ᠲᠡᠦᠭᠡ ᠶᠢᠨ ᠤᠯᠠᠷᠢᠯ ᠬᠤᠪᠢᠰᠤᠯᠲᠡ
ᠨᠡᠶᠢᠲᠡᠯᠡᠭᠰᠡᠨ ᠴᠠᠭ᠄
2018-03-21
     ᠨᠢᠭᠡᠳᠦᠭᠡᠷ ᠪᠦᠯᠦᠭ᠄ ᠤᠯᠠᠷᠢᠯ ᠬᠤᠪᠢᠰᠤᠯᠲᠡ      ᠨᠢᠭᠡᠳᠦᠭᠡᠷ ᠬᠡᠰᠡᠭ᠄ ᠴᠢᠩ ᠤᠯᠤᠰ ᠠᠴᠠ ᠡᠮᠦᠨᠡᠬᠢ ᠦᠶ᠎ᠡ ᠶᠢᠨ ᠵᠠᠰᠠᠭ ᠤᠨ ᠭᠠᠵᠠᠷ        ᠡᠷᠲᠡᠨ ᠤ ᠬᠦᠷᠡᠯ ᠵᠠᠪᠰᠡᠭ ᠤᠨ ᠦᠶ᠎ᠡ ᠳᠤ᠂ ᠲᠤᠰ ᠬᠤᠰᠢᠭᠤᠨ ᠤ ᠬᠠᠷᠢᠶᠠᠨ ᠳᠤ ᠬᠦᠮᠦᠨ ᠲᠦᠷᠦᠯᠬᠢᠲᠡᠨ ᠤᠯᠡ ᠮᠦᠷ ᠢᠶᠠᠨ ᠦᠯᠡᠳᠡᠭᠡᠭᠰᠡᠨ ᠪᠠᠶᠢᠨ᠎ᠡ᠃ ᠬᠡᠲᠦᠨ ᠮᠢᠩᠭᠠᠨ ᠵᠢᠯ ᠤᠨ ᠡᠮᠦᠨ᠎ᠡ᠂ ᠬᠠᠨᠠᠭᠠᠷ ᠶᠡᠭᠡ ᠲᠠᠷᠬᠠᠨ ᠮᠤᠤᠮᠢᠩᠭᠠᠨ ᠤ ᠲᠠᠯ᠎ᠡ ᠨᠤᠲᠤᠭ ᠨᠢ ᠤᠮᠠᠷᠡᠲᠦ ᠶᠢᠨ ᠠᠩ ᠭᠦᠷᠦᠭᠡ ᠬᠢᠲᠡᠭ ᠦᠨᠳᠦᠰᠦᠲᠡᠨ ᠤ ᠤᠷᠤᠰᠢᠨ ᠠᠮᠢᠳᠦᠷᠠᠵᠦ ᠪᠠᠶᠢᠭᠰᠠᠨ ᠭᠠᠵᠠᠷ ᠪᠤᠯᠤᠨ᠎ᠡ᠃ ᠡᠭᠦᠨ ᠢ ᠳᠤᠮᠳᠠᠳᠤ ᠭᠠᠳᠠᠭᠠᠲᠦ ᠳᠤ ᠠᠯᠲᠡᠷᠰᠢᠬᠰᠠᠨ ᠤᠯᠠᠭᠠᠨᠴᠠᠪ ᠤᠨ ᠲᠠᠯ᠎ᠡ ᠨᠤᠲᠤᠭ ᠤᠨ ᠬᠠᠲᠡᠨ ᠵᠢᠷᠤᠭ ᠭᠦᠢᠴᠡᠳ ᠬᠡᠷᠡᠴᠢᠯᠡᠵᠦ ᠴᠢᠳᠠᠨ᠎ᠡ᠃      ᠴᠦᠨ ᠴᠢᠤ ᠪᠠᠶᠢᠯᠳᠤᠭᠠᠨᠲᠤ ᠤᠯᠤᠰ ᠤᠨ ᠦᠶ᠎ᠡ ᠳᠤ᠂ ᠲᠠᠷᠬᠠᠨ ᠮᠤᠤᠮᠢᠩᠭᠠᠨ ᠬᠤᠯᠪᠤᠭᠠᠲᠤ ᠬᠤᠰᠢᠭᠤ ᠨᠢ ᠯᠢᠨ ᠬᠤ᠋᠂ ᠯᠧᠦ ᠹᠠᠨ ᠳᠤ ᠬᠠᠷᠢᠶᠠᠯᠠᠭᠳᠠᠵᠤ ᠪᠠᠶᠢᠪᠠ᠃ ᠴᠢᠨ᠂ ᠬᠠᠨ ᠤᠯᠤᠰ ᠤᠨ ᠦᠶ᠎ᠡ ᠳᠤ ᠵᠢᠦ ᠶᠤᠸᠠᠨ ᠵᠢᠶᠦ᠋ᠨ ᠤ ᠤᠮᠠᠷᠠᠲᠦ ᠬᠢᠯᠢ ᠳᠤ ᠬᠠᠷᠢᠶᠠᠯᠠᠭᠳᠡᠵᠦ᠂ ᠾᠦᠩᠨᠤᠴᠤᠳ ᠤᠨ ᠨᠡᠭᠦᠳᠡᠯᠯᠡᠨ ᠮᠠᠯᠵᠢᠳᠠᠭ ᠭᠠᠵᠠᠷ ᠪᠠᠶᠢᠵᠠᠢ᠃ ᠭᠤᠷᠪᠠᠨ ᠤᠯᠤᠰ᠂ ᠬᠤᠶᠠᠷ ᠶᠢᠨ ᠤ ᠦᠶ᠎ᠡ ᠳᠤ᠂ ᠬᠤᠸᠠᠶᠢᠱᠦ᠋ᠸᠧ ᠪᠠᠯᠭᠠᠰᠦᠨ ᠳᠤ ᠬᠠᠷᠢᠶᠠᠯᠠᠭᠳᠠᠵᠤ᠂ ᠰᠢᠶᠠᠨᠪᠢ ᠦᠨᠳᠦᠰᠦᠲᠡᠨ  ᠤ ᠨᠤᠳᠤᠭᠯᠠᠭᠰᠡᠨ ᠭᠠᠵᠠᠷ ᠪᠤᠯᠤᠨ᠎ᠡ᠃ ᠰᠦᠢ ᠤᠯᠤᠰ᠂ ᠲᠠᠩ ᠤᠯᠤᠰ ᠤᠨ ᠦᠶ᠎ᠡ ᠳᠤ ᠬᠦᠷᠦᠭᠡᠳ᠂ ᠵᠡᠭᠦᠨ ᠲᠦᠷᠺ ᠦᠨᠳᠦᠰᠦᠳᠡᠨ ᠤ ᠭᠠᠵᠠᠷ ᠨᠤᠲᠤᠭ ᠪᠤᠯᠵᠦ᠂ ᠲᠡᠪᠦᠨ ᠲᠦᠷᠦ ᠶᠢᠨ ᠦᠶ᠎ᠡ ᠳᠤ ᠲᠠᠲ᠋ᠡᠷ ᠠᠶᠢᠮᠠᠭ ᠤᠨ ᠬᠠᠷᠢᠶᠠᠨ ᠭᠠᠵᠠᠷ ᠪᠤᠯᠵᠠᠢ᠃ ᠯᠢᠶᠤᠤ ᠤᠯᠤᠰ ᠤᠨ ᠦᠶ᠎ᠡ ᠳᠤ ᠰᠢ ᠵᠢᠩ ᠳ᠋ᠤᠤ ᠵᠠᠮ ᠤᠨ ᠳ᠋ᠦᠩᠱᠧᠩ ᠵᠧᠦ᠂ ᠹᠧᠩ ᠵᠧᠦ ᠶᠢᠨ ᠤᠮᠠᠷᠠᠲᠤ ᠬᠢᠵᠠᠭᠠᠷ ᠤᠷᠤᠨ ᠨᠢ ᠪᠤᠯᠵᠦ᠂ ᠠᠯᠳᠠᠨ ᠤᠯᠤᠰ ᠤᠨ ᠦᠶ᠎ᠡ ᠳᠤ ᠬᠦᠷᠦᠭᠡᠳ᠂ ᠰᠢ ᠵᠢᠩ ᠵᠠᠮ ᠤᠨ ᠵᠢᠩ ᠵᠧᠦ ᠳᠤ ᠬᠠᠷᠢᠶᠠᠯᠠᠭᠳᠠᠪᠡ᠃ ᠳ᠋ᠠ ᠳ᠋ᠢᠩ ᠤᠨ ᠠᠷᠪᠡᠨ ᠨᠡᠢᠮᠠᠳᠤᠭᠠᠷ ᠤᠨ ︵ᠤᠨ ᠲᠤᠭᠠᠯᠠᠯ ᠤᠨ 1178 ᠤᠨ︶ ᠳᠤ᠂ ᠵᠢᠩ ᠵᠧᠦ  ᠶᠢᠨ ᠲᠢᠶᠠᠨ ᠱᠠᠨ ᠰᠢᠶᠠᠨ ᠳᠤ ᠪᠠᠶᠢᠷᠢᠯᠠᠵᠦ᠂ ᠤᠳᠤᠬᠢ ᠬᠤᠰᠢᠭᠤᠨ ᠤ ᠬᠠᠷᠢᠶᠠᠨ ᠳᠤ ᠤᠷᠤᠰᠢᠨ᠎ᠡ᠃ ᠮᠢᠩ ᠴᠠᠩ ᠤᠨ ᠲᠡᠷᠢᠭᠦᠨ ᠤᠨ ︵ᠤᠨ ᠲᠤᠭᠠᠯᠠᠯ ᠤᠨ 1190 ᠤᠨ︶ ᠳᠤ᠂ ᠠᠯᠲᠡᠨ ᠤᠯᠤᠰ ᠤᠨ ᠰᠠᠶᠢᠳ ᠲᠦᠰᠢᠮᠡᠯ ᠽᠦᠩ ᠬᠤᠤ᠂ ᠳ᠋ᠦ᠋ ᠵᠢᠢ ᠰᠧ ᠵᠦᠩ ᠰᠡᠷᠭᠡᠶᠢᠯᠠᠯᠲᠡ ᠶᠢᠨ ᠬᠡᠷᠡᠮ ︵ᠪᠠᠰᠡ ᠠᠯᠲᠡᠨ ᠤᠯᠤᠰ ᠤᠨ ᠤᠷᠲᠦ ᠬᠡᠷᠡᠮ᠂ ᠬᠢᠯᠢ ᠶᠢᠨ ᠬᠡᠷᠡᠮ ᠭᠡᠳᠡᠭ︶ ᠢ ᠭᠤᠤᠯ ᠬᠠᠷᠢᠭᠤᠴᠠᠨ ᠪᠠᠶᠢᠭᠤᠯᠪᠡ᠃ ᠤᠳᠤ ᠬᠤᠰᠢᠭᠤᠨ ᠤ ᠬᠠᠷᠢᠶᠠᠨ ᠳᠠᠬᠢ ᠬᠦᠨᠲᠠᠢ ᠲᠠᠯ᠎ᠡ᠂ ᠡᠷᠳᠡᠨᠢᠡᠤᠪᠤᠭ᠎ᠠ ᠵᠠᠷᠭᠡ ᠭᠠᠵᠠᠷ ᠲᠤ ᠪᠦᠷ ᠠᠯᠲᠡᠨ ᠤᠯᠤᠰ ᠤᠨ ᠰᠡᠷᠭᠡᠶᠢᠯᠡᠯᠲᠡ ᠶᠢᠨ ᠬᠡᠷᠡᠮ ᠤᠨ ᠦᠯᠡᠳᠡᠭᠳᠡᠯ ᠪᠠᠶᠢᠨ᠎ᠡ᠃ ᠠᠯᠲᠡᠨ ᠤᠯᠤᠰ ᠤᠨ ᠵᠠᠩᠽᠦ᠋ᠩ ᠬᠠᠭᠠᠨ ᠤ ᠦᠶ᠎ᠡ ᠳᠤ᠂ ᠮᠤᠨᠢ ᠠᠭᠤᠯᠡ ᠶᠢᠨ ᠬᠤᠶᠢᠨ᠎ᠡ ᠪᠡᠶ᠎ᠡ ᠳᠤ ᠲᠠᠷᠬᠠᠨ ᠰᠠᠭᠤᠷᠢᠰᠢᠵᠦ ᠪᠠᠶᠢᠭᠰᠡᠨ ᠤᠩᠭᠤᠳ ᠠᠶᠢᠮᠠᠭ ︵ᠪᠠᠢ ᠳ᠋ᠠ ᠳ᠋ᠠ ᠭᠡᠵᠦ ᠴᠦ ᠲᠡᠭᠤᠲᠠᠲᠠᠭ︶ ᠠᠯᠲᠡᠨ ᠤᠯᠤᠰ  ᠲᠤ ᠵᠢᠩ ᠵᠧᠦ ᠠᠴᠠ ᠤᠮᠠᠷᠠᠰᠢ ᠭᠠᠵᠠᠷ ᠨᠤᠲᠤᠭ ᠢ ᠨᠢ ᠰᠠᠬᠢᠨ ᠬᠠᠮᠠᠭᠠᠯᠠᠵᠦ ᠪᠠᠶᠢᠵᠠᠢ᠃            ᠠᠯᠲᠡᠨ ᠤᠯᠤᠰ ᠤᠨ ᠲᠠᠢ ᠾᠧ ᠶᠢᠨ ᠲᠦᠷᠪᠡᠳᠦᠭᠡᠷ ᠤᠨ ︵ᠤᠨ ᠲᠤᠭᠠᠯᠠᠯ ᠤᠨ 1204 ᠤᠨ︶ ᠤ ᠵᠤᠨ ᠨᠠᠮᠦᠷ ᠤᠨ ᠦᠶ᠎ᠡ ᠳᠤ᠂ ᠲᠡᠮᠦᠵᠢᠨ ᠪᠡᠶ᠎ᠡ ᠪᠠᠷ ᠢᠶᠠᠨ ᠮᠤᠩᠭᠤᠯ ᠤᠨ ᠶᠡᠭᠡ ᠴᠡᠷᠢᠭ ᠢᠶᠠᠨ ᠳᠠᠭᠠᠭᠤᠯᠤᠨ᠂ ᠪᠠᠷᠠᠭᠤᠨ ᠬᠤᠶᠢᠲᠦ ᠶᠢᠨ ᠨᠠᠢᠮᠡᠨ ᠠᠶᠢᠮᠠᠭ ᠤᠨ ᠨᠤᠲᠤᠭ ᠲᠡᠪᠢᠰᠭᠡᠷ ᠤᠷᠤᠭᠤ ᠰᠢᠭᠤᠳ ᠲᠠᠭᠠᠷᠢᠯᠲᠡ ᠬᠢᠵᠦ᠂ ᠪᠦᠬᠦ ᠮᠤᠩᠭᠤᠯ  ᠢᠶᠠᠨ ᠨᠢᠭᠡᠳᠭᠡᠬᠦ ᠤᠯᠡᠨ ᠲᠠᠶᠢᠯᠠᠯᠳᠤᠭᠠᠨ ᠤ ᠵᠠᠩᠭᠢᠯᠭ᠎ᠠ ᠶᠢᠨ ᠨᠢᠭᠡ ᠨᠢ ᠪᠤᠯᠬᠤ— ︽ᠨᠠᠬᠤ ᠬᠤᠨ ᠤ ᠬᠠᠳᠬᠤᠯᠳᠤᠭᠠᠨ︾ ᠢ ᠡᠬᠢᠯᠡᠭᠦᠯᠵᠦ᠂ ᠱᠠᠯᠠᠮᠠᠭᠠᠢ ᠮᠦᠷᠲᠡᠭᠡᠨ ᠬᠤᠪᠢᠰᠤᠩᠭᠤᠢ ᠬᠦᠳᠡᠯᠭᠡᠭᠡᠨᠲᠦ ᠳᠠᠶᠢᠨ ᠢᠶᠠᠷ ᠲᠠᠮᠵᠢᠨ᠂ ᠲᠤᠯᠤᠯᠲᠤᠭᠠᠨ ᠤ ᠲᠡᠭᠦᠰ ᠠᠮᠵᠢᠯᠲᠡ ᠢ ᠤᠯᠪᠡ᠃ ᠠᠯᠲᠡᠨ ᠤᠯᠤᠰ ᠤᠨ ᠬᠢᠯᠢ ᠶᠢ ᠰᠠᠬᠢᠵᠦ ᠪᠠᠶᠢᠭᠰᠡᠨ ᠤᠩᠭᠤᠳ ᠠᠶᠢᠮᠠᠭ ᠤᠨ ᠲᠦᠷᠦᠭᠦᠤ ᠠᠯᠬᠤᠱ ᠲᠢᠬᠢᠳᠬᠤᠷᠢ ︵ᠠᠯᠬᠤᠰᠢ ᠲᠢᠭᠢᠳ︶ ᠲᠤᠰ ᠠᠶᠢᠮᠠᠭ ᠤᠨ ᠢᠶᠠᠨ ᠴᠡᠷᠢᠭ ᠮᠤᠷᠢ  ᠪᠠᠨ ᠳᠠᠭᠠᠭᠤᠯᠤᠨ᠂ ᠨᠠᠢᠮᠡᠨ ᠠᠶᠢᠮᠠᠭ ᠢ ᠲᠠᠶᠢᠯᠠᠬᠤ ᠲᠤᠯᠤᠯᠳᠤᠭᠠᠨ ᠳᠤ ᠢᠳᠡᠪᠬᠢᠯᠡᠨ ᠤᠷᠤᠯᠴᠠᠵᠦ᠂ ᠴᠢᠩᠬᠢᠰ ᠬᠠᠭᠠᠨ  ᠤ ᠴᠡᠷᠢᠭ ᠤᠨᠤᠭ᠎ᠠ ᠳᠤ ᠠᠮᠦ ᠬᠦᠨᠡᠰᠦ ᠬᠠᠩᠭᠠᠵᠦ᠂ ᠵᠠᠮᠴᠢ ᠪᠤᠯᠵᠦ᠂ ᠦᠯᠡᠮᠵᠢ ᠤᠯᠡᠨ ᠲᠠᠶᠢᠨ ᠤ ᠭᠠᠪᠢᠶ᠎ᠡ ᠪᠠᠶᠢᠭᠤᠯᠪᠡ᠃ ᠮᠤᠩᠭᠤᠯ ᠬᠠᠭᠠᠨᠲᠦ ᠤᠯᠤᠰ ᠪᠠᠶᠢᠭᠤᠯᠤᠭᠳᠠᠭᠰᠡᠨ ᠤ ᠲᠠᠷᠠᠭ᠎ᠠ᠂ ᠴᠢᠩᠬᠢᠰ ᠬᠠᠭᠠᠨ ᠠᠯᠬᠤᠱ ᠲᠢᠬᠢᠳᠬᠤᠷᠢ ︵ᠠᠯᠬᠤᠰᠢ ᠲᠢᠭᠢᠳ︶ ᠶᠢ 88 ᠭᠠᠪᠢᠶᠠᠲᠦ ᠲᠦᠰᠢᠮᠡᠳ ᠤᠨ ᠨᠢᠭᠡ ᠪᠠᠨ ᠪᠤᠯᠭᠠᠵᠦ᠂ ᠲᠠᠪᠤᠨ ᠮᠢᠩᠭᠠᠨ ᠡᠷᠦᠭᠡ ᠶᠢᠨ ᠴᠤᠯᠡ ᠡᠷᠭᠦᠮᠵᠢᠯᠡᠵᠦ᠂ ᠤᠩᠭᠤᠳ ᠠᠶᠢᠮᠠᠭ ᠢᠶᠠᠨ ᠦᠷᠬᠦᠯᠵᠢᠯᠡᠨ ᠨᠤᠶᠠᠷᠬᠠᠬᠤ ᠶᠢ ᠵᠦᠪᠰᠢᠶᠠᠷᠡᠪᠡ᠃ ᠠᠯᠲᠡᠨ ᠤᠯᠤᠰ ᠤᠨ ᠲᠠᠢ ᠾᠧ ᠶᠢᠨ ᠳᠤᠯᠤᠳᠤᠭᠠᠷ ᠤᠨ ︵ᠤᠨ ᠲᠤᠭᠠᠯᠠᠯ ᠤᠨ 1207 ᠤᠨ︶ ᠳᠤ᠂ ᠴᠢᠩᠬᠢᠰ ᠬᠠᠭᠠᠨ ᠭᠤᠷᠪᠠᠳᠤᠭᠠᠷ ᠦᠬᠢᠨ ᠠᠯᠠᠭ᠎ᠠ ᠪᠠᠬᠢ ᠪᠠᠨ ᠠᠯᠬᠤᠱ ᠲᠢᠬᠢᠳᠬᠤᠷᠢ ︵ᠠᠯᠬᠤᠰᠢ ᠲᠢᠭᠢᠳ ᠳᠤ ᠮᠤᠷᠲᠡᠭᠤᠯᠵᠦ᠂ ︽ᠦᠶ᠎ᠡ ᠤᠯᠠᠷᠢᠨ ᠤᠷᠤᠭ ᠲᠤᠭᠲᠡᠨ ᠠᠨᠲᠡ ᠪᠤᠯᠤᠯᠴᠠᠬᠤ︾ ᠪᠤᠯᠵᠤᠭ᠎ᠠ ᠲᠤᠭᠲᠡᠪᠡ᠃ ᠠᠯᠠᠭ᠎ᠠ ᠪᠠᠬᠢ ᠭᠦᠩᠵᠦ ᠤᠩᠭᠤᠳ ᠠᠶᠢᠮᠠᠭ ᠤᠨ ᠲᠦᠷᠦᠭᠦᠦ ᠶᠢᠨ ᠡᠷᠬᠡ ᠡᠭᠦᠷᠭᠡ ᠶᠢ ᠤᠷᠤᠯᠡᠨ ᠭᠦᠢᠴᠡᠳᠭᠡᠵᠦ᠂ ᠭᠤᠪᠢ ᠶᠢᠨ ᠡᠮᠦᠨᠡᠬᠢ ᠮᠤᠩᠭᠤᠯ ᠤᠨ ᠡᠯ᠎ᠡ ᠠᠶᠢᠮᠠᠭ ᠤᠳ ᠢ ᠨᠤᠶᠡᠷᠬᠠᠵᠦ ᠪᠠᠶᠢᠭᠰᠡᠨ ᠠᠴᠠ ︽ᠲᠦᠷᠦ ᠵᠠᠬᠢᠷᠤᠭᠴᠢ ᠭᠦᠩᠵᠦ︾ ᠭᠡᠮᠡᠨ ᠡᠷᠭᠦᠮᠵᠢᠯᠡᠭᠲᠡᠪᠡ᠃ ᠠᠯᠲᠡᠨ ᠤᠯᠤᠰ ᠤᠨ ᠵᠧᠩ ᠳ᠋ᠠ ᠶᠢᠨ ᠳᠤᠯᠤᠳᠤᠭᠠᠷ ᠤᠨ ︵ᠤᠨ ᠲᠤᠭᠠᠯᠠᠯ ᠤᠨ 1230 ᠤᠨ︶  ᠳᠤ᠂ ᠳ᠋ᠧ ᠨᠢᠩ ᠴᠦᠯᠭᠡ ᠶᠢ ᠪᠠᠶᠢᠭᠤᠯᠵᠦ᠂ ᠨᠢᠭᠡ ᠰᠢᠶᠠᠨ ᠢ ᠵᠠᠬᠢᠷᠤᠯ ᠳᠤ ᠪᠠᠨ ᠤᠷᠤᠭᠤᠯᠪᠡ᠃ ᠶᠤᠸᠠᠨ ᠤᠯᠤᠰ ᠵᠢᠩ ᠵᠧᠦ᠂ ᠳ᠋ᠧ ᠨᠢᠩ᠂ ᠵᠢᠢ ᠨᠢᠩ᠂ ᠱᠠ ᠵᠢᠩ ᠵᠠᠷᠬᠡ ᠬᠤᠲᠡ ᠶᠢ ᠤᠩᠭᠤᠳ ᠠᠶᠢᠮᠠᠭ ᠤᠨ ᠬᠠᠷᠢᠶᠠᠨ ᠭᠠᠵᠠᠷ ᠪᠤᠯᠭᠠᠪᠡ᠃ ᠰᠡᠭᠦᠯᠡᠷ ᠨᠢ᠂ ᠶᠤᠸᠠᠨ ᠤᠯᠤᠰ ᠠᠯᠬᠤᠱ ᠲᠢᠬᠢᠳᠬᠤᠷᠢ ︵ᠠᠯᠬᠤᠰᠢ ᠲᠢᠭᠢᠳ︶ ᠶᠢᠨ ᠬᠤᠶᠢᠴᠢᠰ ᠢ ᠭᠤᠤ ᠲᠠᠩ ᠸᠠᠩ᠂ ᠵᠤᠤ ᠸᠠᠩ ᠡᠷᠭᠦᠮᠵᠢᠯᠡᠵᠠᠢ᠃ ᠡᠶᠢᠮᠦ ᠠᠴᠠ ᠵᠢᠩ ᠵᠧᠦ᠂ ᠳ᠋ᠧ ᠨᠢᠩ ᠵᠠᠷᠭᠡ ᠭᠠᠵᠠᠷ ᠤᠳ ᠢ ᠪᠠᠰᠡ ᠲᠠᠪᠤᠨᠠᠩ ᠵᠤᠤ ᠸᠠᠩ  ᠤᠨ ᠭᠠᠵᠠᠷ ᠨᠤᠲᠤᠭ ᠭᠡᠳᠡᠭ᠃      ᠮᠢᠩ ᠤᠯᠤᠰ ᠤᠨ ᠳᠤᠮᠳᠠᠴᠢ ᠦᠶ᠎ᠡ ᠳᠤ᠂ ᠴᠢᠩᠬᠢᠰ ᠬᠠᠭᠠᠨ ᠤ ᠠᠷᠪᠡᠨ ᠲᠠᠪᠤᠳᠤᠭᠠᠷ ᠦᠶ᠎ᠡ ᠶᠢᠨ ᠤᠮᠪᠤᠯᠤ ᠪᠠᠳᠤᠮᠦ᠋ᠩᠭᠡ ᠳᠠᠶᠠᠩ ᠬᠠᠭᠠᠨ ᠤᠷᠲᠦ ᠴᠠᠭᠠᠨ ᠬᠡᠷᠡᠮ ᠠᠴᠠ ᠬᠤᠶᠢᠨᠠᠬᠢ ᠮᠤᠩᠭᠤᠯ ᠤᠨ ᠡᠯ᠎ᠡ ᠠᠶᠢᠮᠠᠭ ᠤᠳ ᠢ ᠨᠢᠭᠡᠳᠭᠡᠵᠦ᠂ ᠵᠧᠩ ᠳ᠋ᠧ ᠶᠢᠨ ᠳᠤᠯᠤᠳᠤᠭᠠᠷ ᠤᠨ ︵ᠤᠨ ᠲᠤᠭᠠᠯᠠᠯ ᠤᠨ 1512 ᠤᠨ︶ ᠳᠤ᠂ ᠮᠤᠩᠭᠤᠯ ᠠᠶᠢᠮᠠᠭ  ᠢᠶᠠᠨ ᠵᠠᠭᠦᠨ ᠭᠠᠷᠤᠨ ᠪᠠᠷᠠᠭᠤᠨ ᠭᠠᠷᠦᠨ ᠵᠢᠷᠭᠤᠭᠠᠨ ᠲᠦᠮᠡᠨ ᠡᠷᠦᠭᠡ ᠪᠤᠯᠭᠠᠨ ᠬᠤᠪᠢᠶᠠᠵᠠᠢ᠃ ᠲᠤᠰ ᠬᠤᠰᠢᠭᠤ ᠨᠢ ᠪᠠᠷᠠᠭᠤᠨ ᠭᠠᠷᠦᠨ ᠤ ᠲᠦᠮᠡᠳ ᠲᠦᠮᠡᠨ ᠡᠷᠦᠭᠡ ᠶᠢᠨ ᠤᠮᠠᠷᠠᠲᠦ ᠬᠢᠯᠢ ᠳᠤ ᠬᠠᠷᠢᠶᠠᠯᠠᠭᠳᠡᠪᠡ᠃ 16 ᠳ᠋ᠤᠭᠠᠷ ᠵᠠᠭᠤᠨ  ᠤ ᠳᠦᠴᠢᠭᠡᠳ ᠤᠨ ᠳᠤ᠂ ᠳᠠᠶᠠᠩ ᠬᠠᠭᠠᠨ ᠤ ᠤᠮᠪᠤᠯᠤ ᠪᠤᠯᠬᠤ ᠲᠦᠮᠡᠳ ᠤᠨ ᠠᠯᠲᠡᠨ ᠬᠠᠭᠠᠨ ᠤ ᠡᠷᠭᠡ ᠬᠦᠴᠦᠨ  ᠨᠢ ᠠᠭᠠᠵᠢᠮ ᠢᠶᠠᠷ ᠬᠦᠴᠦᠷᠭᠡᠭᠵᠢᠭᠡᠳ᠂ ᠪᠠᠷᠠᠭᠤᠨ ᠭᠠᠷ ᠤᠨ ᠭᠤᠷᠪᠠᠨ ᠲᠦᠮᠡᠨ ᠡᠷᠦᠭᠡ ᠢ ᠨᠤᠶᠠᠷᠬᠠᠯ ᠳᠤ ᠪᠠᠨ ᠤᠷᠤᠭᠤᠯᠪᠡ᠃ ᠡᠨᠡ ᠦᠶ᠎ᠡ ᠳᠤ ᠬᠦᠷᠦᠭᠡᠳ᠂ ᠲᠤᠰ ᠬᠤᠰᠢᠭᠤ ᠨᠢ ᠠᠯᠲᠡᠨ ᠬᠠᠭᠠᠨ ᠤ ᠡᠷᠬᠡᠰᠢᠶᠠᠯ ᠳᠤ ᠤᠷᠤᠵᠦ᠂ ᠬᠤᠰᠢᠭᠤᠨ ᠤ ᠬᠠᠷᠢᠶᠠᠨ ᠳᠠᠬᠢ ᠬᠠᠷ᠎ᠡ ᠤᠰᠤ ᠬᠤᠲᠠ ︵ᠤᠤᠯ ᠤᠨ ᠤᠩᠭᠤᠳ ᠠᠶᠢᠮᠠᠭ ᠤᠨ ᠲᠦᠪ ᠳ᠋ᠧ ᠨᠢᠩ ᠴᠦᠯᠭᠡ᠂ ᠤᠳᠤ ᠶᠢᠨ ᠤᠯᠠᠨ ᠰᠦᠮ᠎ᠡ ᠬᠠᠭᠤᠴᠢᠨ ᠬᠤᠲᠡ︶ ᠨᠢ ᠠᠯᠲᠡᠨ ᠬᠠᠭᠠᠨ ᠤ ᠵᠤᠰᠠᠯᠠᠩ ᠤᠨ ᠤᠷᠳᠤᠨ ᠪᠤᠯᠤᠨ ᠠᠩ ᠬᠦᠷᠦᠭᠡ ᠬᠢᠭᠦ ᠭᠠᠵᠠᠷ ᠪᠤᠯᠤᠭᠰᠠᠨ ᠪᠠᠶᠢᠨ᠎ᠡ᠃      ᠬᠤᠶᠠᠳᠤᠭᠠᠷ ᠬᠡᠰᠡᠭ᠄ ᠳᠠᠷᠬᠠᠨ ᠬᠤᠰᠢᠭᠤ      ᠴᠢᠩ ᠤᠯᠤᠰ ᠤᠨ ᠡᠶᠡᠪᠡᠷ ᠵᠠᠰᠠᠭᠴᠢ ᠬᠠᠭᠠᠨ ᠤ ᠠᠷᠪᠠᠳᠤᠭᠠᠷ ᠤᠨ ︵ᠤᠨ ᠲᠤᠭᠠᠯᠠᠯ ᠤᠨ 1653 ᠤᠨ︶  ᠤ 2 ᠰᠠᠷ᠎ᠡ ᠳᠤ᠂ ᠶᠤᠸᠠᠨ ᠲᠠᠶᠢᠽᠤ ᠬᠠᠭᠠᠨ ᠴᠢᠩᠬᠢᠰ ᠬᠠᠭᠠᠨ ᠤ ᠠᠷᠪᠡᠨ ᠵᠢᠷᠭᠤᠳᠤᠭᠠᠷ ᠦᠶ᠎ᠡ ᠶᠢᠨ ᠤᠮᠪᠤᠯᠤ ᠭᠡᠷᠡᠰᠡᠨᠵᠡ ᠵᠠᠯᠠᠶᠢᠷᠬᠤᠨ ᠲᠠᠶᠢᠵᠢ ᠶᠢᠨ ᠬᠤᠶᠢᠴᠢ ᠪᠤᠨᠳᠠᠷ ᠬᠠᠯᠬ᠎ᠠ ᠶᠢᠨ ᠲᠦᠰᠢᠶᠠᠲᠦ ᠬᠠᠭᠠᠨ ᠲᠠᠢ ᠦᠯᠦ ᠵᠤᠬᠢᠴᠠᠯᠳᠤᠨ᠂ ᠵᠠᠪᠰᠡᠭ ᠬᠦᠳᠡᠯᠭᠡᠬᠦ ᠪᠤᠯᠤᠭᠰᠡᠨ ᠤ ᠲᠠᠷᠠᠭ᠎ᠠ᠂ ᠳᠡᠭᠦᠤ ᠪᠠᠮᠪᠠᠰᠢᠲᠠᠢ᠂ ᠵᠠᠮᠰᠦ ᠵᠢᠴᠢ ᠠᠴᠢ ᠬᠦᠪᠡᠭᠦᠨ ᠭᠤᠮᠪᠦ ᠵᠡᠷᠭᠡ ᠲᠠᠢ ᠪᠠᠨ ᠬᠠᠮᠲᠦ ᠮᠢᠩᠭᠠᠭᠠᠳ ᠡᠷᠦᠭᠡ ᠪᠠᠨ ᠳᠠᠭᠠᠭᠤᠯᠤᠨ ᠴᠢᠩ ᠤᠯᠤᠰ ᠤᠨ ᠵᠠᠰᠠᠭ ᠤᠨ ᠭᠠᠵᠠᠷ ᠨᠢ ᠳᠠᠭᠠᠷ᠎ᠡ ᠢᠷᠡᠪᠡ᠃ ᠲᠤᠰ ᠵᠢᠯ ᠤᠨ 3 ᠳ᠋ᠤᠭᠠᠷ ᠰᠠᠷ᠎ᠡ ᠳᠤ᠂ ᠴᠢᠩ ᠤᠯᠤᠰ ᠤᠨ ᠬᠠᠭᠠᠨᠲᠤ ᠲᠦᠷᠦ ᠠᠴᠠ ᠪᠤᠨᠲᠠᠷ ᠢ ᠵᠠᠰᠠᠭ ᠬᠤᠱᠤᠢ ᠲᠠᠷᠬᠠᠨ ᠴᠢᠨ ᠸᠠᠩ ᠡᠷᠭᠦᠮᠵᠢᠯᠡᠵᠦ᠂ ᠳᠠᠯᠠᠨ ᠬᠠᠷ᠎ᠡ ᠠᠭᠤᠯᠡᠠ ᠤ ᠤᠮᠠᠷᠠᠲᠦ ᠬᠡᠰᠡᠭ ᠤᠨ ᠲᠠᠷᠭᠤᠨ ᠭᠤᠤᠯ ᠪᠤᠯᠤᠨ ᠠᠶᠢᠪᠠᠭ᠎ᠠ ᠭᠤᠤᠯ ᠤᠨ ᠤᠷᠤᠰᠬᠠᠯ ᠲᠠᠭᠤ ᠮᠠᠯᠵᠢᠬᠤ ᠶᠢ ᠰᠤᠶᠤᠷᠬᠠᠵᠤ᠂ ᠦᠪᠦᠷ ᠵᠠᠰᠠᠭ ᠤᠨ ᠤᠯᠠᠨ ᠠᠶᠢᠮᠠᠭ ᠲᠠᠢ ᠵᠠᠷᠭᠡᠴᠡᠭᠦᠯᠦᠨ᠂ ᠬᠠᠯᠬ᠎ᠠ ᠶᠢᠨ ᠪᠠᠷᠠᠭᠤᠨ ᠭᠠᠷᠤᠨ ᠬᠤᠰᠢᠭᠤ ᠬᠡᠵᠤ ᠨᠡᠷᠡᠯᠡᠭᠡᠳ᠂ ᠴᠢᠨ ᠸᠠᠩ ᠤᠨ ᠡᠷᠬᠡ ᠬᠡᠷᠬᠡᠮ ᠢ ᠦᠶ᠎ᠡ ᠤᠯᠠᠷᠢᠨ ᠵᠠᠯᠭᠠᠮᠵᠢᠯᠠᠬᠤ ᠪᠠᠷ ᠲᠤᠭᠲᠠᠭᠠᠪᠡ᠃ ᠵᠠᠰᠠᠭ ᠲᠦᠷᠦ ᠶᠢᠨ ᠰᠠᠭᠤᠭ᠎ᠠ ᠭᠠᠵᠠᠷ ᠨᠢ ᠲᠠᠷᠭᠤᠨ ᠭᠤᠤᠯ ᠤᠨ ᠬᠦᠪᠡᠭᠡᠨ (ᠤᠳᠤ ᠶᠢᠨ ᠬᠤᠩᠭᠤᠷ ᠲᠠᠯ᠎ᠡ ᠤᠰᠦᠨ ᠴᠦᠬᠦᠷᠦᠮ ᠤᠨ ᠡᠮᠦᠨ᠎ᠡ ᠤᠪᠤᠭ᠎ᠠ ᠤᠷᠴᠢᠮ︶ ᠳᠤ ᠪᠠᠶᠢᠵᠦ᠂ ᠬᠡᠷᠬᠡᠮᠲᠡᠨ 4᠂ ᠴᠢᠩ ᠸᠠᠩ 1᠂ ᠵᠢᠶᠦ᠋ᠨ ᠸᠠᠩ 1᠂ ᠪᠠᠶᠢᠰᠡ 1᠂ ᠤᠯᠤᠰ ᠤᠨ ᠲᠦᠰᠢᠶ᠎ᠡ ᠭᠦᠩ 1 ᠪᠠᠶᠢᠵᠦ᠂ ᠲᠦᠷᠪᠡᠨ ᠰᠤᠮᠦ ᠪᠠᠶᠢᠭᠤᠯᠵᠦ᠂ ᠲᠤᠰᠠᠯᠠᠭᠴᠢ ᠨᠤᠶᠠᠨ4 ᠪᠠᠶᠢᠳᠠᠭ᠃       ᠡᠩᠬᠡ ᠠᠮᠤᠭᠤᠯᠠᠩ ᠬᠠᠭᠠᠨ ᠤ ᠶᠢᠰᠦᠳᠦᠭᠡᠷ ᠤᠨ ︵ᠤᠨ ᠲᠤᠭᠠᠯᠠᠯ ᠤᠨ 1670 ᠤᠨ︶ ᠳᠤ᠂ ᠪᠤᠨᠲᠡᠷ ᠤᠨ ᠲᠦᠷᠪᠡᠳᠣᠭᠡᠷ ᠬᠦᠤ ᠨᠤᠨᠤᠢ ᠸᠠᠩ ᠤᠨ ᠤᠷᠦ ᠵᠠᠯᠭᠠᠮᠵᠢᠯᠠᠭᠰᠡᠨ ᠤ ᠳᠠᠷᠠᠭ᠎ᠠ ᠤᠷᠢᠳ ᠬᠤᠵᠢᠳ ᠴᠡᠷᠢᠭ ᠮᠤᠷᠢ ᠪᠠᠨ ᠠᠪᠴᠦ ᠴᠢᠩ ᠤᠯᠤᠰ ᠤᠨ ᠴᠡᠷᠢᠭ ᠢ ᠲᠠᠭᠠᠨ ᠪᠠᠷᠠᠭᠤᠨᠰᠢ ᠭᠠᠯᠲᠡᠨ ᠪᠤᠱᠤᠭᠲᠦ ᠶᠢ ᠲᠠᠶᠢᠯᠡᠵᠦ᠂ ᠡᠩᠬᠡ ᠠᠮᠤᠭᠤᠯᠠᠩ ᠬᠠᠭᠠᠨ ᠤ ᠮᠠᠭᠲᠡᠭᠠᠯ ᠢ ᠤᠯᠪᠡ᠃ ᠡᠩᠬᠡ ᠠᠮᠤᠭᠤᠯᠠᠩ ᠬᠠᠭᠠᠨ ᠤ ᠲᠦᠴᠢᠨ ᠨᠢᠭᠡᠳᠦᠭᠡᠷ ᠤᠨ ︵ᠤᠨ ᠲᠤᠭᠠᠯᠠᠯ  ᠤᠨ1 702 ᠤᠨ︶ ᠳᠤ᠂ ᠨᠤᠨᠤᠢ ᠴᠢᠨ ᠸᠠᠩ ᠪᠤᠭᠤᠮᠲᠡ ᠶᠢᠨ ᠠᠷᠦ ᠶᠢᠨ ᠨᠡᠷᠡᠲᠦ ᠭᠡᠶᠢᠳ ᠪᠤᠯᠬᠤ ︽ᠪᠤᠶᠠᠨ ᠪᠠᠳᠠᠷᠠᠭᠤᠯᠤᠭᠴᠢ ᠰᠦᠮ᠎ᠡ︾ (ᠪᠠᠲᠤᠬᠠᠭᠠᠯᠭ᠎ᠠ ᠰᠦᠮ᠎ᠡ) ᠢ ᠡᠷᠬᠢᠯᠡᠨ ᠪᠠᠶᠢᠭᠤᠯᠪᠡ᠃ ᠡᠩᠬᠡ ᠠᠮᠤᠭᠤᠯᠠᠩ ᠬᠠᠭᠠᠨ ᠤ ᠲᠦᠴᠢᠨ ᠲᠤᠯᠤᠳᠤᠭᠠᠷ ᠤᠨ ︵ᠤᠨ ᠲᠤᠭᠠᠯᠠᠯ ᠤᠨ 1708 ᠤᠨ︶ ᠳᠤ᠂ ᠨᠤᠨᠤᠢ ᠶᠢᠨ ᠬᠦᠤ ᠵᠠᠨᠳᠠᠺᠦᠮᠢ ᠴᠢᠨ ᠸᠠᠩ  ᠤᠨ ᠤᠷᠤ ᠶᠢ ᠵᠠᠯᠭᠠᠮᠵᠢᠯᠠᠬᠤ ᠦᠶ᠎ᠡ ᠳᠤ᠂ ᠴᠢᠨ ᠸᠠᠩ ᠤᠨ ᠵᠠᠷᠭᠡ ᠠᠴᠠ ᠨᠢ ᠪᠠᠭᠤᠷᠠᠭᠤᠯᠵᠦ᠂ ᠵᠠᠰᠠᠭ ᠲᠦᠷᠦ ᠶᠢᠨ ᠳᠠᠷᠬᠠᠨ ᠪᠠᠶᠢᠯᠠ ᠪᠤᠯᠵᠠᠢ᠃ ᠡᠨᠡ ᠦᠶ᠎ᠡ ᠠᠴᠠ ᠡᠬᠢᠯᠡᠨ ᠬᠠᠯᠬ᠎ᠠ ᠶᠢᠨ ᠪᠠᠷᠠᠭᠤᠨ ᠭᠠᠷᠦᠨ ᠬᠤᠰᠢᠭᠤ ᠶᠢ ᠳᠠᠷᠬᠠᠨ ᠪᠠᠶᠢᠯᠠ ᠬᠤᠰᠢᠭᠤ ᠭᠡᠬᠦ ᠪᠤᠯᠵᠠᠢ᠃              ᠢᠷᠭᠡᠨ ᠤᠯᠤᠰ ᠤᠨ ᠦᠶ᠎ᠡ ᠳᠤ᠂ ᠬᠠᠭᠤᠴᠢᠨ ᠲᠦᠷᠢᠮ ᠢᠶᠠᠨ ᠦᠷᠬᠦᠯᠵᠢᠯᠡᠨ ᠬᠡᠷᠡᠭᠵᠢᠭᠦᠯᠪᠡ᠃ ᠢᠷᠭᠡᠨ ᠤᠯᠤᠰ ᠤᠨ ᠭᠤᠷᠪᠠᠳᠤᠭᠠᠷ ᠤᠨ ︵ᠤᠨ ᠲᠤᠭᠠᠯᠠᠯ ᠤᠨ 1914 ᠤᠨ︶ ᠳᠤ᠂ ᠰᠣᠶᠢᠶᠦᠸᠠᠨ ᠪᠤᠯᠤᠨ ᠱᠠᠨᠰᠢ ᠵᠠᠬᠢᠷᠭ᠎ᠠ  ᠪᠠᠨ ᠰᠠᠯᠭᠠᠭᠰᠡᠨ ᠤ ᠲᠠᠷᠠᠭ᠎ᠠ᠂ ᠳᠠᠷᠬᠠᠨ ᠪᠡᠶᠢᠯᠡ ᠬᠤᠰᠢᠭᠤ ᠨᠢ ᠰᠣᠶᠢᠶᠦᠸᠠᠨ ᠤ ᠤᠨᠴᠠᠭᠠᠢ ᠵᠠᠰᠠᠭ ᠵᠠᠬᠢᠷᠭᠠᠨ ᠤ ᠤᠷᠤᠨ ᠳᠤ ᠤᠷᠤᠭᠤᠯᠪᠡ᠃ ᠢᠷᠭᠡᠨ ᠤᠯᠤᠰ ᠤᠨ ᠠᠷᠪᠠᠨ ᠳᠤᠯᠤᠳᠤᠭᠠᠷ ᠤᠨ ︵ᠤᠨ ᠲᠤᠭᠠᠯᠠᠯ ᠤᠨ 1928 ᠤᠨ︶  ᠳᠤ᠂ ᠰᠣᠶᠢᠶᠦᠸᠠᠨ ᠤ ᠤᠨᠴᠠᠭᠠᠢ ᠵᠠᠰᠠᠭ ᠵᠠᠬᠢᠷᠭᠠᠨ ᠤ ᠤᠷᠤᠨ ᠢ ᠰᠣᠶᠢᠶᠦᠸᠠᠨ ᠮᠤᠵᠢ ᠭᠡᠮᠡᠨ ᠬᠠᠯᠠᠵᠦ᠂ ᠲᠠᠷᠬᠠᠨ ᠪᠡᠶᠢᠯᠡ ᠬᠤᠰᠢᠭᠤ ᠨᠢ ᠰᠣᠶᠢᠶᠦᠸᠠᠨ ᠮᠤᠵᠢ ᠶᠢᠨ ᠤᠯᠠᠭᠠᠨᠴᠠᠪ ᠠᠶᠢᠮᠠᠭ ᠤᠨ ᠬᠠᠷᠢᠶᠠᠨ ᠳᠤ ᠤᠷᠤᠪᠡ᠃ ᠢᠷᠭᠡᠨ ᠤᠯᠤᠰ ᠤᠨ ᠬᠤᠷᠢᠨ ᠭᠤᠷᠪᠠᠳᠤᠭᠠᠷ ᠤᠨ ︵ᠤᠨ ᠲᠤᠭᠠᠯᠠᠯ ᠤᠨ 1934 ᠤᠨ︶ ᠤ 4 ᠰᠠᠷ᠎ᠡ ᠶᠢᠨ 23 ᠤ ᠡᠳᠦᠷ᠂ ᠮᠤᠩᠭᠤᠯ ᠤᠨ ᠤᠷᠤᠨ ᠨᠤᠲᠤᠭ ᠤᠨ ᠦᠪᠡᠷᠲᠡᠭᠡᠨ ᠵᠠᠰᠠᠬᠤ ᠵᠠᠰᠠᠭ ᠤᠨ ᠶᠠᠪᠤᠲᠠᠯ ᠤᠨ ᠬᠤᠷᠢᠶ᠎ᠠ ᠳᠠᠷᠬᠠᠨ ᠪᠡᠶᠢᠯᠡ ᠬᠤᠰᠢᠭᠤᠨ ᠤ ᠪᠠᠲᠤᠬᠠᠭᠠᠯᠭ᠎ᠠ ᠳᠤ ᠪᠠᠶᠢᠭᠤᠯᠤᠭᠳᠡᠪᠡ᠃ ᠭᠤᠮᠢᠨᠳᠠᠩ ᠤᠨ ᠵᠠᠰᠠᠭ ᠤᠨ ᠤᠷᠳᠤᠨ ᠠᠴᠠ ᠳᠠᠷᠬᠠᠨ ᠪᠡᠶᠢᠯᠡ ᠬᠤᠰᠢᠭᠤᠨ ᠤ ᠵᠠᠰᠠᠭ ᠴᠢᠨ ᠸᠠᠩ ᠶᠤᠨᠳᠤᠨᠸᠠᠩᠴᠤᠭ ᠢ ᠬᠤᠷᠢᠶᠠᠨ ᠲᠠᠷᠤᠭ᠎ᠠ ᠪᠠᠷ ᠲᠤᠮᠢᠯᠠᠪᠡ᠃ ᠢᠷᠭᠡᠨ ᠤᠯᠤᠰ ᠤᠨ ᠬᠤᠷᠢᠨ ᠵᠢᠷᠭᠤᠳᠤᠭᠠᠷ ᠤᠨ ︵ᠤᠨ ᠲᠤᠭᠠᠯᠠᠯ ᠤᠨ 1937 ᠤᠨ︶ ᠤ 10 ᠰᠠᠷ᠎ᠡ ᠶᠢᠨ 2 ᠤ ᠡᠳᠦᠷ᠂ ᠪᠠᠲᠤᠬᠠᠭᠠᠯᠭ᠎ᠠ ᠶᠠᠫᠤᠨ ᠤ ᠬᠠᠭᠤᠷᠮᠠᠭ ᠮᠤᠩᠭᠤᠯ ᠴᠡᠷᠢᠭ ᠲᠤ ᠡᠵᠡᠯᠡᠭᠳᠡᠵᠠᠢ᠃ ᠢᠷᠭᠡᠨ ᠤᠯᠤᠰ ᠤᠨ ᠬᠤᠷᠢᠨ ᠨᠠᠢᠮᠠᠳᠤᠭᠠᠷ ᠤᠨ ︵ᠤᠨ ᠲᠤᠭᠠᠯᠠᠯ ᠤᠨ 1939 ᠤᠨ︶ ᠤ 9 ᠰᠠᠷ᠎ᠡ ᠶᠢᠨ 1 ᠤ ᠡᠳᠦᠷ᠂ ᠬᠠᠭᠤᠷᠮᠠᠭ ︽ᠮᠤᠩᠭᠤᠯ ᠬᠢᠵᠠᠭᠠᠷ ᠤᠨ ᠬᠠᠮᠲᠤᠷᠠᠭᠰᠡᠨ ᠦᠪᠡᠷᠲᠡᠭᠡᠨ ᠵᠠᠰᠠᠬᠤ ᠵᠠᠰᠠᠭ ᠤᠨ ᠤᠷᠳᠤᠨ︾ ᠪᠠᠶᠢᠭᠤᠯᠤᠭᠳᠠᠭᠰᠠᠨ ᠢ ᠲᠤᠩᠬᠠᠯᠡᠪᠡ᠃ ᠡᠭᠦᠨ ᠢ ᠳᠠᠭᠠᠯᠳᠤᠨ᠂ ᠬᠠᠭᠤᠷᠮᠠᠭ ︽ᠤᠯᠠᠭᠠᠨᠴᠠᠪ ᠠᠶᠢᠮᠠᠭ ᠤᠨ ᠠᠯᠪᠠᠨ ᠵᠠᠬᠢᠷᠭ᠎ᠠ︾ ᠮᠦᠨᠴᠦ ᠪᠠᠲᠤᠬᠠᠭᠠᠯᠭ᠎ᠠ ᠳᠤ ᠪᠠᠶᠢᠭᠤᠯᠤᠭᠳᠠᠵᠦ᠂ ᠪᠠᠪᠤᠳᠤᠷᠵᠢ ᠶᠢ ᠠᠶᠢᠮᠭᠭ ᠤᠨ ᠳᠠᠷᠤᠭ᠎ᠠ᠂ ᠱᠠᠯᠠᠪᠳᠤᠷᠵᠢ ᠶᠢ ᠠᠶᠢᠮᠠᠭ ᠤᠨ ᠲᠡᠳ᠋ ᠳᠠᠷᠤᠭ᠎ᠠ᠂ ᠱᠠᠨ ᠪᠧᠨ ᠰᠢᠨ ᠴᠢᠨ ᠢ ᠡᠷᠬᠢᠯᠡᠭᠴᠢ ᠵᠦᠪᠯᠡᠭᠴᠢ ᠪᠠᠷ ᠲᠤᠰ ᠲᠤᠰ ᠲᠤᠮᠢᠯᠠᠪᠡ᠃ ᠵᠠᠰᠠᠭ ᠵᠠᠬᠢᠷᠭᠠᠨ ᠤ ᠤᠷᠤᠨ ᠳᠤ ᠤᠤᠯ  ᠤᠨ ᠪᠠᠶᠢᠭᠰᠠᠨ ᠵᠢᠷᠭᠤᠭᠠᠨ ᠬᠤᠰᠢᠭᠤ ᠠᠴᠠ ᠭᠠᠳᠠᠨ᠎ᠡ᠂ ᠭᠦᠶᠠᠩ ᠰᠢᠶᠠᠨ ᠢ ᠨᠡᠮᠡᠵᠦ ᠤᠷᠤᠭᠤᠯᠪᠡ᠃ 1945 ᠤᠨ ᠤ 8 ᠰᠠᠷ᠎ᠡ ᠳᠤ ᠶᠠᠫᠤᠨ ᠡᠵᠡᠷᠭᠡᠭ ᠲᠦᠷᠢᠮᠡᠭᠡᠶᠢᠲᠡᠨ ᠨᠦᠭᠦᠴᠡᠯ ᠦᠭᠡᠢ ᠪᠠᠷ ᠪᠠᠭᠤᠵᠦ ᠦᠭᠭᠦᠭᠰᠠᠨ ᠤ ᠳᠠᠷᠠᠭ᠎ᠠ᠂ ᠳᠠᠷᠬᠠᠨ ᠪᠡᠶᠢᠯᠡ ᠬᠤᠰᠢᠭᠤ ᠰᠤᠶᠢᠶᠦᠸᠠᠨ ᠤ ᠤᠮᠠᠷᠠᠲᠦ ᠵᠠᠰᠠᠭ ᠵᠠᠬᠢᠷᠭᠠᠨ ᠤ ᠤᠷᠤᠨ ᠳᠤ ᠬᠠᠷᠢᠶᠠᠯᠠᠭᠳᠡᠪᠡ᠃ ᠲᠤᠰ ᠵᠢᠯ ᠳᠤ᠂ ᠭᠤᠮᠢᠨᠳᠠᠩ ᠤᠨ ᠹᠦ᠋ ᠽᠦᠸᠧ ᠢ ᠶᠢᠨ ᠴᠡᠷᠢᠭ ᠠᠩᠭᠢ ᠲᠠᠷᠬᠠᠨ ᠪᠡᠶᠢᠯᠡ ᠬᠤᠰᠢᠭᠤᠨ ᠳᠤ ᠰᠠᠭᠤᠷᠢᠰᠢᠵᠦ᠂ ᠪᠠᠲᠤᠬᠠᠭᠠᠯᠭ᠎ᠠ ᠳᠤ ᠬᠡᠷᠡᠭ ᠡᠷᠬᠢᠯᠡᠬᠦ ᠭᠠᠵᠠᠷ ᠪᠠᠶᠢᠭᠤᠯᠪᠡ᠃      1949 ᠤᠨ ᠤ 9 ᠰᠠᠷ᠎ᠡ ᠶᠢᠨ 19 ᠤ ᠡᠳᠦᠷ᠂ ᠰᠤᠶᠢᠶᠦᠸᠠᠨ ᠮᠤᠵᠢ ᠨᠠᠶᠢᠷᠠᠮᠳᠡᠯ ᠢᠶᠠᠷ ᠴᠢᠯᠦᠭᠡᠯᠡᠭᠳᠡᠵᠦ᠂ ᠳᠠᠷᠬᠠᠨ ᠪᠡᠶᠢᠯᠡ ᠬᠤᠰᠢᠭᠤ ᠮᠦᠨ ᠰᠤᠶᠢᠶᠦᠸᠠᠨ ᠮᠤᠵᠢ ᠶᠢᠨ ᠤᠯᠠᠭᠠᠨᠴᠡᠪ ᠠᠶᠢᠮᠠᠭ ᠳᠤ ᠬᠠᠷᠢᠶᠠᠯᠠᠭᠳᠡᠵᠦ ᠪᠠᠶᠢᠵᠡᠢ᠃1952 ᠤᠨ ᠤ 10 ᠰᠠᠷ᠎ᠡ ᠳᠤ᠂ ᠳᠠᠷᠬᠠᠨ ᠬᠤᠰᠢᠭᠤ ᠪᠤᠯᠤᠨ ᠮᠤᠤᠮᠢᠩᠭᠠᠨ ᠬᠤᠰᠢᠭᠤ ᠨᠠᠶᠢᠯᠡᠵᠦ ᠬᠤᠯᠪᠤᠭᠠᠲᠦ ᠬᠤᠰᠢᠭᠤ ᠪᠤᠯᠤᠨ ᠪᠠᠶᠢᠭᠤᠯᠤᠭᠳᠠᠵᠦ᠂ ᠬᠤᠰᠢᠭᠤ ᠵᠠᠰᠠᠭ ᠤᠨ ᠭᠠᠵᠠᠷ ᠢ ᠪᠠᠲᠤᠬᠠᠭᠠᠯᠭ᠎ᠠ ᠳᠤ ᠪᠠᠶᠢᠭᠤᠯᠪᠡ᠃ 1954 ᠤᠨ ᠤ 3 ᠰᠠᠷ᠎ᠡ ᠶᠢᠨ 5 ᠤ ᠡᠳᠦᠷ᠂ ᠰᠤᠶᠢᠶᠦᠸᠠᠨ ᠮᠤᠵᠢ ᠪᠤᠯᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠨᠢᠭᠡᠳᠴᠦ᠂ ᠰᠤᠶᠢᠶᠦᠸᠠᠨ ᠮᠤᠵᠢ ᠶᠢᠨ ᠵᠠᠰᠠᠭ ᠵᠠᠬᠢᠷᠭᠠᠨ ᠢ ᠦᠭᠡᠶᠢᠰᠭᠡᠵᠦ᠂ ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠶᠢ ᠤᠯᠠᠭᠠᠨᠴᠡᠪ ᠠᠶᠢᠮᠠᠭ ᠤᠨ ᠠᠷᠠᠳ ᠤᠨ ᠵᠠᠰᠠᠭ ᠤᠨ ᠤᠷᠳᠤᠨ ᠳᠤ ᠬᠠᠮᠢᠶᠠᠷᠤᠯᠲᠡ ᠳᠤ ᠤᠷᠤᠭᠤᠯᠪᠡ᠃1958 ᠤᠨ ᠤ 4 ᠰᠠᠷ᠎ᠡ ᠶᠢᠨ 2 ᠤ ᠡᠳᠦᠷ᠂ ᠤᠯᠠᠭᠠᠨᠴᠡᠪ ᠠᠶᠢᠮᠠᠭ ᠤᠨ ᠠᠷᠠᠳ ᠤᠨ ᠵᠠᠰᠠᠭ ᠤᠨ ᠤᠷᠳᠤᠨ ᠢ ᠤᠯᠠᠭᠠᠨᠴᠡᠪ ᠠᠶᠢᠮᠠᠭ ᠤᠨ ᠠᠯᠪᠡᠨ ᠵᠠᠬᠢᠷᠭ᠎ᠠ ᠭᠡᠮᠡᠨ ᠦᠭᠡᠷᠡᠴᠢᠯᠡᠨ᠂ ᠳᠠᠷᠬᠠᠨ ᠮᠤᠤᠮᠢᠩᠭᠠᠨ ᠬᠤᠰᠢᠭᠤ ᠨᠢ ᠤᠯᠠᠭᠠᠨᠴᠡᠪ ᠠᠶᠢᠮᠠᠭ ᠤᠨ ᠠᠯᠪᠡᠨ ᠵᠠᠬᠢᠷᠭ᠎ᠠ ᠳᠤ ᠬᠠᠷᠢᠶᠠᠯᠠᠭᠳᠡᠪᠡ᠃ 1996 ᠤᠨ ᠤ 1 ᠰᠠᠷ᠎ᠡ ᠶᠢᠨ 1 ᠤ ᠡᠳᠦᠷ᠂ ᠳᠠᠷᠬᠠᠨ ᠮᠤᠤᠮᠢᠩᠭᠠᠨ ᠬᠤᠰᠢᠭᠤ ᠨᠢ ᠪᠤᠭᠤᠲᠦ ᠬᠤᠲᠡ ᠶᠢᠨ ᠵᠠᠰᠠᠭ ᠵᠠᠬᠢᠷᠭᠠᠨ ᠤ ᠬᠠᠮᠢᠶᠠᠷᠤᠯᠲᠡ ᠳᠤ ᠬᠤᠪᠢᠶᠠᠭᠳᠡᠨ ᠤᠷᠤᠪᠡ᠃        ᠭᠤᠷᠪᠠᠳᠤᠭᠠᠷ ᠬᠡᠰᠡᠭ᠄ ᠮᠤᠤᠮᠢᠩᠭᠠᠨ ᠬᠤᠰᠢᠭᠤ       ᠮᠢᠩ ᠤᠯᠤᠰ ᠤᠨ ᠰᠡᠭᠦᠯᠴᠢ ᠴᠢᠩ ᠤᠯᠤᠰ ᠤᠨ ᠡᠬᠢᠨ ᠤ ᠤᠮᠠᠷᠠᠲᠤ ᠠᠯᠲᠠᠨ ᠤᠯᠤᠰ ᠤᠨ ᠲᠡᠭᠷᠢ ᠶᠢᠨ ᠰᠡᠴᠡᠨ ᠬᠠᠭᠠᠨ ᠤ ᠲᠤᠯᠤᠲᠤᠭᠠᠷ ᠤᠨ ︵ᠤᠨ ᠲᠤᠭᠠᠯᠠᠯ ᠤᠨ 1633 ᠤᠨ︶ ᠳᠤ᠂ ᠶᠤᠸᠠᠨ ᠲᠠᠶᠢᠽᠦ ᠬᠠᠭᠠᠨ ᠤ ᠲᠡᠭᠦᠤ ᠬᠠᠪᠤᠲᠤ ᠬᠠᠰᠠᠷ ᠤᠨ ᠬᠤᠶᠢᠴᠢ ᠪᠤᠯᠬᠤ ᠮᠤᠤᠮᠢᠩᠭᠠᠨ ᠠᠶᠢᠮᠠᠭ ᠤᠨ ᠲᠦᠷᠦᠭᠦᠤ ᠴᠡᠬᠡᠨ ᠡᠷᠦᠭᠡ ᠪᠠᠨ ᠳᠠᠭᠠᠭᠠᠭᠤᠯᠤᠨ᠂ ᠭᠦᠮᠦ ᠪᠠᠭᠠᠲᠦᠷ᠂ ᠲᠠᠶᠢᠵᠢ ᠲᠠᠷᠮ᠎ᠡ ᠲᠠᠶᠢᠭᠤᠨ᠂ ᠤᠪᠠᠰᠢ ᠵᠠᠷᠭᠡ ᠬᠦᠮᠦᠰ ᠲᠠᠢ ᠬᠠᠮᠲᠤᠪᠡᠷ ᠬᠤᠩ ᠲᠠᠶᠢᠵᠢ ᠳᠤ ᠤᠷᠤᠵᠦ ᠦᠭᠴᠦ᠂ ᠬᠤᠶᠢᠲᠦ ᠠᠯᠲᠡᠨ ᠤ ᠬᠠᠮᠲᠤᠷᠠᠭᠰᠡᠨ ᠴᠡᠷᠢᠭ ᠤᠨ ᠴᠠᠬᠠᠷ ᠤᠨ ᠯᠢᠭᠳᠡᠨ ᠬᠤᠲᠤᠭᠲᠦ  ᠢ ᠲᠠᠶᠢᠯᠠᠬᠤ ᠲᠠᠶᠢᠨ ᠳᠤ ᠤᠷᠤᠯᠴᠠᠵᠠᠢ᠃ ᠳᠠᠷᠠᠭ᠎ᠠ ᠵᠢᠯ ᠳᠤ ᠨᠢ᠂ ᠵᠠᠭᠦᠬᠠᠢ ᠲᠦᠯᠢᠩ ᠲᠠᠶᠢᠵᠢ᠂ ᠪᠠᠳᠠᠮ᠎ᠡ᠂ ᠠᠪᠤᠲᠠᠢ᠂ ᠡᠷᠴᠢᠨ ᠲᠠᠶᠢᠴᠢᠨ ᠵᠠᠷᠭᠡ ᠬᠦᠮᠦᠰ ᠤᠷᠢᠳ ᠬᠤᠵᠢᠳ ᠬᠤᠶᠢᠲᠦ ᠠᠯᠲᠡᠨ ᠤᠯᠤᠰ ᠲᠤ ᠳᠠᠭᠠᠷ᠎ᠡ ᠢᠷᠡᠵᠡᠢ᠃ ᠨᠠᠶᠢᠷᠠᠯᠲᠦ ᠲᠦᠪ ᠤᠨ ᠳᠤᠯᠤᠳᠤᠭᠠᠷ ᠤᠨ ︵ᠤᠨ ᠲᠤᠭᠠᠯᠠᠯ ᠤᠨ 1650 ᠤᠨ︶ ᠳᠤ᠂ ᠭᠦᠮᠦ ᠪᠠᠭᠠᠲᠦᠷ ᠢ ᠲᠦᠷᠦ  ᠶᠢᠨ ᠪᠡᠶᠢᠯᠡ ᠪᠠᠷ ᠡᠷᠭᠦᠮᠵᠢᠯᠡᠪᠡ᠃ ᠡᠩᠬᠡ ᠠᠮᠤᠭᠤᠯᠠᠩ ᠬᠠᠭᠠᠨ ᠤ ᠭᠤᠷᠪᠠᠳᠤᠭᠠᠷ ᠤᠨ ︵ᠤᠨ ᠲᠤᠭᠠᠯᠠᠯ ᠤᠨ 1664 ᠤᠨ︶ ᠳᠤ᠂ ᠴᠢᠩ ᠤᠨ ᠬᠠᠭᠠᠨᠲᠦ ᠲᠦᠷᠦ ᠠᠴᠠ ᠴᠡᠭᠡᠨ ᠤ ᠠᠬᠠᠮᠠᠳ ᠬᠦᠪᠡᠭᠦᠨ ᠰᠡᠩᠭᠡ ᠶᠢ ᠵᠠᠰᠠᠭ ᠤᠨ ᠲᠡᠷᠢᠭᠦᠨ ᠵᠡᠷᠭᠡ ᠶᠢᠨ ᠲᠠᠶᠢᠵᠢ ᠡᠷᠭᠦᠮᠵᠢᠯᠡᠵᠦ᠂ ᠠᠶᠢᠪᠠᠭ᠎ᠠ ᠭᠤᠤᠯ ᠤᠨ ᠡᠬᠢ ᠪᠠᠷ ᠰᠠᠭᠤᠷᠢᠰᠢᠨ ᠮᠠᠯᠵᠢᠬᠤ ᠶᠢ ᠰᠤᠶᠤᠷᠬᠠᠵᠦ᠂ ᠮᠤᠤᠮᠢᠩᠭᠠᠨ ᠬᠤᠰᠢᠭᠤ ᠪᠤᠯᠭᠠᠪᠡ᠃ ᠵᠠᠰᠠᠭ ᠤᠨ ᠪᠡᠯᠴᠢᠭᠡᠷ ᠢᠶᠠᠨ ᠴᠡᠲᠦ ᠰᠠᠶᠢᠷ ᠭᠡᠬᠦ ᠭᠠᠵᠠᠷ ᠪᠠᠶᠢᠷᠢᠯᠠᠵᠦ᠂ ᠬᠡᠷᠭᠡᠮᠲᠡᠨ 2᠂ ᠵᠠᠰᠠᠭ ᠤᠨ ᠲᠡᠷᠢᠭᠦᠨ ᠵᠡᠷᠭᠡ ᠶᠢᠨ ᠲᠠᠶᠢᠵᠢ 1᠂ ᠲᠦᠷᠦ ᠶᠢᠨ ᠪᠡᠶᠢᠯᠡ 1 ᠪᠠᠶᠢᠵᠠᠢ᠃ ᠬᠤᠰᠢᠭᠤᠨ ᠤ ᠬᠠᠷᠢᠶᠠᠨ ᠳᠤ ᠵᠠᠭᠦᠨ ᠰᠤᠮᠦ᠂ ᠲᠦᠪ ᠰᠤᠮᠦ᠂ ᠪᠠᠷᠠᠭᠤᠨ ᠰᠤᠮᠦ᠂ ᠰᠢᠷ᠎ᠡ ᠰᠤᠮᠦ ᠵᠠᠷᠭᠡ ᠳᠦᠷᠪᠡᠨ ᠰᠤᠮᠦ ᠪᠠᠶᠢᠭᠤᠯᠵᠦ᠂ ᠲᠤᠰᠠᠯᠠᠭᠴᠢ ᠨᠤᠶᠠᠨ 4 ᠪᠠᠶᠢᠵᠠᠢ᠃       ᠴᠢᠩ ᠤᠯᠤᠰ ᠤᠨ ᠡᠩᠭᠡ ᠠᠮᠤᠭᠤᠯᠠᠩ ᠬᠠᠭᠠᠨ ᠤ ᠦᠶ᠎ᠡ ᠳᠤ᠂ ᠤᠳᠤᠬᠢ ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠪᠠᠭ᠎ᠠ ᠤᠩᠭᠤᠨ ᠤ ᠤᠯᠠᠭᠠᠨᠴᠠᠪ ᠭᠡᠬᠦ ᠭᠠᠵᠠᠷ ᠲᠤ᠂ ᠬᠠᠯᠬ᠎ᠠ ᠶᠢᠨ ᠪᠠᠷᠠᠭᠤᠨ ᠭᠠᠷᠤᠨ ᠤ ᠨᠢᠭᠡ ᠬᠤᠰᠢᠭᠤ᠂ ᠮᠤᠤᠮᠢᠩᠭᠠᠨ ᠤ ᠨᠢᠭᠡ ᠬᠤᠰᠢᠭᠤ᠂ ᠲᠦᠷᠪᠡᠳ ᠤᠨ ᠨᠢᠭᠡ ᠬᠤᠰᠢᠭᠤ᠂ ᠪᠤᠯᠤᠨ ᠤᠷᠠᠳ ᠤᠨ ᠵᠡᠭᠦᠨ ᠭᠦᠩ᠂ ᠳᠤᠮᠲᠡ ᠭᠦᠩ᠂ ᠪᠠᠷᠠᠭᠤᠨ ᠭᠦᠩ ᠭᠤᠷᠪᠠᠨ ᠬᠤᠰᠢᠭᠤ ᠬᠠᠮᠲᠤᠷᠠᠨ ᠠᠩᠬ᠎ᠠ ᠤᠳᠠᠭ᠎ᠠ ᠪᠤᠯᠵᠤᠭ᠎ᠠ ᠪᠤᠯᠤᠭᠰᠡᠨ ᠪᠠᠶᠢᠨ᠎ᠡ᠃ ᠲᠤᠰ ᠭᠠᠵᠠᠷ ᠨᠢ ᠭᠦᠢ ᠬᠤᠸᠠ ᠬᠤᠲᠡ ︵ᠤᠳᠤᠬᠢ ᠬᠦᠭᠡᠬᠤᠲᠡ︶ ᠠᠴᠠ ᠤᠮᠠᠷᠠᠰᠢ 120 ᠮᠧᠲᠷ ᠵᠠᠶᠢᠲᠡᠢ᠃ ᠤᠯᠠᠭᠠᠨᠴᠠᠪ ᠠᠶᠢᠮᠠᠭ ᠤᠨ ᠨᠡᠷ᠎ᠡ ᠨᠢ ᠠᠳᠡ ᠠᠴᠠ ᠢᠷᠡᠯᠲᠡᠢ᠃      ᠢᠷᠭᠡᠨ ᠤᠯᠤᠰ ᠤᠨ ᠦᠶ᠎ᠡ ᠳᠤ᠂ ᠬᠠᠭᠤᠴᠢᠨ ᠲᠦᠷᠢᠮ ᠢᠶᠠᠨ ᠪᠠᠷᠢᠮᠲᠠᠯᠠᠵᠦ᠂ ᠬᠤᠪᠢᠶᠠᠷᠢ ᠬᠠᠷᠢᠶᠠᠯᠠᠯ ᠨᠢ ᠳᠠᠷᠬᠠᠨ ᠪᠡᠶᠢᠯᠡ ᠬᠤᠰᠢᠭᠤ ᠲᠠᠢ ᠠᠳᠠᠯᠢ ᠪᠠᠶᠢᠲᠠᠭ᠃      ᠪᠦᠭᠦᠲᠡ ᠨᠠᠶᠢᠷᠠᠮᠳᠠᠬᠤ ᠳᠤᠮᠳᠠᠳᠦ ᠠᠷᠡᠳ ᠤᠯᠤᠰ ᠪᠠᠶᠢᠭᠤᠯᠤᠭᠳᠠᠭᠰᠡᠨ ᠤ ᠳᠠᠷᠠᠭ᠎ᠠ᠂ ᠮᠤᠤᠮᠢᠩᠭᠠᠨ ᠬᠤᠰᠢᠭᠤᠨ ᠤ ᠬᠠᠷᠢᠶᠠᠯᠠᠯ ᠨᠢ ᠳᠠᠷᠬᠠᠨ ᠬᠤᠰᠢᠭᠤ ᠲᠠᠢ ᠠᠳᠠᠯᠢ ᠪᠠᠶᠢᠳᠠᠭ᠃      ᠲᠦᠷᠪᠡᠳᠦᠭᠡᠷ ᠬᠡᠰᠡᠭ᠄ ᠰᠢᠷᠡᠭᠡᠲᠦ ᠬᠤᠰᠢᠭᠤ      ᠡᠩᠬᠡ ᠠᠮᠤᠭᠤᠯᠠᠩ ᠤᠨ ᠭᠤᠴᠢᠨ ᠲᠠᠪᠤᠳᠤᠭᠠᠷ ᠤᠨ ︵ᠤᠨ ᠲᠤᠭᠠᠯᠠᠯ ᠤᠨ 1696 ᠤᠨ︶ ᠳᠤ᠂ ᠲᠦᠮᠡᠳ ᠬᠤᠰᠢᠭᠤ ᠶᠢ ᠰᠠᠬᠢᠨ ᠰᠠᠭᠤᠬ᠎ᠠ ᠤᠪᠠᠰᠢ᠂ ᠳᠤᠷᠵᠢ ᠵᠠᠷᠭᠡ ᠬᠦᠮᠦᠰ ᠴᠡᠷᠢᠭ ᠢᠶᠠᠨ ᠳᠠᠭᠠᠭᠤᠯᠤᠨ ᠴᠢᠩ ᠤᠯᠤᠰ ᠤᠨ ᠴᠡᠷᠢᠭ ᠢ ᠲᠠᠭᠠᠨ ᠪᠠᠷᠠᠭᠤᠨᠰᠢ ᠭᠠᠯᠲᠡᠨ ᠪᠤᠱᠤᠭᠲᠦ ᠶᠢ ᠲᠠᠶᠢᠯᠡᠪᠡ᠃ ᠲᠠᠶᠢᠨ ᠤ ᠳᠠᠷᠠᠭ᠎ᠠ᠂ ᠬᠠᠷᠢ ᠶᠢᠨ ᠳᠠᠶᠢᠰᠦᠨ ᠢ ᠰᠡᠷᠡᠮᠵᠢᠯᠡᠬᠦ ᠶᠢᠨ ᠲᠦᠯᠦᠭᠡ᠂ ᠬᠠᠭᠠᠨ ᠤ ᠵᠠᠷᠯᠢᠭ ᠢᠶᠠᠷ ᠲᠦᠮᠡᠳ ᠬᠤᠰᠢᠭᠤᠨ ᠤ ᠬᠡᠰᠡᠭ ᠨᠤᠶᠠᠳ ᠪᠠᠶᠢᠯᠳᠤᠭᠴᠢᠳ  ᠶᠢ ᠲᠠᠯᠡᠨ ᠬᠠᠷ᠎ᠡ ᠠᠭᠤᠯᠡᠨ ᠤ ᠠᠷᠦ ᠪᠡᠯ ᠤᠨ ᠰᠢᠷᠠᠮᠦ᠋ᠷᠡᠨ ᠭᠤᠤᠯ ᠪᠤᠯᠤᠨ ᠠᠶᠢᠪᠠᠭ᠎ᠠ ᠭᠤᠤᠯ ᠤᠨ ᠬᠠᠪᠢ ᠪᠠᠷ ᠲᠤᠮᠢᠯᠠᠵᠦ᠂ ᠬᠠᠷᠠᠭᠤᠯ ᠤᠨ ᠭᠠᠵᠠᠷ 10 ᠢ ᠪᠠᠶᠢᠭᠤᠯᠵᠦ ᠬᠢᠯᠢ ᠰᠠᠬᠢᠭᠤᠯᠪᠡ᠃ ᠬᠠᠯᠬ᠎ᠠ ᠶᠢᠨ ᠪᠠᠷᠠᠭᠤᠨ ᠭᠠᠷᠤᠨ ᠬᠤᠰᠢᠭᠤᠨ ᠤ ᠬᠠᠷᠢᠶᠠᠨ ᠳᠤ 2 ᠭᠠᠵᠠᠷ᠂ ᠳᠦᠷᠪᠡᠳ ᠬᠤᠰᠢᠭᠤᠨ ᠳᠤ 4 ᠭᠠᠵᠠᠷ᠂ ᠤᠷᠠᠳ ᠤᠨ ᠭᠤᠷᠪᠠᠨ ᠭᠦᠩ  ᠤᠨ ᠬᠠᠷᠢᠶᠠᠨ ᠳᠤ 3 ᠭᠠᠵᠠᠷ᠂ ᠮᠤᠤᠮᠢᠩᠭᠠᠨ ᠬᠤᠰᠢᠭᠤᠨ ᠳᠤ 1 ᠭᠠᠵᠠᠷ ᠲᠤ ᠲᠤᠰ ᠲᠤᠰ ᠬᠠᠷᠠᠭᠤᠯ ᠪᠤᠰᠬᠠᠪᠡ᠃ ᠲᠡᠭᠷᠢ ᠲᠡᠳᠭᠦᠭᠴᠢ ᠬᠠᠭᠠᠨ ᠤ ᠭᠤᠴᠢᠨ ᠲᠦᠷᠪᠡᠳᠤᠭᠡᠷ ᠤᠨ ︵ᠤᠨ ᠲᠤᠭᠠᠯᠠᠯ ᠤᠨ 1769 ᠤᠨ︶ ᠳᠤ᠂ ᠭᠦᠢ ᠬᠤᠸᠠ ᠬᠤᠲᠡ ᠶᠢᠨ ᠰᠢᠷᠡᠭᠡᠳᠦ ᠵᠤᠤ ︵ᠶᠠᠨ ᠱᠧᠦ ᠰᠧ︶ ᠶᠢᠨ ᠭᠡᠭᠡᠨ ᠬᠤᠲᠤᠭᠲᠦ ᠠᠬᠸᠠᠩᠯᠤᠪᠰᠠᠩᠳᠡᠸ᠋ᠨ ᠬᠠᠭᠠᠨᠲᠦ ᠲᠦᠷᠦ ᠶᠢᠨ ᠠᠴᠢ ᠲᠤᠰᠡ ᠶᠢ ᠬᠠᠷᠢᠭᠤᠯᠬᠤ ᠶᠢᠨ ᠲᠦᠯᠦᠭᠡ᠂ ᠦᠪᠡᠷ ᠤᠨ ᠪᠡᠯᠴᠢᠭᠡᠷ ᠨᠤᠲᠤᠭ ᠤᠨ ᠬᠠᠷᠢᠶᠠᠨ ᠳᠠᠬᠢ ᠰᠢᠷᠡᠮᠦ᠋ᠷᠡᠨ ᠭᠤᠤᠯ ᠤᠨ ᠬᠦᠪᠡᠭᠡᠨ ᠳᠤ ᠨᠢᠭᠡ ᠰᠠᠭᠤᠷᠢ ᠰᠦᠮ᠎ᠡ ᠪᠠᠶᠢᠭᠤᠯᠵᠦ᠂ ᠲᠡᠭᠷᠢ ᠲᠡᠳᠭᠦᠭᠴᠢ ᠬᠠᠭᠠᠨ ᠠᠴᠠ ︽ᠬᠤᠲᠠᠯᠡ ᠨᠡᠶᠢᠯᠡᠭᠦᠯᠦᠭᠴᠢ ᠰᠦᠮ᠎ᠡ︾ ︵ᠵᠤᠤ ᠾᠧ︶ ᠭᠡᠬᠦ ᠨᠡᠷ᠎ᠡ ᠬᠠᠶᠢᠷᠠᠯᠡᠪᠡ᠃ ᠴᠢᠩ ᠤᠯᠤᠰ ᠠᠴᠠ ᠢᠷᠭᠡᠨ ᠤᠯᠤᠰ ᠬᠦᠷᠲᠡᠯ᠎ᠡ᠂ ᠲᠦᠮᠡᠳ ᠬᠤᠰᠢᠭᠤᠨ ᠤ ᠬᠠᠷᠢᠶᠠᠨ ᠳᠤ ᠪᠠᠶᠢᠵᠠᠢ᠃      ᠢᠷᠭᠡᠨ ᠤᠯᠤᠰ ᠤᠨ ᠬᠤᠷᠢᠨ ᠶᠢᠰᠦᠳᠤᠭᠡᠷ ᠤᠨ ︵ᠤᠨ ᠲᠤᠭᠠᠯᠠᠯ ᠤᠨ 1940 ᠤᠨ︶ ᠳᠤ ᠬᠠᠭᠤᠷᠮᠠᠭ ᠮᠤᠩᠭᠤᠯ ᠬᠢᠵᠠᠭᠠᠷ ᠤᠨ ᠵᠠᠰᠠᠭ ᠤᠨ ᠤᠷᠳᠤᠨ ᠰᠢᠷᠠᠮᠦ᠋ᠷᠡᠨ ︵ᠵᠤᠤ ᠾᠧ︶ ᠳᠤ ᠰᠢᠷᠡᠭᠡᠲᠦ ᠬᠤᠰᠢᠭᠤ ᠶᠢ ᠪᠠᠶᠢᠭᠤᠯᠵᠦ᠂ 4 ᠲᠤᠰᠠᠯᠠᠭᠴᠢ ᠨᠤᠶᠠᠨ ᠪᠠᠶᠢᠵᠦ᠂ ᠤᠯᠠᠭᠠᠨᠴᠠᠪ ᠠᠶᠢᠮᠠᠭ ᠤᠨ ᠬᠠᠷᠢᠶᠠᠨ ᠳᠤ ᠤᠷᠤᠭᠤᠯᠪᠡ᠃ 1945 ᠤᠨ᠂ ᠰᠢᠷᠡᠭᠡᠲᠦ ᠬᠤᠰᠢᠭᠤᠨ ᠤ ᠵᠠᠰᠠᠭ ᠵᠠᠬᠢᠷᠭᠠᠨ ᠢ ᠦᠭᠡᠶᠢᠰᠭᠡᠵᠦ᠂ ᠰᠤᠶᠢᠶᠦᠸᠠᠨ ᠮᠤᠵᠢ ᠶᠢᠨ ᠲᠦᠮᠡᠳ ᠬᠤᠰᠢᠭᠤᠨ ᠤ ᠬᠠᠮᠢᠶᠠᠷᠤᠯᠲᠡ ᠳᠤ ᠤᠷᠤᠭᠤᠯᠪᠡ᠃      1949 ᠤᠨ ᠤ 9 ᠰᠠᠷ᠎ᠡ ᠶᠢᠨ 19 ᠤ ᠡᠳᠦᠷ᠂ ᠰᠤᠶᠢᠶᠦᠸᠠᠨ ᠮᠤᠵᠢ ᠨᠠᠶᠢᠷᠠᠮᠳᠡᠯ ᠢᠶᠠᠷ  ᠴᠢᠯᠦᠭᠡᠯᠡᠭᠲᠡᠬᠦ  ᠶᠢᠨ ᠵᠡᠷᠭᠡᠪᠡᠷ ᠰᠢᠷᠠᠮᠦ᠋ᠷᠡᠨ ᠴᠦ ᠴᠢᠯᠦᠭᠡᠯᠡᠭᠳᠡᠪᠡ᠃ ᠤᠯᠤᠰ ᠪᠠᠶᠢᠭᠤᠯᠤᠭᠳᠠᠭᠰᠡᠨ ᠤ ᠡᠬᠢᠨ ᠤ ᠦᠶ᠎ᠡ ᠳᠤ᠂ ᠰᠤᠶᠢᠶᠦᠸᠠᠨ ᠮᠤᠵᠢ ᠶᠢᠨ ᠲᠦᠮᠡᠳ ᠬᠤᠰᠢᠭᠤᠨ ᠳᠤ ᠬᠠᠷᠢᠶᠠᠯᠠᠭᠳᠡᠵᠦ᠂ ᠳᠤᠯᠤᠳᠤᠭᠠᠷ ᠤᠷᠤᠨ ᠭᠡᠳᠡᠭ᠃ 1954 ᠤᠨ ᠳᠤ ᠵᠢᠩᠬᠢᠨᠢ ᠪᠠᠷ ᠤᠯᠠᠭᠠᠨᠴᠡᠪ ᠠᠶᠢᠮᠠᠭ ᠤᠨ ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠳᠤ ᠬᠠᠷᠢᠶᠠᠯᠠᠭᠳᠠᠵᠦ᠂ 1996 ᠤᠨ ᠤ 1 ᠰᠠᠷ᠎ᠡ ᠶᠢᠨ 1 ᠤ ᠡᠳᠦᠷ᠂ ᠪᠤᠭᠤᠲᠦ ᠬᠤᠲᠡ ᠳᠤ ᠬᠤᠪᠢᠶᠠᠭᠳᠠᠨ ᠤᠷᠤᠪᠡ᠃  
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号