ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠨ ᠵᠠᠯᠭᠠᠮᠵᠢᠯᠠᠭᠴᠢ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠮᠤᠤᠮᠢᠩᠭᠠᠨ ᠬᠤᠪᠴᠠᠰᠤ ᠵᠠᠰᠠᠯ ᠤᠨ ᠤᠯᠠᠮᠵᠢᠯᠠᠨ ᠵᠠᠯᠭᠠᠮᠵᠢᠯᠠᠭᠴᠢ — ᠨᠤᠷᠵᠢᠨ
ᠨᠡᠶᠢᠲᠡᠯᠡᠭᠰᠡᠨ ᠴᠠᠭ᠄
2020/11/27
     ᠨᠤᠷᠵᠢᠨ ᠨᠠᠰᠣᠳᠠᠨ ᠤᠤᠯ ᠤᠨ ᠰᠢᠨᠠᠪᠤᠯᠢᠭ ᠰᠣᠮᠤᠨ ᠤ ᠰᠢᠷᠠᠴᠢᠯᠠᠭᠤ ᠭᠠᠴᠠᠭ᠎ᠠ ᠪᠠᠷ ᠨᠤᠳᠤᠭ ᠲᠠᠢ᠂ ᠪᠠᠭᠰᠢ  ᠶᠢᠨ ᠠᠵᠢᠯ ᠤᠨ ᠭᠠᠷᠤᠯ ᠲᠠᠢ ᠳᠠᠷᠠᠪᠠᠷ ᠠᠵᠢᠯ ᠤᠨ ᠠᠮᠠᠷᠠᠯᠳᠠ ᠪᠠᠨ ᠠᠪᠤᠭᠰᠠᠨ ᠠᠴᠠ ᠬᠤᠶᠢᠰᠢ ᠤᠶᠤᠳᠠᠯ ᠤᠶᠤᠵᠤ ᠤᠳᠤ ᠪᠤᠯᠬᠤ ᠳᠤ ᠠᠷᠪᠠᠭᠠᠳ ᠵᠢᠯ ᠤᠨ ᠨᠢᠭᠤᠷ ᠦᠵᠡᠵᠤ ᠪᠤᠢ᠃ ᠪᠠᠭ᠎ᠠ ᠠᠴᠠ ᠪᠠᠨ  ᠤᠶᠤᠳᠠᠯ ᠳᠤ ᠪᠠᠭ᠋ᠠᠲᠠᠢ ᠪᠦᠭᠡᠳ ᠳᠡᠭᠡᠷ᠎ᠡ ᠦᠶ᠎ᠡ ᠶᠢᠨ ᠨᠠᠰᠤᠲᠠᠶᠢᠴᠤᠤᠯ ᠠᠴᠠ   ᠪᠠᠨ ᠠᠰᠠᠭᠤᠵᠤ ᠰᠤᠷᠬᠤ ᠳᠤᠷᠠᠲᠠᠢ ᠨᠤᠷᠵᠢᠨ  ᠨᠠᠰᠤᠳᠠᠨ ᠤᠯᠠᠮᠵᠢᠯᠠᠯᠳᠤ ᠮᠤᠤᠮᠢᠩᠭᠠᠨ ᠬᠤᠪᠴᠠᠰᠤ ᠵᠠᠰᠠᠯ ᠢ ᠤᠶᠤᠵᠤ ᠴᠠᠭᠠᠷᠠᠭᠠᠳ2016 ᠤᠨ ᠳᠤ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠪᠤᠳᠠᠠᠰ ᠤᠨ ᠪᠤᠰᠤ  ᠰᠤᠶᠤᠯ ᠤᠨ ᠦᠪ ‍ᠤᠨ‌ᠮᠤᠤᠮᠢᠩᠭᠠᠨ ᠬᠤᠪᠴᠠᠰᠤ ᠵᠠᠰᠠᠯ ᠤᠨ ᠦᠪᠯᠡᠨ ᠵᠠᠯᠭᠠᠮᠵᠢᠯᠠᠭᠴᠢ ᠪᠠᠷ ᠨᠠᠷᠡᠯᠡᠭᠳᠡᠭᠰᠡᠨ ᠪᠠᠶᠢᠨ᠎ᠠ  ᠃      ᠤᠶᠤᠳᠠᠯ ᠤᠶᠤᠭᠰᠠᠨ ᠠᠷᠪᠠᠭᠠᠳ ᠵᠢᠯ ᠤᠨ ᠳᠤᠷᠰᠢ ᠨᠤᠷᠵᠢᠨ ᠨᠠᠰᠤᠳᠠᠨ ᠮᠤᠩᠭᠤᠯ ᠬᠤᠪᠴᠠᠰᠤᠨ ᠤ ᠤᠯᠠᠮᠵᠢᠯᠠᠯᠳᠤ ᠤᠶᠤᠳᠠᠯ   ᠤᠨ ᠠᠷᠭ᠎ᠠ ᠮᠠᠶ᠋ᠢᠭ ᠢᠶᠠᠨ ᠪᠠᠷᠢᠮᠳᠠᠯᠡᠵᠤ᠂ ᠤᠷᠤᠨ ᠤ ᠳᠤᠳᠤᠨ᠎ᠠ ᠭᠠᠳᠠᠨᠠᠬᠢ ᠶᠡᠭᠡ ᠪᠠᠭ᠎ᠠ ᠬᠡᠪᠴᠢᠶᠡᠨ ᠤ ᠤᠯᠠᠨ ᠬᠤᠪᠴᠠᠰᠤ ᠵᠠᠰᠠᠯ ᠤᠨ ᠤᠷᠤᠯᠳᠤᠭᠠᠨ ᠳᠤ ᠤᠷᠤᠯᠴᠠᠨ᠂ ᠵᠢᠱᠢᠶᠡᠯᠡᠬᠦ ᠳᠤ ᠪᠡᠭᠡᠵᠢᠩ ᠤᠨ  ᠮᠤᠩᠭᠤᠯ ᠨᠠᠭᠠᠳᠤᠮ ᠳᠤ ᠦᠪᠡᠷ ᠤᠨ ᠤᠯᠠᠮᠵᠢᠯᠠᠯᠳᠣ ᠬᠤᠪᠴᠠᠰᠤ ᠵᠠᠰᠠᠯ ᠤᠨ ᠦᠵᠡᠭᠦᠯᠤᠯᠭᠡ ᠪᠠᠷ ᠢᠶᠠᠨ ᠲᠡᠷᠢᠭᠦᠨ ᠳᠡᠰ ᠲᠤ ᠳᠣᠳᠣᠷᠠᠵᠤ᠂ ᠨᠠᠶᠢᠮᠠᠨ ᠮᠤᠵᠢ ᠤᠷᠤᠨ ᠤ ᠬᠤᠪᠴᠠᠰᠤ ᠵᠠᠰᠠᠯ ᠤᠨ ᠦᠵᠡᠭᠦᠯᠤᠯᠭᠡ ᠳᠤ ᠪᠠᠰᠠ ᠰᠢᠯᠢᠳᠡᠭ ᠦᠷ᠎ᠡ ᠪᠦᠳᠦᠮᠵᠢ ᠤᠯᠤᠨ᠂ ᠲᠡᠭᠦᠨ ᠤ ᠤᠶᠤᠭᠰᠠᠨ‌ᠮᠤᠤᠮᠢᠩᠭᠠᠨ ᠬᠤᠪᠴᠠᠰᠤ ᠵᠠᠰᠠᠯ ᠤᠳᠤ ᠦᠪᠤᠷ ᠮᠤᠩᠭᠤᠯ ᠤᠨ ᠦᠵᠡᠰᠬᠦᠯᠡᠩ ᠤᠨ ᠤᠷᠳᠤᠨ ᠳᠤ ᠴᠤ ᠡᠯᠭᠦᠭᠡᠰᠤᠲᠠᠢ ᠪᠤᠢ᠃      ᠨᠤᠲᠤᠭ ᠤᠰᠤᠨ ᠤ ᠬᠦᠮᠤᠰ ᠲᠤ ︽ᠨᠤᠷᠵᠢᠨ ᠡᠵᠢ ᠶᠢᠨ ᠮᠤᠩᠭᠤᠯ ᠬᠤᠪᠴᠠᠰᠤᠨ ᠤ ᠤᠶᠤᠳᠠᠯ︾ ᠭᠡᠪᠡᠯ ᠮᠡᠳᠡᠬᠦ ᠦᠭᠡᠢ ᠬᠦᠮᠤᠨ ᠦᠭᠡᠢ ᠮᠦᠷᠲᠡᠭᠡᠨ ᠲᠡᠳᠠᠨ ᠤ ᠬᠢᠨ ᠳᠤ ᠪᠦᠳᠤᠨ ᠵᠢᠯ   ᠢᠶᠠᠷ ᠢᠶᠠᠨ ᠤᠶᠤᠳᠠᠯ ᠤᠨ ᠵᠠᠬᠢᠶᠠᠯᠠᠭ᠎ᠠ ᠳᠠᠰᠤᠷᠠᠳᠠᠭ ᠦᠭᠡᠢ᠃ ᠦᠪᠡᠷ ᠤᠨ ᠮᠡᠳᠡᠵᠤ ᠤᠶᠢᠯᠠᠭᠠᠵᠤ ᠪᠠᠶᠢᠭ᠎ᠠ ᠤᠶᠤᠳᠠᠯ ᠤᠨ ᠮᠡᠳᠡᠯᠭᠡ ᠮᠡᠷᠭᠡᠵᠢᠯ  ᠢᠶᠠᠨ ᠬᠤᠶᠢᠴᠢ ᠦᠶ᠎ᠡ   ᠳᠡᠭᠡᠨ ᠤᠯᠠᠮᠵᠢᠯᠠᠵᠤ ᠦᠭᠬᠦ ᠶᠢ ᠪᠤᠳᠤᠨ ᠨᠤᠷᠵᠢᠨ ᠨᠠᠰᠤᠳᠠᠨ ᠪᠠᠰᠠ ᠶᠠᠮᠠᠷ ᠴᠤ ᠬᠦᠯᠤᠰᠤ ᠬᠠᠷᠠᠮᠵᠢ ᠦᠭᠡᠢ ᠪᠠᠷ ᠭᠠᠷ ᠳᠤᠤᠷ᠎ᠠ ᠪᠠᠨ  ᠱᠠᠪᠢ ᠬᠦᠮᠤᠵᠢᠬᠦᠯᠵᠤ᠂ ᠤᠯᠠᠮᠵᠢᠯᠠᠨ ᠵᠠᠯᠭᠠᠮᠵᠢᠯᠠᠭᠴᠢ ᠶᠢᠨ ᠦᠩᠭᠡ ᠭᠡᠷᠡᠯ ᠢᠶᠠᠨ ᠰᠠᠴᠤᠷᠠᠭᠤᠯᠤᠨ᠂ ᠨᠡᠷ᠎ᠡ ᠨᠢᠳᠡᠷ   ᠢᠶᠠᠨ ᠳᠠᠭᠤᠷᠢᠰᠤᠭᠤᠯᠵᠤ ᠪᠤᠢ᠃       ᠵᠢᠷᠠ ᠶᠢᠨ ᠳᠠᠪᠠᠭ᠎ᠠ ᠦᠩᠭᠡᠷᠡᠵᠤ ᠳᠠᠯᠠ ᠰᠢᠬᠠᠵᠤ ᠪᠠᠶᠢᠭ᠎ᠠ ᠨᠤᠷᠵᠢᠨ ᠨᠠᠰᠤᠳᠠᠨ ᠶᠡᠭᠡ ᠵᠦᠢᠯ ᠢ ᠬᠦᠰᠡᠯ ᠦᠭᠡᠢ ᠦᠪᠡᠷ ᠤᠨ ᠰᠢᠷᠭᠠᠭᠤ ᠠᠵᠢᠯᠯᠠᠭᠰᠠᠨ ᠤ ᠰᠢᠯᠢᠳᠡᠭ ᠦᠷ᠎ᠡ ᠪᠦᠳᠤᠮᠵᠢ ᠪᠠᠷ ᠢᠶᠠᠨ ᠦᠳᠡᠯᠤᠭᠡ ᠨᠠᠰᠤ ᠪᠠᠨ ᠴᠢᠮᠡᠭᠯᠡᠵᠤ᠂ ᠰᠡᠳᠬᠢᠯ ᠳᠡᠨᠢᠭᠦᠨ ᠪᠡᠶ᠎ᠡ ᠳᠡᠩᠭᠡᠯᠡᠭᠦᠨ ᠪᠠᠶᠢᠬᠤ ᠶᠢ ᠵᠤᠷᠢᠨ ᠶᠠᠪᠤᠨ᠎ᠠ᠃
 
ᠢᠷᠡᠯᠲᠡ᠄ ᠳᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠥᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号