ᠲᠡᠯ᠎ᠡ ᠨᠤᠳᠤᠭ ᠤᠨ ᠬᠠᠳᠠᠨ ᠵᠢᠷᠤᠭ
ᠨᠡᠶᠢᠲᠡᠯᠡᠭᠰᠡᠨ ᠴᠠᠭ᠄
2019-09-06
      ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠬᠢᠵᠠᠭᠠᠷ ᠳᠠᠬᠢ ᠴᠠᠭᠠᠬᠤᠪᠤᠭ᠎ᠠ᠂ ᠪᠠᠶ᠋ᠬᠠᠤᠪᠤᠭ᠎ᠠ᠂ ᠮᠠᠨᠳᠤᠯ᠂ ᠰᠢᠨᠡᠪᠤᠯᠠᠭ᠂ ᠪᠠᠶᠠᠨᠵᠢᠷᠤᠭᠡ ᠵᠡᠷᠭᠡ ᠭᠠᠵᠠᠷ ᠤᠨ ᠠᠭᠤᠯᠠ ᠲᠤᠪᠤ ᠶᠢᠨ ᠤᠷᠤᠢ ᠪᠠᠷ ᠪᠤᠯᠳᠠᠶᠢᠵᠦ ᠭᠠᠷᠤᠭᠰᠡᠨ ᠬᠠᠳᠠ ᠠᠰᠬ᠎ᠠ ᠲᠡᠭᠡᠷ᠎ᠡ᠂ ᠴᠦᠴᠡᠲᠡᠨ ᠰᠡᠶᠢᠯᠦᠭᠰᠡᠨ ᠪᠤᠶᠦ ᠱᠦᠷᠭᠦᠭᠡᠨ ᠪᠦᠲᠦᠭᠡᠭᠰᠡᠨ ᠮᠠᠰᠢ ᠤᠯᠠᠨ ᠵᠢᠷᠤᠭ ᠪᠠᠶᠢᠵᠦ᠂ ᠲᠡᠭᠦᠨ  ᠤ ᠤᠯᠠᠩᠬᠢ ᠨᠢ ᠭᠠᠳᠠᠷ ᠲᠡᠯ᠎ᠡ ᠨᠢ ᠲᠡᠭᠰᠢᠭᠡᠨ ᠬᠦᠯᠢᠭᠡᠷ ᠴᠢᠨᠠᠷ ᠨᠢ ᠵᠦᠭᠡᠯᠡᠪᠳᠤᠷ ᠴᠢᠯᠠᠭᠤᠨ ᠲᠡᠭᠡᠷ᠎ᠡ ᠪᠠᠶᠢᠳᠠᠭ᠃ ᠵᠢᠷᠤᠭ ᠪᠦᠷᠢ ᠶᠢᠨ ᠡᠵᠡᠯᠡᠬᠦᠨ ᠨᠢ ᠶᠡᠭᠡᠳᠭᠦ ᠳᠡᠭᠡᠨ 2 ᠲᠡᠭᠰᠢ ᠲᠦᠷᠪᠡᠯᠵᠢᠨ ᠮᠧᠲᠷ᠂ ᠵᠢᠵᠢᠭ ᠨᠢ ᠵᠦᠪᠭᠡᠨ ᠲᠤᠬᠤᠢ ᠬᠢᠷᠢᠲᠠᠢ ᠲᠦᠷᠪᠡᠯᠵᠢᠨ ᠪᠠᠶᠢᠵᠦ᠂ ᠵᠢᠷᠤᠯᠭ᠎ᠠ ᠨᠢ ᠬᠤᠷᠤᠭᠤ ᠬᠢᠷᠢ ᠶᠢᠨ ᠪᠦᠲᠦᠭᠦᠨ ᠨᠠᠷᠢᠨ᠂ ᠰᠡᠶᠢᠯᠦᠭᠰᠡᠨ ᠮᠦᠷ ᠨᠢ ᠨᠠᠯᠢᠶᠠᠳ ᠬᠦᠢᠭᠡᠨ᠂ ᠤᠯᠠᠨ ᠵᠢᠯ ᠤᠨ ᠰᠠᠯᠬᠢᠨ ᠳᠤ ᠢᠳᠡᠭᠳᠡᠵᠦ ᠬᠠᠭᠠᠷᠠᠭᠰᠡᠨ ᠲᠤᠯᠠ ᠤᠳᠤ ᠨᠢᠭᠡᠨᠲᠡ ᠪᠦᠳᠡᠬᠢᠷᠡᠨ ᠲᠤᠳᠤᠷᠬᠠᠢ ᠪᠤᠰᠤ ᠪᠤᠯᠵᠦ᠂ ᠤᠯᠵᠦ ᠢᠯᠡᠷᠡᠭᠦᠯᠬᠦ ᠳᠤ ᠬᠦᠴᠢᠷ ᠲᠠᠢ ᠪᠤᠯᠵᠠᠢ᠃ ᠬᠤᠰᠢᠭᠤᠨ ᠤ ᠲᠡᠦᠭᠡ ᠶᠢᠨ ᠲᠤᠷᠠᠰᠬᠠᠯᠲᠦ ᠵᠦᠢᠯᠡᠰ ᠤᠨ ᠬᠠᠮᠢᠶᠠᠷᠤᠯᠲᠡ ᠶᠢᠨ ᠭᠠᠵᠠᠷ ᠤᠨ ᠨᠡᠶᠢᠲᠡᠮ ᠪᠠᠶᠢᠴᠠᠭᠠᠯᠲᠡ ᠬᠢᠭᠡᠳ ᠬᠤᠯᠪᠤᠬᠳᠠᠯ ᠪᠦᠬᠦᠢ ᠲᠤᠰᠬᠠᠢ ᠮᠡᠷᠭᠡᠵᠢᠯᠲᠡᠨ ᠤ ᠢᠯᠭᠠᠨ ᠲᠠᠨᠢᠵᠦ ᠢᠯᠡᠷᠡᠭᠦᠯᠦᠭᠰᠡᠨ ᠢᠶᠠᠷ ᠬᠤᠰᠢᠭᠤᠨ ᠤ ᠬᠢᠵᠠᠭᠠᠷ ᠲᠤ ᠪᠠᠷᠤᠭ ᠨᠢᠭᠡ ᠮᠢᠩᠭ᠎ᠠ ᠭᠠᠷᠤᠢ ᠵᠢᠷᠤᠭ ᠪᠤᠢ᠃ ᠡᠳᠡᠭᠡᠷ ᠬᠠᠳᠠᠨ ᠵᠢᠷᠤᠭ ᠨᠢ ᠤᠯᠠᠭᠠᠨᠴᠠᠪ ᠤᠨ ᠲᠡᠯ᠎ᠡ ᠨᠤᠳᠤᠭ ᠤᠨ ᠬᠦᠨ ᠳᠤ ᠪᠠᠶᠢᠳᠠᠭ ᠲᠤᠯᠠ ᠮᠤᠨᠠ ᠠᠭᠤᠯᠠ ᠶᠢᠨ ᠬᠠᠳᠠᠨ ᠵᠢᠷᠤᠭ ᠪᠤᠯᠤᠨ ᠪᠤᠷᠤᠳᠤᠬᠤᠢ ᠶᠢᠨ ᠬᠠᠳᠠᠨ ᠵᠢᠷᠤᠭ ᠠᠴᠠ ᠢᠯᠭᠠᠨ ᠰᠠᠯᠭᠠᠬᠤ ᠶᠢᠨ ᠲᠦᠯᠦᠭᠡ᠂ ᠬᠠᠳᠠᠨ ᠵᠢᠷᠤᠭ ᠤᠨ ᠲᠤᠰᠬᠠᠢ ᠮᠡᠷᠭᠡᠵᠢᠯᠲᠡᠨ ᠭᠧ ᠱᠠᠨ ᠯᠢᠨ ᠠᠪᠤᠭᠠᠢ ᠲᠡᠭᠦᠨ ᠳᠤ ︽ᠤᠯᠠᠭᠠᠨᠴᠡᠪ ᠤᠨ ᠲᠡᠯ᠎ᠡ ᠨᠤᠳᠤᠭ ᠤᠨ ᠬᠠᠳᠠᠨ ᠵᠢᠷᠤᠭ︾ ᠬᠡᠰᠡᠨ ᠨᠡᠷ᠎ᠡ ᠲᠤᠬᠳᠠᠭᠠᠵᠦ ᠦᠭᠭᠦᠭᠰᠡᠨ ᠪᠢᠯᠡ᠃      ᠲᠡᠯ᠎ᠡ ᠨᠤᠳᠤᠭ ᠤᠨ ᠬᠠᠳᠠᠨ ᠵᠢᠷᠤᠭ ᠪᠤᠯ ᠬᠡᠳᠤᠨ ᠮᠢᠩᠭᠠᠨ ᠵᠢᠯ ᠤᠨ ᠲᠡᠦᠭᠡ ᠶᠢᠨ ᠤᠷᠲᠦ ᠤᠷᠤᠰᠬᠠᠯ ᠲᠤᠮᠲᠡ ᠵᠠᠯᠭᠠᠭ᠎ᠠ ᠪᠠᠷ ᠰᠡᠶᠢᠯᠦᠭᠲᠡᠨ ᠪᠦᠲᠦᠭᠰᠡᠨ ᠶᠤᠮ᠃ ᠲᠡᠭᠦᠨ ᠳᠤ ᠬᠦᠷᠡᠯ ᠵᠡᠪᠰᠡᠩ ᠤᠨ ᠴᠠᠭ ᠦᠶ᠎ᠡ ᠠᠴᠠ ᠡᠷᠲᠡᠨ ᠤ ᠬᠤᠭᠤᠴᠠᠭᠠᠨ ᠤ ᠲᠠᠮᠦᠷ ᠵᠡᠪᠰᠡᠭ ᠤᠨ ᠴᠠᠭ ᠦᠶ᠎ᠡ ᠶᠢᠨ ᠪᠦᠲᠦᠭᠡᠯ ᠪᠠᠭᠳᠠᠬᠳᠠᠨ᠎ᠡ᠃ ᠡᠨᠡ ᠴᠠᠭ ᠬᠤᠭᠤᠴᠠᠭ᠎ᠠ ᠪᠤᠯ ᠲᠡᠯ᠎ᠡ ᠨᠤᠳᠤᠭ ᠤᠨ ᠬᠠᠳᠠᠨ ᠵᠢᠷᠤᠭ ᠤᠨ ᠴᠡᠴᠡᠭᠯᠡᠨ ᠬᠦᠭᠵᠢᠭᠰᠡᠨ ᠴᠠᠭ ᠦᠶ᠎ᠡ ᠶᠤᠮ᠃ ᠪᠠᠰᠡ ᠰᠦᠢ ᠲᠠᠩ ᠤᠨ ᠦᠶ᠎ᠡ ᠶᠢᠨ ᠲᠦᠷᠦᠭ ᠬᠦᠮᠦᠨ ᠤ ᠪᠦᠲᠦᠭᠡᠯ ᠬᠢᠭᠡᠳ ᠶᠤᠸᠠᠨ ᠤᠯᠤᠰ ᠤᠨ ᠦᠶ᠎ᠡ ᠶᠢᠨ ᠵᠢᠴᠢ ᠲᠡᠭᠦᠨ ᠠᠴᠠ ᠬᠤᠶᠢᠰᠢᠬᠢ ᠮᠤᠩᠭᠤᠯ ᠬᠢᠲᠡᠳ ᠦᠨᠳᠦᠰᠦᠲᠡᠨ ᠤ ᠪᠦᠲᠦᠭᠡᠭᠰᠡᠨ ᠬᠠᠳᠠᠨ ᠵᠢᠷᠤᠭ ᠪᠤᠢ᠃ ᠬᠠᠳᠠᠨ ᠵᠢᠷᠤᠭ ᠤᠨ ᠠᠭᠤᠯᠭ᠎ᠠ ᠪᠠᠶᠠᠯᠢᠭ᠂ ᠲᠡᠭᠷᠢ ᠶᠢᠨ ᠡᠷᠭᠡᠰ ᠤᠨ ᠲᠦᠷᠢ ᠳᠤ ᠨᠠᠷᠡ᠂ ᠰᠠᠷᠡ᠂ ᠤᠳᠤᠨ ᠮᠡᠴᠢᠳ᠂ ᠨᠢᠰᠦᠭᠴᠢ ᠪᠤᠳᠠᠰ ᠪᠤᠢ︔ ᠬᠡᠬᠡᠷ᠎ᠡ ᠶᠢᠨ ᠠᠮᠢᠳᠡᠳ ᠲᠤ ᠴᠢᠨ᠋ᠸ᠎ᠠ᠂ ᠪᠠᠷᠰ᠂ ᠢᠷᠪᠢᠰ᠂ ᠪᠤᠭᠤ᠂ ᠵᠡᠭᠡᠷ᠎ᠡ᠂ ᠪᠦᠷᠭᠦᠳ᠂ ᠰᠢᠪᠠᠭᠤ ᠵᠡᠷᠭᠡ ᠪᠤᠢ︔ ᠭᠡᠷ ᠤᠨ ᠲᠡᠵᠢᠭᠡᠪᠦᠷᠢ ᠳᠤ ᠦᠭᠡᠷ᠂ ᠮᠤᠷᠢ᠂ ᠬᠤᠨᠢ᠂ ᠢᠮᠠᠭ᠎ᠠ᠂ ᠲᠡᠮᠡᠭᠡ ᠬᠢᠭᠡᠳ ᠬᠦᠯ ᠤᠨ ᠮᠦᠷ ᠨᠢ ᠪᠤᠢ︔ ᠦᠢᠯᠡᠳᠪᠦᠷᠢᠯᠡᠯ ᠤᠨ ᠪᠠᠭᠠᠵᠢ ᠳᠤ ᠨᠤᠮᠤ᠂ ᠰᠤᠮᠤ᠂ ᠲᠡᠷᠭᠡ ᠵᠡᠷᠭᠡ ᠪᠤᠢ᠃ ᠪᠠᠰᠡ ᠬᠦᠮᠦᠨ ᠤ ᠲᠦᠷᠢ ᠲᠦᠷᠬᠦ᠂ ᠬᠦᠮᠦᠰ  ᠤᠨ ᠬᠦᠲᠡᠯᠭᠡᠭᠡᠨ ᠤ ᠲᠠᠯᠠᠪᠦᠷ ᠬᠢᠭᠡᠳ ᠡᠯ᠎ᠡ ᠵᠦᠢᠯ ᠤᠨ ᠦᠰᠦᠭ᠂ ᠲᠡᠮᠲᠡᠭ᠂ ᠲᠤᠲ᠋ᠧᠮ ᠤᠨ ᠵᠢᠷᠤᠭ ᠵᠡᠷᠭᠡ ᠪᠤᠢ᠃ ᠡᠲᠡᠭᠡᠷ ᠬᠠᠳᠠᠨ ᠵᠢᠷᠤᠭ ᠤᠨ ᠰᠡᠳᠬᠢᠮᠵᠢ ᠤᠷᠠᠨ ᠰᠠᠶᠢᠬᠠᠨ᠂ ᠰᠡᠳᠤᠪᠯᠡᠭᠦᠨ ᠤᠯᠠᠨ ᠶᠠᠩᠵᠦ ᠪᠠᠶᠢᠳᠠᠭ᠃ ᠢᠯᠡᠷᠡᠭᠦᠯᠬᠦ ᠬᠡᠪ ᠨᠡᠮᠪᠡ ᠠᠴᠠ ᠨᠢ ᠦᠵᠡᠬᠦ ᠳᠤ ᠭᠠᠭᠴᠠ ᠬᠦᠮᠦᠨ ᠪᠤᠢ᠂ ᠠᠮᠢᠲᠡᠨ ᠤ ᠵᠢᠷᠤᠭ ᠪᠤᠢ᠂ ᠪᠠᠰᠡ ᠬᠠᠮᠲᠦ ᠪᠦᠯᠦᠭ ᠤᠨ ᠬᠦᠲᠡᠯᠭᠡᠭᠡᠨ ᠤ ᠲᠠᠯᠠᠪᠦᠷ ᠪᠤᠢ᠂ ᠪᠤᠳᠠᠳᠦ ᠪᠠᠶᠢᠳᠡᠯ ᠢ ᠲᠦᠷᠰᠦᠯᠡᠭᠰᠡᠨ ᠴᠢᠨᠠᠷᠲᠠᠢ ᠪᠠᠶᠢᠭ᠎ᠠ ᠪᠦᠭᠡᠳ ᠤᠳᠬᠠᠴᠢᠯᠠᠨ ᠵᠢᠷᠤᠬᠤ ᠴᠢᠨᠠᠷᠲᠠᠢ ᠴᠦ ᠪᠤᠢ᠃ ᠲᠡᠲᠡᠭᠡᠷ ᠵᠢᠷᠤᠭ ᠤᠳ ᠲᠤ ᠬᠦᠲᠡᠯᠦᠯ ᠬᠢᠭᠡᠳ ᠨᠠᠮᠵᠢᠭᠤᠨ ᠪᠠᠶᠢᠲᠡᠯ ᠢ ᠤᠶᠠᠯᠳᠤᠭᠤᠯᠤᠨ᠂ ᠬᠤᠯᠠ ᠤᠶᠢᠷ᠎ᠡ ᠶᠢᠨ ᠵᠠᠢ ᠶᠢ ᠲᠠᠭᠠᠷᠠᠭᠤᠯᠵᠦ᠂ ᠲᠦᠷᠢ ᠲᠦᠷᠬᠦ ᠨᠢ ᠠᠮᠢᠳᠤᠯᠢᠭ ᠮᠦᠷᠲᠡᠭᠡᠨ ᠦᠨᠡᠮᠰᠢᠮᠠᠷ ᠪᠠᠶᠢᠵᠦ᠂ ᠲᠡᠯ᠎ᠡ ᠨᠤᠳᠤᠭ ᠤᠨ ᠮᠠᠯᠵᠢᠯ ᠠᠩᠨᠠᠯ ᠤᠨ ᠦᠨᠳᠦᠰᠦᠲᠡᠨ ᠤ ᠠᠮᠢᠳᠤᠷᠡᠯ ᠤᠨ ᠦᠨᠡᠨ ᠪᠤᠳᠠᠳᠠᠢ ᠵᠢᠷᠤᠬᠯᠠᠯ ᠮᠦᠨ᠃      ᠲᠡᠯ᠎ᠡ ᠨᠤᠳᠤᠭ ᠤᠨ ᠬᠠᠳᠠᠨ ᠵᠢᠷᠤᠭ ᠤᠨ ᠵᠤᠬᠢᠶᠠᠨ ᠪᠦᠲᠦᠭᠡᠭᠰᠡᠨ ᠤᠨ ᠵᠢᠯ᠂ ᠬᠡᠷᠡᠭᠯᠡᠭᠰᠡᠨ ᠪᠠᠭᠠᠵᠢ᠂ ᠵᠤᠬᠢᠶᠠᠬᠴᠢ ᠶᠢᠨ ᠲᠤᠬᠠᠢ ᠵᠦᠢᠯ ᠵᠦᠢᠯ ᠤᠨ ᠶᠠᠷᠢᠶ᠎ᠡ ᠬᠡᠯᠡᠯᠭᠡ ᠪᠠᠶᠢᠳᠠᠭ ᠶᠤᠮ᠃ ᠬᠠᠳᠠᠨ ᠵᠢᠷᠤᠭ ᠤᠨ ᠠᠭᠤᠯᠭ᠎ᠠ ᠪᠤᠯᠤᠨ ᠰᠠᠯᠬᠢᠨ ᠳᠤ ᠢᠲᠡᠭᠲᠡᠵᠦ ᠬᠠᠭᠠᠷᠠᠭᠰᠡᠨ ᠪᠠᠶᠢᠲᠡᠯ ᠤᠨ ᠵᠠᠳᠠᠯᠦᠯᠲᠡ ᠶᠢ ᠦᠨᠳᠦᠰᠦᠯᠡᠵᠦ᠂ ᠪᠤᠰᠤᠳ ᠭᠠᠵᠠᠷ ᠤᠷᠤᠨ ᠤ ᠬᠠᠳᠠᠨ ᠵᠢᠷᠤᠭ ᠪᠤᠯᠤᠨ ᠲᠡᠦᠭᠡ ᠶᠢᠨ ᠲᠤᠷᠠᠰᠬᠠᠯᠲᠦ ᠵᠦᠢᠯ ᠲᠠᠢ ᠬᠠᠷᠢᠴᠠᠭᠤᠯᠪᠡᠯ᠂ ᠡᠲᠡᠭᠡᠷ ᠬᠠᠳᠠᠨ ᠵᠢᠷᠤᠭ ᠪᠤᠯ ᠬᠡᠳᠦᠨ ᠮᠢᠩᠭᠠᠨ ᠵᠢᠯ ᠠᠴᠠ ᠭᠡᠲᠦᠨ ᠵᠠᠭᠤᠨ ᠵᠢᠯ ᠤᠨ ᠡᠮᠦᠨ᠎ᠡ ᠬᠦᠷᠲᠡᠯ᠎ᠡ ᠤᠷᠢᠳᠤᠬᠢ ᠬᠦᠮᠦᠰ ᠮᠠᠯ ᠮᠠᠯᠵᠢᠯ᠂ ᠠᠪᠠ ᠠᠩᠨᠠᠯ ᠤᠨ ᠠᠵᠢᠯᠯᠠᠭᠠᠨ ᠤ ᠲᠤᠮᠲᠡ ᠪᠠᠨ ᠲᠠᠰᠤᠷᠠᠯᠲᠡ ᠦᠭᠡᠢ ᠵᠤᠬᠢᠶᠠᠨ ᠪᠦᠲᠦᠭᠡᠭᠡᠳ ᠪᠤᠢ ᠪᠤᠯᠭᠠᠭᠰᠡᠨ ᠢ ᠲᠤᠳᠤᠯᠠᠵᠦ ᠪᠤᠯᠤᠨ᠎ᠡ᠃ ᠬᠡᠷᠡᠭᠯᠡᠭᠰᠡᠨ ᠪᠠᠭᠠᠵᠢ ᠨᠢ ᠡᠩ ᠤᠨ ᠪᠠᠶᠢᠲᠡᠯ ᠳᠤ ᠰᠢᠨ᠎ᠡ ᠴᠢᠯᠠᠭᠤᠨ ᠵᠡᠪᠰᠡᠭ᠂ ᠬᠦᠷᠡᠯ ᠡᠳ᠋ ᠪᠤᠯᠤᠨ ᠲᠠᠮᠦᠷ ᠡᠳ᠋ ᠪᠠᠶᠢᠵᠠᠢ᠃ ᠵᠤᠬᠢᠶᠠᠬᠴᠢᠳ ᠤᠨ ᠤᠯᠠᠩᠬᠢ ᠨᠢ ᠲᠡᠯ᠎ᠡ ᠨᠤᠳᠤᠭ ᠤᠨ ᠨᠡᠭᠦᠳᠡᠯᠴᠢᠨ ᠠᠶᠢᠮᠠᠭ ᠪᠦᠯᠦᠭ ᠤᠨ ᠠᠬᠠᠯᠠᠬᠴᠢ᠂ ᠵᠢᠷᠤᠭᠠᠴᠢ᠂ ᠪᠦᠭᠡ᠂ ᠯᠠᠶᠢᠴᠢᠩ᠂ ᠲᠠᠷᠬᠠᠨ᠂ ᠯᠠᠮᠠ ᠵᠡᠷᠭᠡ ᠪᠤᠯᠤᠨ᠎ᠡ᠃      ᠡᠲᠡᠭᠡᠷ ᠬᠠᠳᠠᠨ ᠵᠢᠷᠤᠭ ᠲᠡᠯᠡᠭᠡᠢ ᠳᠤ ᠠᠯᠳᠠᠷᠰᠢᠬᠰᠡᠨ ᠮᠤᠨᠠ ᠠᠭᠤᠯᠠ ᠶᠢᠨ ᠬᠠᠳᠠᠨ ᠵᠢᠷᠤᠭ ᠤᠨ ᠴᠢᠬᠤᠯᠠ ᠪᠦᠷᠢᠯᠳᠦᠭᠦᠨ ᠬᠡᠰᠡᠭ ᠪᠤᠯᠤᠭᠰᠡᠨ ᠤ ᠬᠤᠪᠢ ᠳᠤ᠂ ᠶᠢᠷᠳᠢᠨᠴᠦ ᠶᠢᠨ ᠬᠦᠮᠦᠰ ᠲᠤ ᠲᠡᠭᠦᠨ ᠤ ᠲᠡᠷᠡ ᠬᠦ ᠰᠤᠨᠢᠨ ᠭᠠᠶᠢᠬᠠᠯᠲᠠᠢ ᠦᠩᠭᠡᠷᠡᠭᠰᠡᠨ ᠤ ᠲᠡᠦᠭᠡ ᠶᠢ ᠲᠡᠯᠭᠡᠨ ᠦᠵᠡᠭᠦᠯᠵᠦ ᠪᠠᠶᠢᠭ᠎ᠠ ᠶᠤᠮ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号