ᠳᠠᠷᠬᠠᠨ ᠮᠤᠤᠮᠢᠩᠭᠠᠨ ᠬᠤᠰᠢᠭᠤ᠂ ᠪᠦᠬᠦᠯᠢ ᠨᠡᠷᠡᠶᠢᠳᠤᠯ ᠨᠢ ᠳᠠᠷᠬᠠᠨ ᠮᠤᠤᠮᠢᠩᠭᠠᠨ ᠬᠤᠯᠪᠤᠭᠠᠲᠦ | ᠬᠤᠰᠢᠭᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ 20 ᠬᠢᠯᠢ ᠬᠢᠵᠠᠭᠠᠷ ᠤᠨ ᠬᠤᠰᠢᠭᠤ ᠵᠢᠴᠢ 33 | ᠮᠠᠯᠵᠢᠬᠤ ᠬᠤᠰᠢᠭᠤᠨ ᠤ ᠨᠢᠭᠡ ᠨᠢ ᠪᠤᠯᠤᠨ᠎ᠡ᠃ ᠵᠠᠭᠦᠨ ᠤᠷᠳᠤᠷᠢᠭ ᠤᠨ 109°16′—111°25′᠂ | ᠤᠮᠠᠷᠠᠲᠦ ᠦᠷᠭᠡᠷᠢᠭ ᠤᠨ 41°20′—42°40° ᠳᠤ ᠤᠷᠤᠰᠢᠨ᠎ᠡ᠃ ᠵᠡᠭᠦᠨ ᠲᠠᠯ᠎ᠠ ᠪᠠᠷ ᠢᠶᠠᠨ | ᠤᠯᠠᠭᠠᠨᠴᠠᠪ ᠬᠤᠲᠠ ᠶᠢᠨ ᠲᠦᠷᠪᠡᠳ ᠬᠤᠰᠢᠭᠤ ᠲᠠᠢ ᠬᠦᠷᠰᠢᠯᠠᠵᠦ᠂ ᠪᠠᠷᠠᠭᠤᠨᠰᠢ ᠪᠠᠨ ᠪᠠᠶᠠᠨᠨᠠᠭᠤᠷ ᠤᠨ ᠤᠷᠠᠳ ᠤᠨ | ᠲᠤᠮᠲᠠᠲᠤ ᠬᠤᠰᠢᠭᠤ᠂ ᠡᠮᠦᠨᠡᠰᠢ ᠪᠠᠨ ᠬᠦᠭᠡᠬᠤᠲᠠ ᠶᠢᠨ ᠦᠴᠤᠸᠠᠨ ᠰᠢᠶᠠᠨ᠂ ᠪᠤᠭᠤᠲᠤ ᠬᠤᠲᠠ ᠶᠢᠨ ᠭᠦᠶᠠᠩ | ᠰᠢᠶᠡᠨ ᠲᠠᠢ ᠵᠠᠯᠭᠠᠯᠳᠤᠵᠦ᠂ ᠤᠮᠠᠷᠠᠲᠤ ᠲᠠᠯ᠎ᠠ ᠪᠠᠷ ᠢᠶᠠᠨ ᠮᠤᠩᠭᠤᠯ ᠤᠯᠤᠰ ᠲᠠᠢ ᠬᠢᠯᠢ ᠨᠡᠶᠢᠯᠡᠵᠦ᠂ ᠬᠢᠯᠢ ᠶᠢᠨ | ᠱᠤᠭᠤᠮ 88.6 ᠺᠢᠯᠤᠮᠧᠲᠷ᠃ ᠳᠤᠮᠳᠠᠳᠦ ᠮᠤᠩᠭᠤᠯ ᠤᠨ ᠮᠠᠨᠳᠤᠯ—ᠬᠠᠩᠭᠢ ᠬᠢᠯᠢ ᠶᠢᠨ ᠪᠤᠭᠤᠮᠲᠡ ᠨᠢ | ᠦᠪᠡᠷᠲᠡᠭᠡᠨ ᠵᠠᠰᠬᠤ ᠤᠷᠤᠨ ᠤ ᠤᠮᠠᠷᠠᠰᠢ ᠨᠡᠪᠲᠡᠷᠡᠬᠦ ᠴᠢᠬᠤᠯᠡ ᠵᠠᠮ ᠤᠨ ᠨᠢᠭᠡ ᠨᠢ ᠪᠤᠯᠤᠨ᠎ᠡ᠃ ᠬᠤᠰᠢᠭᠤᠨ ᠤᠨ | ᠶᠡᠷᠦᠩᠬᠡᠢ ᠲᠠᠯᠠᠪᠠᠢ ᠨᠢ 18177 ᠲᠡᠭᠰᠢ ᠳᠦᠷᠪᠡᠯᠵᠢᠨ ᠺᠢᠯᠤᠮᠧᠲᠷ᠂ 7 ᠪᠠᠯᠭᠠᠰᠤ᠂ 2 ᠰᠢᠶᠠᠩ᠂ 3 ᠰᠤᠮᠤ | ᠬᠠᠷᠢᠶᠠᠯᠠᠭᠳᠡᠵᠦ᠂ ᠬᠦᠮᠦᠨ ᠠᠮᠠ ᠶᠢᠨ ᠶᠡᠷᠦᠩᠬᠡᠢ ᠲᠤᠭ᠎ᠠ ᠨᠢ 12 ᠲᠦᠮᠡ ︵ᠡᠭᠦᠨ ᠳᠤ ᠴᠦᠬᠡᠨ ᠲᠤᠭᠠᠲᠦ | ᠦᠨᠳᠦᠰᠦᠲᠡᠨ 1.83 ᠲᠦᠮᠡᠨ ᠬᠦᠮᠦᠨ ᠪᠠᠶᠢᠨ᠎ᠡ︶᠂ ᠪᠤᠭᠤᠲᠦ ᠬᠤᠲᠠ ᠶᠢᠨ ᠴᠣᠷ ᠤᠨ ᠭᠠᠭᠴᠨ ᠮᠤᠩᠭᠤᠯ | ᠦᠨᠳᠦᠰᠦᠲᠡᠨ ᠢᠶᠠᠷ ᠭᠤᠤᠯ ᠪᠤᠯᠭᠠᠵᠦ᠂ ᠬᠢᠲᠡᠳ ᠦᠨᠳᠦᠰᠦᠲᠡᠨ ᠤᠯᠠᠨ ᠲᠤᠭ᠎ᠠ ᠶᠢ ᠡᠵᠡᠯᠡᠨ᠂ ᠤᠯᠡᠨ ᠦᠨᠳᠦᠰᠦᠲᠡᠨ | ᠲᠦᠪᠯᠡᠷᠡᠨ ᠰᠠᠭᠤᠷᠢᠰᠢᠭᠰᠡᠨ ᠬᠢᠯᠢ ᠬᠢᠵᠠᠭᠠᠷ ᠤᠨ ᠴᠦᠬᠡᠨ ᠲᠤᠭᠠᠲᠦ ᠦᠨᠳᠦᠰᠦᠲᠡᠨ ᠤ ᠤᠷᠤᠨ ᠪᠤᠯᠤᠨ᠎ᠡ᠃ | ᠬᠤᠰᠢᠭᠤᠨ ᠤ ᠵᠠᠰᠠᠭ ᠤᠨ ᠤᠷᠳᠤᠨ ᠤ ᠰᠠᠭᠤᠭ᠎ᠠ ᠭᠠᠵᠠᠷ ᠪᠠᠲᠤᠬᠠᠭᠠᠯᠭ᠎ᠠ ᠪᠠᠯᠭᠠᠰᠦ ᠨᠢ ᠦᠪᠡᠷᠲᠡᠭᠡᠨ ᠵᠠᠰᠠᠬᠤ | ᠤᠷᠤᠨ ᠤ ᠲᠦᠪ ᠬᠤᠲᠡ ᠬᠦᠬᠡᠬᠤᠲᠡ᠂ ᠦᠪᠡᠷᠲᠡᠭᠡᠨ ᠵᠠᠰᠠᠬᠤ ᠤᠷᠤᠨ ᠤ ᠬᠠᠮᠤᠭ ᠲᠤᠮᠦ ᠠᠵᠦ ᠦᠢᠯᠡᠳᠪᠦᠷᠢ ᠶᠢᠨ | ᠬᠤᠳᠠ ᠪᠤᠭᠤᠲᠦ ᠠᠴᠠ ᠴᠦᠮ 160 ᠺᠢᠯᠤᠮᠧᠲᠷ ᠤᠨ ᠵᠠᠶᠢᠲᠠᠢ ᠪᠠᠶᠢᠵᠦ᠂ ᠬᠦᠬᠡᠬᠤᠲᠠ᠂ ᠪᠤᠭᠤᠲᠦ᠂ ᠤᠷᠳᠤᠰ ᠤᠨ | ᠠᠵᠦ ᠠᠬᠤᠢ ᠶᠢᠨ ᠤᠷᠤᠨ ᠤ ᠬᠤᠶᠠᠷ ᠴᠠᠭ ᠤᠨ ᠰᠠᠴᠤᠷᠠᠭ ᠲᠤᠭᠤᠷᠢᠭ ᠲᠤ ᠤᠷᠤᠰᠢᠨ᠎ᠡ᠃ | 1949 ᠤᠨ ᠤ 9 ᠰᠠᠷ᠎ᠡ ᠶᠢᠨ 19 ᠤ ᠡᠳᠦᠷ᠂ ᠳᠠᠷᠬᠠᠨ ᠪᠠᠶᠢᠯ᠎ᠡ᠂ ᠮᠤᠤᠮᠢᠩᠭᠠᠨ ᠬᠤᠶᠠᠷ ᠬᠤᠰᠢᠭᠤ | ᠴᠢᠯᠦᠭᠡᠯᠡᠭᠳᠡᠵᠦ᠂ 1950 ᠤᠨ ᠤ 5 ᠰᠠᠷ᠎ᠡ ᠶᠢᠨ 1 ᠤ ᠡᠳᠦᠷ ᠪᠤᠯᠤᠨ 6 ᠰᠠᠷ᠎ᠡ ᠶᠢᠨ 1 ᠤ ᠡᠳᠦᠷ᠂ ᠲᠤᠰ ᠲᠤᠰ | ᠠᠷᠠᠳ ᠤᠨ ᠵᠠᠰᠠᠭ ᠵᠠᠬᠢᠷᠭᠠᠨ ᠤ ᠡᠷᠭᠡ ᠪᠠᠨ ᠪᠠᠶᠢᠭᠤᠯᠪᠡ᠃ ᠮᠦᠨ ᠲᠤᠰ ᠵᠢᠯ ᠳᠤ ᠨᠢ᠂ ᠳᠠᠷᠬᠠᠨ ᠪᠡᠶᠢᠯᠡ ᠬᠤᠰᠢᠭᠤ | ᠶᠢ ᠳᠠᠷᠬᠠᠨ ᠬᠤᠰᠢᠭᠤ ᠭᠡᠵᠦ ᠬᠠᠯᠠᠵᠡᠢ᠃ 1952 ᠤᠨ ᠤ 10 ᠰᠠᠷ᠎ᠡ ᠳᠤ᠂ ᠵᠠᠰᠠᠭ ᠵᠠᠬᠢᠷᠭᠠᠨ ᠤ ᠬᠤᠪᠢᠶᠠᠷᠢ ᠳᠤ | ᠲᠤᠬᠢᠷᠠᠭᠤᠯᠤᠯᠲᠡ ᠬᠢᠬᠦ ᠦᠶ᠎ᠡ ᠳᠤ᠂ ᠳᠠᠷᠠᠬᠨ᠂ ᠮᠤᠤᠮᠢᠩᠭᠠᠨ ᠬᠤᠶᠠᠷ ᠬᠤᠰᠢᠭᠤ ᠶᠢ ᠨᠡᠶᠢᠯᠡᠭᠦᠯᠦᠨ ᠳᠠᠷᠬᠠᠨ | ᠮᠤᠤᠮᠢᠩᠭᠠᠨ ᠬᠤᠯᠪᠤᠭᠠᠲᠦ ᠬᠤᠰᠢᠭᠤ ︵ᠳᠦᠭᠦᠮᠴᠢᠯᠡᠭᠡᠳ ᠳᠠᠷᠬᠠᠨ ᠮᠤᠤᠮᠢᠩᠭᠠᠨ ᠬᠤᠰᠢᠭᠤ︶ ᠪᠤᠯᠭᠠᠪᠡ᠃ 1954 | ᠤᠨ ᠳᠤ᠂ ᠲᠦᠪ ᠬᠤᠷᠢᠶ᠎ᠠ ᠠᠴᠠ ᠰᠦᠢᠶᠦᠸᠠᠨ ᠮᠤᠵᠢ ᠶᠢᠨ ᠵᠠᠰᠠᠭ ᠵᠠᠬᠢᠷᠭᠠᠨ ᠢ ᠦᠭᠡᠶᠢᠰᠬᠡᠵᠦ᠂ ᠳᠠᠷᠬᠠᠨ | ᠮᠤᠤᠮᠢᠩᠭᠠᠨ ᠬᠤᠯᠪᠤᠭᠠᠲᠦ ᠬᠤᠰᠢᠭᠤ ᠶᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠠᠭᠠᠨᠴᠠᠪ | ᠠᠶᠢᠮᠠᠭ ︵ᠤᠳᠤᠬᠢ ᠤᠯᠠᠭᠠᠨᠴᠠᠪ ᠬᠤᠲᠠ︶ ᠤᠨ ᠵᠠᠬᠢᠷᠭ᠎ᠠ ᠳᠤ ᠤᠷᠤᠭᠤᠯᠪᠡ᠃ 1996 ᠤᠨ ᠤ 1 ᠰᠠᠷ᠎ᠡ ᠳᠤ᠂ | ᠦᠪᠡᠷᠲᠡᠭᠡᠨ ᠵᠠᠰᠠᠬᠤ ᠤᠷᠤᠨ ᠤ ᠵᠠᠰᠠᠭ ᠵᠠᠬᠢᠷᠭᠠᠨ ᠤ ᠬᠤᠪᠢᠶᠠᠷᠢ ᠲᠤᠬᠢᠷᠠᠭᠤᠯᠤᠯᠲᠡ ᠶᠢᠨ ᠰᠠᠨᠠᠭᠤᠯᠭ᠎ᠠ ᠶᠢ | ᠦᠨᠳᠦᠰᠦᠯᠡᠨ᠂ ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠶᠢ ᠪᠤᠭᠤᠲᠦ ᠬᠤᠲᠡ ᠶᠢᠨ ᠵᠠᠬᠢᠷᠭ᠎ᠠ ᠳᠤ ᠡᠳᠦᠭᠡ | ᠪᠤᠯᠲᠡᠯ᠎ᠡ ᠬᠤᠪᠢᠶᠠᠨ ᠤᠷᠤᠭᠤᠯᠤᠭᠰᠡᠨ ᠪᠠᠶᠢᠨ᠎ᠡ᠃ | ᠳᠠᠷᠬᠠᠨ ᠮᠤᠤᠮᠢᠩᠭᠠᠨ ᠬᠤᠰᠢᠭᠤ ᠪᠤᠯ ᠦᠪᠦᠷ ᠮᠤᠩᠭᠤᠯ ᠤᠨ ᠤᠮᠠᠷᠠᠰᠢ ᠨᠡᠭᠡᠭᠡᠯᠲᠡ ᠬᠢᠬᠦ ᠴᠢᠬᠤᠯᠡ ᠵᠠᠮ | ᠤᠨ ᠨᠢᠭᠡ ᠨᠢ ᠪᠤᠯᠤᠨ᠎ᠡ᠂ ᠪᠤᠭᠤᠮᠲᠡ ᠶᠢᠨ ᠪᠠᠷᠠᠭ᠎ᠠ ᠲᠠᠸᠠᠷ ᠤᠨ ᠭᠦᠢᠯᠭᠡᠭᠡᠨ ᠤ ᠠᠵᠠ ᠳᠤᠬᠢᠶᠠᠯ ᠬᠡᠮᠵᠢᠶᠠᠯᠡᠰᠢ ᠦᠭᠡᠢ᠃ | ᠳᠠᠷᠬᠠᠨ ᠮᠤᠤᠮᠢᠩᠭᠠᠨ ᠬᠤᠰᠢᠭᠤ ᠨᠢ ︽ᠲᠠᠯ᠎ᠠ ᠨᠤᠲᠤᠭ ᠤᠨ ᠭᠠᠷᠠᠮ᠂ ᠬᠠᠭᠤᠷᠠᠢ ᠵᠠᠮ ᠤᠨ ᠪᠤᠭᠤᠮᠲᠡ︾ ᠬᠡᠭᠦ ᠢᠷᠠᠭᠤ | ᠴᠤᠯᠡ ᠲᠠᠢ᠃ ᠬᠤᠰᠢᠭᠤᠨ ᠤ ᠬᠠᠷᠢᠶᠠᠨ ᠳᠤ ᠪᠠᠶᠢᠭ᠎ᠠ ᠮᠠᠨᠳᠤᠯ ᠬᠢᠯᠢ ᠶᠢᠨ ᠪᠤᠭᠤᠮᠲᠡ ᠨᠢ ᠲᠦᠷᠦ ᠶᠢᠨ ᠶᠠᠪᠤᠲᠡᠯ ᠤᠨ | ᠬᠤᠷᠢᠶ᠎ᠠ ᠠᠴᠠ ᠵᠦᠪᠰᠢᠶᠠᠷᠡᠭᠰᠡᠨ ᠤᠯᠤᠰ ᠤᠨ ᠨᠢᠭᠡᠳᠦᠭᠡᠷ ᠲᠡᠰ ᠤᠨ ᠭᠠᠳᠠᠭᠠᠲᠦ ᠳᠤ ᠴᠢᠯᠦᠭᠡᠲᠠᠢ ᠨᠡᠭᠡᠭᠡᠯᠲᠡ ᠬᠢᠬᠦ | ᠪᠤᠭᠤᠮᠲᠡ ᠪᠠᠶᠢᠵᠦ᠂ ᠦᠪᠡᠷᠲᠡᠭᠡᠨ ᠵᠠᠰᠬᠤ ᠤᠷᠤᠨ ᠤ ᠲᠦᠪ ᠬᠤᠲᠡ ᠬᠦᠬᠡᠬᠤᠲᠡ ᠪᠡ ᠪᠤᠭᠤᠲᠦ ᠬᠤᠲᠡ ᠠᠴᠠ | ᠴᠦᠮ 280 ᠺᠢᠯᠤᠮᠧᠲᠷ ᠵᠠᠶᠢᠲᠡᠢ᠂ ᠮᠤᠩᠭᠤᠯ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠤᠲᠡ ᠠᠴᠠ ᠪᠠᠷᠤᠭ | 700 ᠺᠢᠯᠤᠮᠧᠲᠷ ᠵᠠᠶᠢᠲᠠᠢ᠂ ᠳᠤᠷᠤᠨ ᠭᠤᠪᠢ ᠮᠤᠵᠢ ᠶᠢᠨ ᠰᠠᠶᠢᠱᠠᠩᠲᠡ ᠬᠤᠲᠡ ᠠᠴᠠ 258 ᠺᠢᠯᠤᠮᠧᠲᠷ᠂ ᠵᠠᠭᠦᠨ | ᠪᠠᠶᠠᠨ ᠲᠡᠮᠦᠷ ᠵᠠᠮ ᠤᠨ ᠦᠷᠲᠡᠭᠡ ᠠᠴᠠ 213 ᠺᠢᠯᠤᠮᠧᠲᠷ ᠵᠠᠶᠢᠲᠡᠢ᠃ ᠤᠷᠤᠨ ᠪᠠᠶᠢᠷᠢ ᠶᠢᠨ ᠳᠠᠪᠠᠭᠤᠯᠢᠭ ᠴᠢᠨᠠᠷ ᠨᠢ | ᠢᠯᠡᠳᠲᠡ ᠪᠠᠶᠢᠳᠠᠭ᠃ | ᠳᠠᠷᠬᠠᠨ ᠮᠤᠤᠮᠢᠩᠭᠠᠨ ᠬᠤᠰᠢᠭᠤ ᠪᠤᠯ ᠤᠷᠤᠨ ᠨᠤᠲᠤᠭ ᠤᠨ ᠤᠨᠴᠠᠯᠢᠭ ᠢᠯᠡᠷᠭᠡᠢ ᠬᠢᠯᠢ ᠬᠢᠵᠠᠭᠠᠷ ᠤᠨ | ᠬᠤᠰᠢᠭᠤ ᠪᠤᠯᠤᠨ᠎ᠡ᠃ ᠬᠤᠲᠡ ᠬᠦᠲᠡᠭᠡ ᠶᠢᠨ ᠨᠢᠭᠡ ᠴᠤᠭᠴᠠᠵᠢᠯᠲᠡ ᠶᠢᠨ ᠬᠤᠷᠳᠦᠴᠡ ᠲᠠᠰᠤᠷᠠᠯᠲᠡ ᠦᠭᠡᠢ | ᠲᠦᠷᠭᠡᠳᠴᠦ ᠪᠠᠶᠢᠨ᠎ᠡ᠃ ᠦᠢᠷ᠎ᠡ ᠶᠢᠨ ᠵᠢᠯ ᠳᠤ᠂ ᠮᠠᠨ ᠤ ᠬᠤᠰᠢᠭᠤ ᠬᠤᠲᠡ ᠪᠠᠯᠭᠠᠰᠦᠨ ᠤ ᠪᠦᠲᠦᠭᠡᠨ | ᠪᠠᠶᠢᠭᠤᠯᠤᠯᠲᠡ ᠪᠠᠷ ᠮᠠᠯᠵᠢᠬᠤ ᠲᠠᠷᠢᠶᠠᠯᠠᠬᠤ ᠤᠷᠤᠨ ᠤ ᠠᠵᠦ ᠠᠬᠤᠢ ᠶᠢᠨ ᠬᠦᠭᠵᠢᠯᠲᠡ᠂ ᠬᠤᠲᠡ ᠬᠦᠳᠡᠭᠡ ᠶᠢᠨ | ᠨᠢᠭᠡ ᠴᠤᠭᠴᠠᠵᠢᠯᠲᠡ ᠶᠢ ᠠᠬᠢᠭᠤᠯᠦᠨ ᠳᠠᠶᠢᠴᠢᠯᠠᠬᠤ ᠪᠠᠷ ᠪᠠᠶᠢᠯᠲᠤᠬᠤ ᠪᠤᠳᠤᠯᠭ᠎ᠠ ᠪᠤᠯᠭᠠᠵᠦ᠂ ︽ᠮᠠᠯᠵᠢᠬᠤ | ᠲᠠᠷᠢᠶᠠᠯᠠᠬᠤ ᠤᠷᠤᠨ ᠤ ᠬᠦᠮᠦᠨ ᠠᠮᠡ ᠶᠢᠨ ᠬᠤᠲᠠ ᠪᠠᠯᠭᠠᠰᠦᠨ ᠳᠤ ᠲᠦᠪᠡᠯᠡᠷᠡᠬᠦ︾ ᠪᠠᠷ ᠵᠢᠯᠤᠭᠤᠳᠤᠯᠭ᠎ᠠ ᠪᠤᠯᠭᠠᠵᠦ᠂ | ᠪᠠᠲᠤᠬᠠᠭᠠᠯᠭ᠎ᠠ ᠪᠠᠯᠭᠠᠰᠦ 5.4 ᠲᠡᠭᠰᠢ ᠲᠦᠷᠪᠡᠯᠵᠢᠨ ᠺᠢᠯᠤᠮᠧᠲᠷ ᠤᠨ ᠰᠢᠨ᠎ᠡ ᠬᠤᠲᠡ ᠲᠤᠭᠤᠷᠢᠭ ᠪᠡ 1.7 ᠲᠡᠭᠰᠢ | ᠲᠦᠷᠪᠡᠯᠵᠢᠨ ᠺᠢᠯᠤᠮᠧᠲᠷ ᠤᠨ ᠪᠠᠢ ᠯᠢᠩ ᠠᠵᠦ ᠦᠢᠯᠡᠰ ᠤᠨ ᠲᠤᠭᠤᠷᠢᠭ ᠢ ᠪᠠᠶᠢᠭᠤᠯᠬᠤ ᠲᠦᠰᠦᠯ ᠲᠤᠭᠲᠠᠭᠠᠵᠦ᠂ | ᠬᠤᠲᠡ ᠲᠤᠭᠤᠷᠢᠭ ᠤᠨ ᠲᠦᠯᠦᠪᠯᠡᠭᠡᠲᠦ ᠲᠠᠯᠠᠪᠡᠢ ᠨᠢ ᠤᠤᠯ ᠤᠨ ᠬᠠᠭᠤᠴᠢᠨᠬᠤᠲᠡᠶᠢᠨ 2.4 ᠲᠡᠭᠰᠢ ᠲᠦᠷᠪᠡᠯᠵᠢᠨ | ᠺᠢᠯᠤᠮᠧᠲᠷ ᠠᠴᠠ ᠨᠡᠮᠡᠭᠳᠡᠭᠡᠳ 9.5 ᠲᠡᠭᠰᠢ ᠲᠦᠷᠪᠡᠯᠵᠢᠨ ᠺᠢᠯᠤᠮᠧᠲᠷ ᠪᠤᠯᠪᠡ᠃ ᠬᠤᠲᠡ ᠪᠠᠯᠭᠠᠰᠦᠨ ᠤ ᠰᠠᠭᠤᠷᠢ | ᠲᠦᠭᠦᠭᠡᠷᠦᠮᠵᠢ᠂ ᠰᠠᠭᠤᠭᠠᠯᠢ ᠠᠷᠡᠳ ᠤᠨ ᠤᠷᠤᠰᠢᠨ ᠠᠮᠢᠳᠤᠷᠠᠬᠤ ᠤᠷᠴᠢᠨ ᠲᠤᠭᠤᠷᠢᠨ ᠨᠢ ᠪᠦᠷ ᠢᠯᠡᠳᠲᠡ | ᠰᠠᠶᠢᠵᠢᠷᠡᠪᠡ᠃ ᠰᠢᠨ᠎ᠡ ᠬᠦᠳᠡᠭᠡ ᠲᠤᠰᠬᠤᠨ᠂ ᠰᠢᠨ᠎ᠡ ᠮᠠᠯᠵᠢᠬᠤ ᠤᠷᠤᠨ ᠤ ᠪᠦᠲᠦᠭᠡᠨ ᠪᠠᠶᠢᠭᠤᠯᠤᠯᠲᠡ ᠶᠢ | ᠨᠢᠭᠡᠲᠦᠯᠲᠡᠢ ᠡᠵᠡᠮᠳᠡᠵᠦ᠂ ᠬᠦᠳᠡᠭᠡ ᠲᠤᠰᠬᠤᠨ ᠮᠠᠯᠵᠢᠬᠤ ᠤᠷᠤᠨ ᠳᠤ 60 ᠲᠦᠪ ᠲᠤᠰᠬᠤᠨ᠂ 140 ᠦᠨᠳᠦᠰᠦᠨ | ᠲᠤᠰᠬᠤᠨ ᠪᠠᠭᠲᠠᠭᠠᠬᠤ ᠬᠦᠳᠡᠭᠡ ᠲᠤᠰᠬᠤᠨ ᠤ ᠪᠠᠶᠢᠷᠢᠯᠠᠭᠤᠯᠤᠯᠲᠡ ᠶᠢ ᠪᠦᠷᠢᠯᠳᠦᠭᠦᠯᠵᠦ᠂ ︽ᠠᠷᠪᠡ ᠶᠢ ᠪᠦᠷᠬᠦᠭᠦᠯᠬᠦ︾ | ᠢᠨᠵᠧᠨᠧᠷᠢᠩ ᠢ ᠢᠳᠡᠪᠬᠢᠯᠡᠨ ᠠᠬᠢᠭᠤᠯᠵᠦ᠂ ᠡᠷᠦᠭᠡ ᠠᠮᠡ ᠨᠢ ᠨᠡᠭᠦᠵᠦ ᠰᠢᠯᠵᠢᠭᠰᠡᠨ ᠬᠠᠭᠤᠴᠢᠨ ᠲᠤᠰᠬᠤᠨ ᠤ ᠭᠡᠷ | ᠪᠠᠶᠢᠰᠢᠩ ᠤᠨ ᠨᠤᠷᠠᠭᠠᠵᠦ ᠲᠡᠭᠰᠢᠯᠡᠬᠦ ᠠᠵᠢᠯ ᠢ ᠬᠠᠮᠲᠦ ᠳᠤ ᠨᠢ ᠬᠢᠵᠦ᠂ ᠮᠠᠯᠴᠢᠨ ᠲᠠᠷᠢᠶᠠᠴᠢᠳ ᠤᠨ ᠵᠠᠮ | ᠬᠠᠷᠢᠯᠴᠠᠭ᠎ᠠ᠂ ᠤᠰᠦᠨ ᠠᠰᠢᠭᠯᠠᠯᠲᠡ ᠵᠠᠷᠭᠡ ᠰᠠᠭᠤᠷᠢ ᠲᠦᠭᠦᠭᠡᠷᠦᠮᠵᠢ ᠶᠢᠨ ᠨᠦᠭᠦᠴᠡᠯ ᠨᠡᠯᠢᠶᠠᠳ ᠰᠠᠶᠢᠨ ᠪᠠᠶᠢᠬᠤ | ᠭᠠᠵᠠᠷ ᠤᠷᠤᠨ ᠳᠤ ᠨᠡᠭᠦᠨ ᠰᠢᠯᠵᠢᠬᠦ ᠶᠢ ᠠᠬᠢᠭᠤᠯᠵᠦ᠂ ᠦᠷᠬᠦᠯᠵᠢᠯᠡᠨ ᠬᠦᠭᠵᠢᠬᠦ ᠵᠠᠮ ᠢ ᠪᠠᠲᠦ ᠪᠠᠷᠢᠮᠲᠠᠯᠠᠨ᠎ᠡ᠃ | 2012 ᠤᠨ ᠠᠴᠠ ᠨᠠᠰᠢ᠂ ᠮᠠᠨ ᠤ ᠬᠤᠰᠢᠭᠤ ᠤᠷᠢᠳ ᠬᠤᠵᠢᠳ ︽ᠤᠯᠤᠰ ᠤᠨ ᠤᠯᠡᠨ ᠲᠦᠮᠡᠨ ᠤ | ᠪᠡᠶ᠎ᠡ ᠲᠠᠮᠢᠷ ᠤᠨ ᠬᠦᠳᠡᠯᠭᠡᠭᠡᠨ ᠤ ᠲᠡᠷᠢᠭᠦᠨ ᠤ ᠨᠢᠭᠡᠴᠠ︾᠂ ︽ᠦᠪᠡᠷᠲᠡᠭᠡᠨ ᠵᠠᠰᠠᠬᠤ ᠤᠷᠤᠨ ᠤ ᠦᠨᠳᠦᠰᠦᠲᠡᠨ ᠤ | ᠪᠦᠯᠬᠦᠮᠳᠡᠯ ᠳᠠᠪᠰᠢᠯᠲᠡ ᠶᠢᠨ ᠵᠢᠱᠢᠶ᠎ᠡ ᠦᠵᠡᠭᠦᠯᠬᠦ ᠬᠤᠰᠢᠭᠤ︾᠂ ︽ᠰᠢᠶᠠᠨ ᠤ ᠲᠡᠰ ᠤᠨ ᠠᠵᠦ ᠠᠬᠤᠢ ᠶᠢᠨ | ᠬᠦᠭᠵᠢᠯᠲᠡ ᠶᠢᠨ ᠵᠢᠱᠢᠶ᠎ᠡ ᠦᠵᠡᠭᠦᠯᠬᠦ ᠬᠤᠰᠢᠭᠤ︾ ᠵᠠᠷᠭᠡ ᠪᠠᠷ ᠦᠨᠡᠯᠡᠭᠳᠡᠵᠦ᠂ ︽ᠪᠦᠬᠦ ᠤᠯᠤᠰ ᠤᠨ ᠦᠨᠳᠦᠰᠦᠲᠡᠨ | ᠤ ᠪᠦᠯᠬᠦᠮᠳᠡᠯ ᠳᠠᠪᠰᠢᠯᠲᠡ ᠶᠢ ᠴᠤᠭᠴᠠᠯᠡᠨ ᠪᠠᠶᠢᠭᠤᠯᠬᠤ ᠬᠦᠳᠡᠯᠭᠡᠭᠡᠨ ᠤ ᠵᠢᠱᠢᠶᠠᠴᠢ ᠨᠢᠭᠡᠴᠡ︾᠂ ︽ᠪᠦᠬᠦ ᠤᠯᠤᠰ | ᠤᠨ ᠨᠤᠲᠤᠭ ᠪᠡᠯᠴᠢᠭᠡᠷ ᠤᠨ ᠬᠠᠮᠠᠭᠠᠯᠠᠯᠲᠡ ᠶᠢᠨ ᠪᠦᠲᠦᠭᠡᠨ ᠪᠠᠶᠢᠭᠤᠯᠤᠯᠲᠡ ᠶᠢᠨ ᠰᠢᠨᠵᠢᠯᠡᠬᠦ ᠤᠬᠠᠭᠠᠨ ᠮᠠᠷᠭᠡᠵᠢᠯ | ᠤᠨ ᠶᠡᠷᠦᠩᠬᠡᠶᠢᠯᠡᠭᠰᠡᠨ ᠵᠢᠱᠢᠶᠠᠴᠢ ᠤᠷᠤᠨ︾᠂ ︽ᠪᠦᠬᠦ ᠤᠷᠤᠨ ᠤ ᠮᠠᠯᠵᠢᠬᠤ ᠲᠠᠷᠢᠶᠠᠯᠠᠬᠤ ᠤᠷᠤᠨ ᠤ ᠬᠦᠳᠡᠯᠮᠦᠷᠢ | ᠬᠦᠴᠦᠨ ᠤ ᠰᠢᠯᠵᠢᠯᠲᠡ ᠵᠢᠴᠢ ᠠᠵᠢᠯ ᠤᠯᠭᠤᠯᠲᠡ ᠶᠢᠨ ᠵᠢᠱᠢᠶᠠᠴᠢ ᠬᠤᠰᠢᠭᠤ︾ ᠵᠠᠷᠭᠡ ᠢᠷᠠᠭᠤ ᠠᠯᠲᠡᠷ ᠢ | ᠬᠦᠷᠲᠡᠵᠦ᠂ ︽ᠳᠤᠮᠳᠠᠳᠦ ᠤᠯᠤᠰ ᠤᠨ ᠬᠠᠰᠡᠷ ᠤᠨ ᠲᠠᠬᠢᠯᠭ᠎ᠠ ᠶᠢᠨ ᠰᠤᠶᠤᠯ ᠤᠨ ᠨᠤᠲᠤᠭ︾᠂ ︽ᠳᠤᠮᠳᠠᠲᠦ ᠤᠯᠤᠰ | ᠤᠨ ᠴᠤᠭᠯᠠᠭ᠎ᠠ ᠬᠤᠯᠪᠤᠭ᠎ᠠ ᠶᠢᠨ ᠰᠤᠶᠤᠯ ᠤᠨ ᠨᠤᠲᠤᠭ︾᠂ ︽ᠳᠤᠮᠳᠠᠳᠦ ᠤᠯᠤᠰ ᠤᠨ ᠮᠤᠩᠭᠤᠯ ᠦᠨᠳᠦᠰᠦᠲᠡᠨ ᠤ | ᠨᠡᠭᠦᠳᠡᠯ ᠰᠤᠶᠤᠯ ᠤᠨ ᠰᠤᠳᠤᠯᠬᠤ ᠰᠠᠭᠤᠷᠢᠨ ᠭᠠᠵᠠᠷ︾ ᠵᠠᠷᠭᠡ ᠨᠡᠷ᠎ᠡ ᠴᠤᠯᠡ ᠲᠠᠢ ᠪᠤᠯᠪᠡ᠃ ᠮᠦᠨ ᠴᠦ ᠠᠮᠵᠢᠯᠲᠡ | ᠲᠠᠢ ᠪᠠᠷ ᠤᠯᠤᠰ ᠤᠨ ᠲᠡᠰ ᠤᠨ ᠡᠷᠡᠭᠦᠯ ᠬᠠᠮᠠᠭᠠᠯᠠᠯ ᠤᠨ ᠬᠤᠰᠢᠭᠤ ᠰᠢᠶᠠᠨ ᠤ ᠡᠩᠨᠡᠭᠡ ᠳᠤ ᠤᠷᠤᠪᠡ᠃ | | | | |