︵ᠰᠢᠯᠥᠭ︶ ᠬᠤᠯᠤᠭᠠᠨ᠎ᠠ ᠶᠢᠨ ᠬᠢᠵᠢᠭ ᠢ ᠰᠡᠷᠭᠡᠶᠢᠯᠡᠭᠦᠢ
ᠨᠡᠶᠢᠲᠡᠯᠡᠭᠰᠡᠨ ᠴᠠᠭ᠄
2020/8/24
                            ᠮᠤᠩᠭᠤᠯ ᠰᠣᠷᠭᠠᠭᠤᠯᠢ ᠶᠢᠨ ᠰᠤᠶᠤᠯᠳᠥ ᠬᠤᠯᠤᠭᠠᠨ᠎ᠠ ᠶᠢᠨ ᠬᠢᠵᠢᠭ ᠢ ᠰᠡᠷᠭᠡᠶᠢᠯᠡᠭᠦᠢ ᠳᠤᠷ ᠬᠠᠮᠤᠭ ᠤᠨ ᠥᠨᠳᠥᠰᠥᠨ ᠭᠥᠢᠴᠡᠳᠬᠡᠭᠦᠢ ᠵᠤᠶᠢᠯ᠄ ᠬᠤᠯᠤᠭᠠᠨ᠎ᠠ ᠶᠢᠨ ᠬᠢᠵᠢᠭ ᠤᠨ ᠤᠷᠤᠨ ᠳᠤ ᠪᠤᠤ ᠤᠴᠢ︕ ᠬᠥᠳᠡᠭᠡ ᠬᠡᠭᠡᠷ᠎ᠡ ᠠᠵᠢᠯᠯᠠᠬᠤ ᠳᠤ ᠪᠠᠨ ᠬᠤᠪᠢ ᠪᠡᠶ᠎ᠡ ᠶᠢᠨ ᠬᠠᠮᠠᠭᠠᠯᠠᠯᠳᠠ ᠪᠠᠨ ᠠᠩᠬᠠᠷ︕ ᠤᠷᠳᠥ ᠬᠠᠨᠴᠤᠢ ᠲᠠᠢ ᠬᠠᠨᠳᠠᠭᠠᠰᠤ ᠥᠨᠳᠥᠷ ᠳᠥᠷᠥᠢ ᠲᠠᠢ ᠤᠶᠢᠮᠥᠰᠥ ᠡᠮᠥᠰ ᠬᠥᠳᠡᠭᠡ ᠭᠠᠳᠠᠭ᠎ᠠ ᠰᠠᠭᠤᠬᠤ ᠶᠢ ᠳᠠᠪᠴᠢᠵᠤ ᠬᠤᠯᠤᠭᠠᠨ᠎ᠠ ᠶᠢᠨ ᠪᠥᠭᠡᠰᠥ ᠠᠴᠠ ᠬᠢᠴᠢᠶᠡ ᠠᠷᠢᠭᠤᠨ ᠴᠡᠪᠡᠷ ᠢ ᠡᠷᠬᠢᠮᠯᠡᠨ ᠬᠢᠵᠢᠭ ᠳᠠᠬᠤᠯ ᠠᠴᠠ ᠰᠡᠷᠭᠡᠶᠢᠯᠡ︕ ᠬᠡᠭᠡᠷ᠎ᠡ ᠶᠢᠨ ᠠᠮᠢᠳᠠᠨ ᠢ ᠠᠪᠠᠯᠠᠵᠤ ᠪᠤᠤ ᠳᠥᠢᠳᠬᠡ ᠠᠷᠠᠰᠣ ᠨᠤᠤᠰᠥ ᠶᠢ ᠨᠢ ᠪᠢᠳᠡᠭᠡᠢ ᠠᠪ ᠬᠤᠯᠤᠭᠠᠨ᠎ᠠ ᠶᠢᠨ ᠥᠭᠦᠳᠡᠯ ᠳᠠᠭᠠᠷᠠᠪᠠᠯ ᠬᠤᠷᠳᠥᠨ ᠳᠡᠭᠡᠭᠰᠢ ᠮᠡᠳᠡᠭᠦᠯ︕ ᠣᠴᠢᠷ ᠰᠢᠯᠳᠠᠭᠠᠨ ᠦᠭᠡᠢ ᠪᠠᠷ ᠬᠠᠯᠠᠭᠤᠷᠠᠪᠠᠯ ᠡᠮᠨᠡᠯᠭᠡ ᠶᠢᠨ ᠬᠤᠷᠢᠶᠠᠨ ᠳᠤ ᠳᠥᠷᠭᠡᠨ ᠡᠮᠨᠡᠭᠦᠯ︕ ᠬᠡᠨᠡᠳᠳᠡ ᠠᠳᠡᠭᠰᠡᠨ ᠬᠥᠮᠥᠨ ᠭᠠᠷᠪᠠᠯ ᠭᠠᠴᠠᠭ᠎ᠠ ᠳᠤᠰᠬᠤᠨ ᠳᠤ ᠪᠠᠨ ᠮᠡᠳᠡᠭᠦᠯ︕ ᠤᠨᠴᠠᠭᠠᠢ ᠴᠠᠭ ᠲᠤ ᠡᠪᠡᠳᠴᠢᠨ ᠦᠵᠡᠭᠦᠯᠬᠦ ᠳᠤ ᠪᠠᠨ ᠬᠤᠯᠤᠭᠠᠨ᠎ᠠ ᠶᠢᠨ ᠬᠢᠵᠢᠭ ᠤᠨ ᠪᠠᠶᠢᠴᠠᠭᠠᠯᠳᠡ ᠬᠢ︕ ᠬᠤᠯᠤᠭᠠᠨ᠎ᠠ ᠶᠢᠨ ᠬᠢᠵᠢᠭ ᠠᠶᠤᠮᠠᠷ ᠪᠢᠰᠢ ᠬᠢᠴᠢᠶᠡᠨ ᠰᠡᠷᠭᠡᠶᠢᠯᠡᠵᠥ ᠳᠡᠶᠢᠯᠤᠨ᠎ᠡ ᠬᠤᠯᠤᠭᠠᠨ᠎ᠠ ᠶᠢᠨ ᠬᠢᠵᠢᠭ ᠤᠨ ᠵᠠᠰᠠᠯᠭ᠎ᠠ ᠳᠤ ᠬᠤᠷᠳᠤᠨ ᠳᠡᠭᠡᠭᠰᠢ ᠮᠡᠳᠡᠭᠦᠯᠬᠦ ᠨᠢ ᠴᠢᠬᠤᠯᠠ ᠬᠤᠳᠠᠯᠠ ᠳᠥᠮᠡᠨ ᠢᠶᠠᠷ ᠢᠶᠠᠨ ᠬᠥᠴᠥ ᠪᠠᠨ ᠬᠠᠮᠳᠣᠳᠬᠠᠨ ᠬᠤᠯᠤᠭᠠᠨ᠎ᠠ ᠶᠢᠨ ᠬᠢᠵᠢᠭ ᠢ ᠤᠰᠠᠳᠬᠠᠶ᠎ᠠ︕ ᠤᠷᠤᠵᠤ ᠭᠠᠷᠬᠤ ᠳᠤ ᠪᠠᠨ ᠠᠮᠠᠨ ᠤ ᠬᠠᠪᠠᠭ ᠵᠡᠭᠦ︕ ᠡᠳᠥᠷ ᠳᠤᠵᠢ ᠰᠠᠶᠢᠨ ᠰᠠᠶᠢᠬᠠᠨ ᠢ ᠰᠡᠳᠬᠢ︕ ᠥᠷᠥᠭᠡᠯ ᠪᠣᠰᠣᠳ ᠲᠤ ᠢᠳᠡᠭᠡᠯ ᠵᠤᠷᠢᠭ ᠬᠠᠶᠢᠷᠠᠯᠠ︕ ᠳᠡᠷᠪᠡᠵᠥ ᠪᠤᠤ ᠰᠥᠷᠳᠡ︕ ᠳᠡᠩᠳᠡᠭᠦᠥ ᠪᠤᠤ ᠪᠠᠷᠳᠠ︕ ᠴᠤᠤᠷᠬᠠᠯ ᠶᠠᠷᠢᠶ᠎ᠠ ᠶᠢ ᠪᠤᠤ ᠰᠤᠨᠤᠰ︕ ᠠᠯᠪᠠᠨ ᠶᠤᠰᠤᠨ ᠤ ᠤᠬᠠᠭᠤᠯᠭ᠎ᠠ ᠲᠠᠢ ᠡᠶᠡᠳᠡ︕ ᠠᠵᠢᠯᠯᠠᠬᠤ ᠰᠤᠷᠳᠠᠯᠴᠢᠯᠠᠬᠤ ᠵᠡᠷᠴᠢᠮ ᠢ ᠭᠥᠢᠴᠡᠳᠬᠡ︕ ᠵᠠᠰᠠᠭ ᠳᠥᠷᠥ ᠶᠢᠨ ᠬᠠᠤᠯᠢ ᠶᠢ ᠵᠢᠷᠣᠮᠯᠠ︕ ᠵᠠᠪᠠᠯ ᠪᠡᠶᠡᠯᠡᠭᠦᠯᠬᠦ ᠳᠥᠷᠢᠮ ᠢ ᠳᠠᠭ᠎ᠠ︕ ᠬᠢᠵᠢᠭ ᠠᠴᠠ ᠪᠤᠤ ᠠᠶᠤ︕ ᠳᠠᠷᠤᠬᠤ ᠳᠤᠮ ᠪᠤᠢ︕ ᠬᠡᠵᠢᠶ᠎ᠡ ᠡᠭᠦᠷᠢᠳᠡ ᠨᠠᠮ ᠵᠠᠰᠠᠭ ᠢᠶᠠᠨ ᠢᠳᠡᠭᠡ︕
 
ᠢᠷᠡᠯᠲᠡ᠄ ᠪᠠᠭᠠᠳᠣᠷᠯᠢᠭ ᠳᠠᠷᠬᠠᠨ ᠮᠤᠤᠮᠢᠩᠭᠠᠨ ᠵᠢᠷᠬᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号