ᠡᠪᠦᠭᠡ ᠡᠮᠡᠭᠡ︵ᠬᠡᠥᠬᠡᠳ ᠤᠨ ᠳᠠᠭᠤᠤ ︶
ᠨᠡᠶᠢᠲᠡᠯᠡᠭᠰᠡᠨ ᠴᠠᠭ᠄
2020/11/27
                                    ᠦᠭᠡ᠄ ᠠᠭᠠᠷᠤ ᠡᠪᠦᠭᠡ ᠶᠢᠨ  ᠮᠢᠨᠢ ᠦᠯᠢᠭᠡᠷ ᠢᠶᠠᠷ ᠰᠠᠷᠠᠨ ᠵᠢᠷᠭᠠᠵᠤ ᠬᠤᠨᠤᠳᠠᠭ ᠡᠮᠡᠭᠡ ᠶᠢᠨ ᠮᠢᠨᠢ ᠴᠠᠢ ᠠᠴᠠ ᠨᠠᠷᠠᠨ ᠤᠷᠭᠤᠵᠤ ᠮᠠᠨᠳᠤᠨ᠎ᠠ᠂ ᠤᠳᠤᠮ ᠰᠤᠳᠤᠷ ᠲᠤ ᠪᠠᠨ ᠦᠨᠡᠨᠴᠢ ᠪᠠᠢ ᠭᠡᠵᠤ ᠦᠷᠭᠦᠯᠵᠢ ᠰᠤᠷᠭᠠᠳᠠᠭ ᠡᠪᠦᠭᠡ ᠮᠢᠨᠢ ᠤᠨᠠᠭᠰᠠᠨ ᠨᠤᠳᠤᠭ ᠲᠤ ᠪᠠᠨ ᠡᠵᠡᠨ ᠨᠢ ᠪᠠᠢ ᠭᠡᠵᠤ ᠳᠠᠩᠳᠠ ᠵᠠᠬᠢᠳᠠᠭ ᠡᠮᠡᠭᠡ ᠮᠢᠨᠢ᠃              ᠡᠪᠦᠭᠡ ᠡᠮᠡᠭᠡ ᠶᠢᠨ ᠢᠶᠠᠨ  ᠳᠡᠭᠡᠳᠡ ᠪᠢ              ᠦᠯᠤᠭᠡᠢ ᠪᠦᠪᠠᠢ ᠰᠢᠭ ᠵᠢᠷᠭᠠᠳᠠᠭ              ᠡᠪᠦᠭᠡ ᠡᠮᠡᠭᠡ ᠬᠤᠶᠠᠷ ᠢᠶᠠᠨ ᠪᠢ              ᠦᠨᠢ ᠮᠦᠩᠭᠡ ᠵᠢᠷᠭᠠᠭᠠᠬᠤ ᠶᠤᠮᠰᠠᠨ᠃ ᠡᠪᠦᠭᠡ ᠶᠢᠨ  ᠮᠢᠨᠢ ᠦᠯᠢᠭᠡᠷ ᠢᠶᠠᠷ ᠰᠠᠷᠠᠨ ᠵᠢᠷᠭᠠᠵᠤ ᠬᠤᠨᠤᠳᠠᠭ ᠡᠮᠡᠭᠡ ᠶᠢᠨ ᠮᠢᠨᠢ ᠴᠠᠢ ᠠᠴᠠ ᠨᠠᠷᠠᠨ ᠤᠷᠭᠤᠵᠤ ᠮᠠᠨᠳᠤᠨ᠎ᠠ᠂ ᠠᠪᠤ ᠡᠵᠢ ᠪᠠᠨ ᠬᠦᠨᠳᠤᠯᠡᠭᠡᠷᠡᠢ ᠭᠡᠵᠤ ᠦᠷᠭᠦᠯᠵᠢ ᠰᠤᠷᠭᠠᠳᠠᠭ ᠡᠪᠦᠭᠡ ᠮᠢᠨᠢ ᠡᠬᠡ  ᠬᠡᠯᠡ ᠪᠠᠨ ᠡᠷᠬᠢᠮᠯᠡᠵᠤ ᠶᠠᠪᠤ ᠭᠡᠵᠤ ᠳᠠᠩᠳᠠ ᠵᠠᠬᠢᠳᠠᠭ ᠡᠮᠡᠭᠡ ᠮᠢᠨᠢ᠃                    ᠳᠠᠬᠢᠯᠳᠠ ᠡᠪᠦᠭᠡ ᠶᠢᠨ  ᠮᠢᠨᠢ ᠦᠯᠢᠭᠡᠷ ᠢᠶᠠᠷ ᠰᠠᠷᠠᠨ ᠵᠢᠷᠭᠠᠵᠤ ᠬᠤᠨᠤᠳᠠᠭ ᠡᠮᠡᠭᠡ ᠶᠢᠨ ᠮᠢᠨᠢ ᠴᠠᠢ ᠠᠴᠠ ᠨᠠᠷᠠᠨ ᠤᠷᠭᠤᠵᠤ ᠮᠠᠨᠳᠤᠨ᠎ᠠ᠂ ᠳᠡᠯᠡᠬᠡᠢ ᠪᠠᠶᠢᠭᠠᠯᠢ ᠪᠠᠨ ᠬᠠᠶᠢᠷᠠᠯᠠᠭᠠᠷᠠᠢ ᠭᠡᠵᠤ‌ᠦᠷᠭᠦᠯᠵᠢ ᠰᠤᠷᠭᠠᠳᠠᠭ ᠡᠪᠦᠭᠡ ᠮᠢᠨᠢ ᠳᠡᠯᠭᠡᠷ ᠮᠤᠩᠭᠤᠯ ᠢᠶᠠᠨ ᠳᠡᠭᠡᠳᠤᠯᠡᠵᠤ ᠶᠠᠪᠤ ᠭᠡᠵᠤ‌‍ᠲ᠋ᠠᠩᠳᠠ ᠵᠠᠬᠢᠳᠠᠭ ᠡᠮᠡᠭᠡ ᠮᠢᠨᠢ᠃                    ᠳᠠᠬᠢᠯᠳᠠ         ᠠᠭᠠᠷᠤ᠂ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠪᠠᠷ ᠨᠤᠳᠤᠭ ᠲᠠᠢ᠂ ᠪᠤᠭᠤᠳᠤ ᠶᠢᠨ ᠵᠢᠤ ᠶᠤᠸᠠᠨ  ᠮᠤᠩᠭᠤᠯ ᠪᠠᠭ᠎ᠠ ᠰᠤᠷᠭᠠᠭᠤᠯᠢ ᠶᠢᠨ6  ᠳ᠋ᠤᠭᠠᠷ ᠤᠨ ᠤ ᠡ ᠠᠩᠭᠢ ᠶᠢᠨ ᠰᠤᠷᠤᠭᠴᠢ᠂ ᠳᠡᠷᠡ  ᠳᠠᠭᠤᠤ ᠤᠷᠠᠯᠢᠭ ᠲᠤ ᠠᠪᠢᠶᠠᠰ ᠲᠠᠢ᠂ ᠬᠡᠯᠡ  ᠶᠠᠷᠢᠶ᠎ᠠ᠂ ᠵᠤᠬᠢᠶᠠᠨ ᠪᠢᠴᠢᠯᠭᠡ ᠳᠤ ᠳᠤᠷ᠎ᠠ  ᠪᠠᠬ᠎ᠠ ᠲᠠᠢ᠂ ᠡᠯ᠎ᠡ ᠳᠦᠷᠤᠯ ᠤᠨ ᠬᠢᠴᠢᠶᠡᠯ ᠢᠶᠠᠨ ᠤᠨᠴᠠ  ᠰᠤᠷᠳᠠᠭ  ᠪᠦᠭᠡᠳ ᠠᠯᠢᠪᠠ ᠶᠠᠪᠤᠳᠠᠯ ᠳᠤ ᠬᠠᠷᠢᠭᠤᠴᠠᠯᠭ᠎ᠠ ᠲᠠᠢ ᠬᠠᠨᠳᠤᠳᠠᠭ ᠤᠬᠠᠭᠠᠯᠢᠭ ᠬᠡᠤᠬᠡᠳ ᠶᠤᠮ᠃       ᠵᠤᠬᠢᠶᠠᠯᠴᠢ ᠪᠤᠯᠬᠤ ᠬᠦᠰᠡᠯ ᠡᠪᠤᠷᠯᠡᠵᠤ ᠶᠠᠪᠤᠭ᠎ᠠ ᠰᠤᠷᠤᠭᠴᠢ ᠠᠭᠠᠷᠤ᠂ ᠬᠡᠯᠡ ᠪᠢᠴᠢᠭ ᠤᠨ ᠪᠠᠭᠰᠢ ᠤᠷᠠᠨ᠎ᠠ  ᠶᠢᠨ ᠵᠢᠯᠤᠭᠤᠳᠤᠯᠭ᠎ᠠ ᠪᠠᠷ ︽ᠦᠪᠤᠷ ᠮᠤᠩᠭᠤᠯ   ᠤᠨ ᠪᠠᠭᠠᠴᠤᠳ ᠤᠨ ᠰᠣᠨᠢᠨ︾᠂ ︽ᠴᠤᠮᠤᠷᠯᠢᠭ ᠰᠡᠳᠬᠦᠯ︾  ᠳᠤ ᠦᠪᠡᠷ ᠤᠨ ᠰᠢᠯᠤᠭ᠌ ᠵᠤᠬᠢᠶᠠᠯ ᠢᠶᠠᠨ ᠨᠡᠶᠢᠳᠡᠯᠡᠭᠦᠯᠤᠭ᠍ᠰᠡᠨ  ᠪᠦᠭᠡᠳ ᠨᠠᠢᠮᠠᠨ ᠮᠤᠵᠢ ᠤᠷᠤᠨ ᠤ ︽ᠡᠬᠡ ᠬᠡᠯᠡ︾ ᠶᠠᠷᠢᠶ᠎ᠠ ᠢᠯᠡᠳᠭᠡᠯ ᠤᠨ ᠲᠧᠯᠸᠢᠰ ᠱᠠᠩᠨᠠᠯᠳᠤ ᠤᠷᠤᠯᠳᠤᠭᠠᠨ ᠳᠤ ᠭᠤᠷᠪᠠᠳᠤᠭᠠᠷ ᠳᠡᠰ ᠤᠨ ᠱᠠᠩᠨᠠᠯ ᠢ ᠬᠦᠷᠳᠡᠭᠰᠡᠨ ᠶᠤᠮ᠃ ᠡᠳᠤᠭᠡ ᠲᠡᠭᠦᠨ ᠤ ︽ᠡᠪᠦᠭᠡ ᠡᠮᠡᠭᠡ︾ ᠭᠡᠬᠦ  ᠰᠢᠯᠤᠭ᠌ ᠨᠢ ᠳᠠᠭᠤᠤ ᠪᠤᠯᠤᠨ ᠪᠦᠳᠤᠭᠡᠭᠳᠠᠵᠤ  ᠂ ᠨᠠᠶᠢᠳᠠ ᠤᠯᠡᠨ ᠤ ᠪᠠᠨ ᠠᠯᠳᠠᠩᠬᠠᠨ ᠰᠤᠨᠤᠷ ᠲᠤ ᠬᠦᠷᠴᠤ ᠪᠠᠶᠢᠭ᠎ᠠ ᠨᠢ  ᠡᠨᠡ ᠪᠢᠯᠡ  ᠃
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号