ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠳᠬ᠎ᠠ ᠤᠷᠠᠯᠢᠭ ᠤᠨ ᠬᠤᠶᠠᠷ ᠪᠠᠭᠰᠢ ᠶᠢᠨ ᠰᠢᠨ᠎ᠡ ᠪᠦᠲᠦᠭᠡᠯ ᠨᠢ ᠨᠡᠶᠢᠲᠡᠯᠡᠭᠲᠡᠪᠡ
ᠨᠡᠶᠢᠲᠡᠯᠡᠭᠰᠡᠨ ᠴᠠᠭ᠄
2019-12-18
     ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠢᠷᠠᠭᠤ ᠨᠠᠶᠢᠷᠠᠬᠴᠢ ᠠ᠊᠂ ᠤᠳᠬᠤᠨᠪᠠᠶᠠᠷ ᠤᠨ ᠦᠭᠡ᠂ ᠮᠤᠩᠭᠤᠯ ᠤᠯᠤᠰ ᠤᠨ ᠬᠦᠭᠵᠢᠮ ᠤᠨ ᠵᠤᠬᠢᠶᠠᠯᠴᠢ ᠮᠦᠩᠭᠦᠠᠠᠦ᠋ᠯᠵᠠᠢ ᠶᠢᠨ ᠠᠶ᠎ᠠ ᠲᠠᠢ ᠴᠤ᠋ ᠰᠢᠨ᠎ᠡ ᠤᠷᠠᠨ ᠪᠦᠲᠦᠭᠡᠯ ︽ᠰᠠᠴᠤᠯᠢ︾ ᠲᠠᠭᠤᠤ ᠶᠢ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠯᠠᠭᠠᠨᠮᠦ᠋ᠴᠢᠷ ᠤᠨ ᠵᠠᠯᠠᠭᠤ ᠲᠠᠭᠤᠴᠢᠨ ᠮᠦᠷᠡᠨ ᠤ ᠬᠤᠭᠤᠯᠠᠢ ᠪᠠᠷ ᠡᠷᠬᠢᠮ ᠲᠠ ᠤᠯᠠᠨ ᠤ ᠰᠤᠨᠤᠷ ᠲᠤ ᠬᠦᠷᠭᠡᠵᠦ ᠪᠠᠶᠢᠨ᠎ᠡ᠃        ᠰᠠᠴᠤᠯᠢ                        ᠦᠭᠡ᠄ ᠠ᠊᠂ ᠤᠳᠬᠤᠨᠪᠠᠶᠠᠷ ︵ᠲᠠᠷᠬᠠᠨ ᠮᠤᠤᠮᠢᠩᠭᠠᠨ︶                        ᠠᠶ᠎ᠡ᠄ ᠮᠥᠩᠭᠦᠠᠠᠦ᠋ᠯᠵᠠᠢ ︵ᠮᠤᠩᠭᠤᠯ ᠤᠯᠤᠰ︶                        ᠲᠠᠭᠤᠴᠢᠨ᠄ ᠮᠦᠷᠡᠨ ︵ᠲᠠᠷᠬᠠᠨ ᠮᠤᠤᠮᠢᠩᠭᠠᠨ︶      ᠪᠤᠭᠤᠷᠤᠯ ᠰᠢᠳᠦᠭᠡᠨᠲᠦ ᠠᠭᠤᠯᠠ ᠤᠪᠤᠭ᠎ᠠ ᠳᠠᠭᠠᠨ ᠲᠠᠭᠠᠳᠬᠠᠨ ᠡᠷᠭᠦᠶ᠎ᠡ      ᠪᠤᠶᠠᠨ ᠬᠡᠰᠢᠭ ᠤᠨ ᠶᠢᠰᠦᠨ ᠲᠡᠭᠷᠢ ᠳᠡᠭᠡᠨ ᠰᠢᠪᠰᠢᠨ ᠡᠷᠭᠦᠶ᠎ᠡ      ᠬᠤᠷ᠎ᠡ ᠬᠠᠶᠢᠷᠠᠯᠠᠬᠰᠡᠨ ᠲᠡᠯᠡᠭᠡᠢ ᠳᠡᠭᠡᠨ ᠷᠠᠰᠢᠶᠠᠯᠠᠨ ᠡᠷᠭᠦᠶ᠎ᠡ      ᠬᠤᠨ ᠢᠶᠠᠨ ᠴᠡᠩᠭᠡᠭᠦᠯᠦᠭᠰᠡᠨ ᠨᠠᠭᠤᠷ ᠲᠠᠭᠠᠨ ᠠᠷᠢᠭᠤᠯᠤᠨ ᠡᠷᠭᠦᠶ᠎ᠡ               ᠬᠤᠷᠤᠢ᠂ ᠬᠤᠷᠤᠢ᠂ ᠬᠤᠷᠤᠢ      ᠨᠡᠭᠦᠲᠡᠯ ᠦᠲᠡᠭᠰᠡᠨ ᠰᠢᠷ᠎ᠡ ᠵᠠᠮ ᠳᠠᠭᠠᠨ ᠰᠡᠷᠡᠪᠴᠢᠯᠡᠨ ᠡᠷᠭᠦᠶ᠎ᠡ      ᠨᠤᠭᠤ ᠰᠡᠷᠭᠦᠭᠰᠡᠨ ᠤᠷᠢᠬᠠᠨ ᠤᠯᠠᠷᠢᠯ ᠳᠠᠭᠠᠨ ᠡᠩᠭᠦᠷᠡᠶᠢᠯᠡᠨ ᠡᠷᠭᠦᠶ᠎ᠡ      ᠴᠡᠰᠦ ᠬᠤᠩᠭᠠᠷᠯᠠᠬᠰᠡᠨ ᠪᠤᠷᠦ ᠪᠠᠭᠤᠴᠡ ᠳᠠᠭᠠᠨ ᠠᠮᠢᠨᠴᠢᠷᠬᠠᠨ ᠡᠷᠭᠦᠶ᠎ᠡ      ᠴᠡᠴᠡᠭ ᠦᠨᠦᠰᠦᠭᠰᠡᠨ ᠲᠤᠷᠭᠠᠨ ᠰᠠᠯᠬᠢᠨ ᠳᠠᠭᠠᠨ ᠠᠷᠭᠠᠲᠡᠨ ᠡᠷᠭᠦᠶ᠎ᠡ               ᠬᠤᠷᠤᠢ᠂ ᠬᠤᠷᠤᠢ᠂ ᠬᠤᠷᠤᠢ      ᠬᠤᠯᠠ ᠶᠢ ᠵᠤᠷᠢᠬᠰᠡᠨ ᠠᠶᠠᠨ ᠤ ᠴᠤᠯᠪᠤᠭᠤᠷ ᠢᠶᠠᠨ ᠮᠢᠯᠢᠶᠠᠨ ᠡᠷᠭᠦᠶ᠎ᠡ      ᠬᠦᠢ ᠶᠢ ᠵᠠᠯᠭᠠᠬᠰᠡᠨ ᠠᠷᠤᠤᠬᠠᠨ ᠤᠳᠤᠮ ᠢᠶᠠᠨ ᠲᠡᠭᠡᠳᠤᠯᠡᠨ ᠡᠷᠭᠦᠶ᠎ᠡ      ᠪᠢᠷ᠎ᠡ ᠵᠢᠭᠠᠬᠰᠡᠨ ᠬᠠᠳᠠᠭᠤᠬᠠᠨ ᠠᠮᠢᠳᠤᠷᠡᠯ ᠢᠶᠠᠨ ᠵᠦᠭᠡᠯᠡᠯᠡᠨ ᠡᠷᠭᠦᠶ᠎ᠡ      ᠲᠠᠷ ᠰᠡᠯᠪᠢᠭᠰᠡᠨ ᠠᠯᠳᠠᠨ ᠰᠤᠷᠭᠠᠯ ᠢᠶᠠᠨ ᠮᠦᠩᠭᠡᠯᠡᠨ ᠡᠷᠭᠦᠶ᠎ᠡ               ᠬᠤᠷᠤᠢ᠂ ᠬᠤᠷᠤᠢ᠂ ᠬᠤᠷᠤᠢ      ᠮᠦᠷᠡᠨ᠄ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠯᠠᠭᠠᠨᠮᠦ᠋ᠴᠢᠷ ᠤᠨ ᠲᠠᠭᠤᠴᠢᠨ᠂ ᠠᠩᠬᠠᠳᠠᠬᠴᠢ ᠤᠳᠠᠭᠠᠨ ᠤ ᠨᠠᠢᠮᠠᠨ ᠮᠤᠵᠢ ᠤᠷᠤᠨ ᠤ ︽ᠵᠠᠭᠤᠨᠨᠠᠰᠦᠲᠦ︾ ᠬᠤᠨᠳᠠᠭᠠᠲᠦ ᠤᠷᠲᠦ ᠶᠢᠨ ᠲᠠᠭᠤᠨ ᠤ ᠲᠡᠮᠡᠴᠡᠭᠡᠨ ᠤ ᠲᠡᠳ᠋ ᠪᠠᠶᠢᠷᠢ ᠶᠢᠨ ᠲᠠᠭᠤᠴᠢᠨ᠂ ᠲᠦᠷᠪᠠᠳᠤᠭᠡᠷ ᠬᠤᠭᠤᠴᠠᠭᠠᠨ ᠤ ᠪᠦᠬᠦ ᠤᠷᠤᠨ ᠤ ᠤᠯᠠᠭᠠᠨᠮᠦ᠋ᠴᠢᠷ ᠤᠨ ᠲᠤᠬᠯᠠᠬᠴᠢᠳ ᠤᠨ ︽ᠨᠢᠭᠡ ᠳᠤ ᠴᠠᠭᠠᠷᠠᠵᠦ ᠤᠯᠠᠨ ᠳᠤ ᠮᠡᠷᠭᠡᠰᠢᠬᠦ︾ ᠤᠷ᠎ᠡ ᠠᠪᠢᠶᠡᠰ ᠤᠨ ᠤᠷᠤᠯᠳᠤᠭᠠᠨ ᠳᠤ ᠠᠯᠳᠠᠨ ᠮᠧᠳᠡᠯ ᠬᠦᠷᠲᠡᠵᠠᠢ᠃      ᠠ᠊᠂ ᠤᠳᠬᠤᠨᠪᠠᠶᠠᠷ᠄ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠤᠤᠭᠠᠯ᠃ ᠵᠤᠬᠢᠶᠠᠯᠴᠢ᠂ ᠢᠷᠠᠭᠤ ᠨᠠᠶᠢᠷᠠᠬᠴᠢ᠂ ᠠᠵᠢᠯ ᠤᠨ ᠴᠢᠯᠦᠭᠡᠨ ᠤ ᠰᠢᠭᠤᠷᠬᠠᠢ ᠬᠦᠳᠦᠯᠦᠭᠴᠢ᠂ ᠤᠷᠡᠨ ᠪᠦᠲᠦᠭᠡᠯ ᠤᠨ ᠭᠤᠴᠢᠭᠠᠳ ᠲᠠᠭᠤᠤ ︵ᠲᠠᠭᠤᠨ ᠤ ᠰᠢᠯᠦᠭ︶ ᠲᠠᠢ᠃      ᠪᠤᠶᠠᠨᠳᠡᠯᠭᠡᠷ ᠤᠨ ᠮᠦᠩᠭᠦᠠᠠᠦ᠋ᠯᠵᠠᠢ᠄ ᠮᠤᠩᠭᠤᠯ ᠤᠯᠤᠰ ᠤᠨ ᠰᠤᠶᠤᠯ ᠤᠨ ᠲᠠᠷᠢᠭᠦᠨ ᠤ ᠠᠵᠢᠯᠲᠡᠨ᠂ ᠮᠤᠩᠭᠤᠯ  ᠤᠨ ᠬᠦᠭᠵᠢᠮ ᠤᠨ ᠵᠤᠬᠢᠶᠠᠯᠴᠢᠳ ᠤᠨ ᠬᠤᠯᠪᠤᠭᠠᠨ ᠤ ᠱᠠᠩᠨᠠᠯᠲᠦ᠂ ᠠᠯᠳᠠᠨ ᠭᠠᠳᠠᠰᠦ ᠤᠳᠤᠨ᠂ ᠪᠠᠭᠰᠢ ᠶᠢᠨ ᠭᠠᠪᠢᠶᠠᠲᠦ ᠤᠳᠤᠨ᠂ ᠬᠦᠳᠡᠯᠮᠦᠷᠢ ᠶᠢᠨ ᠬᠦᠨᠳᠦᠳᠦ ᠮᠧᠳᠡᠯ ᠲᠠᠢ᠃ ᠲᠠᠭᠤᠷᠢ᠂ ᠲᠠᠭᠤᠯᠠᠯᠲᠦ ᠵᠦᠴᠦᠭᠡ᠂ ᠨᠠᠶᠢᠷᠡᠯ ᠬᠦᠭᠵᠢᠮ᠂ ᠨᠡᠶᠢᠲᠡ ᠶᠢᠨ ᠢᠷᠭᠡᠨ ᠤ ᠤᠶᠠᠩᠭ᠎ᠠ ᠶᠢᠨ ᠲᠠᠭᠤᠤ᠂ ᠪᠦᠵᠢᠭ ᠤᠨ ᠬᠦᠭᠵᠢᠮ᠂ ᠬᠡᠦᠭᠡᠳ ᠤᠨ ᠤᠷᠡᠨ ᠪᠦᠲᠦᠭᠡᠯ᠂ ᠨᠠᠶᠢᠷᠡᠯ ᠲᠠᠭᠤᠤ᠂ ᠲᠤᠤᠯᠢ ᠮᠠᠬᠳᠠᠭᠤ ᠴᠢᠭᠤᠯᠪᠦᠷᠢ᠂ ᠬᠤᠷᠰᠢᠯ ᠲᠠᠭᠤᠤ ᠭᠡᠬᠦ ᠮᠡᠲᠦ ᠬᠦᠭᠵᠢᠮ ᠤᠨ ᠪᠦᠬᠦ ᠲᠦᠷᠦᠯ ᠵᠦᠢᠯ ᠤᠨ 500 ᠭᠠᠷᠤᠢ ᠪᠦᠲᠦᠭᠡᠯ ᠲᠠᠢ᠃                                                        ︽ᠪᠠᠭᠠᠳᠤᠷᠯᠢᠭ ᠲᠠᠷᠬᠠᠨ ᠮᠤᠤᠮᠢᠩᠭᠠᠨ︾ ᠵᠢᠷᠬᠢᠶ᠎ᠡ ᠠᠴᠠ ᠪᠠᠭᠤᠯᠭᠠᠪᠡ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号