢ ᠳᠠᠭᠠᠨ ᠵᠤᠬᠢᠴᠠᠬᠤ ᠨᠢ ᠰᠠᠶᠢᠨ᠂  ᠪᠠᠷᠤᠭᠲᠠᠢ ᠳᠤ ᠡᠪᠡᠳᠴᠢᠨ ᠭᠡᠮ ᠣᠯᠬᠤ ᠦᠭᠡᠢ᠂ ᠲᠠᠷᠢᠮᠠᠯ ᠤᠨ ᠡᠰᠢ ᠰᠦᠷᠡᠯ ᠢ ᠠᠰᠢᠭᠯᠠᠨ ᠮᠠᠯᠵᠢᠬᠤ ᠳᠤ ᠴᠤ  ᠰᠠᠶᠢᠨ ᠪᠠᠶᠢᠳᠠᠭ᠃            ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ  ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号