ᠭᠠᠵᠠᠷ ᠵᠦᠢ ᠠᠭᠤᠷ ᠠᠮᠢᠰᠬᠤᠯ
ᠨᠡᠶᠢᠲᠡᠯᠡᠭᠰᠡᠨ ᠴᠠᠭ᠄
2018-03-19
          ᠨᠢᠭᠡ᠄ ᠭᠠᠵᠠᠷ ᠵᠦᠢ       ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠲᠡᠯᠡᠨ ᠬᠠᠷ᠎ᠡ ᠠᠭᠤᠯᠡ ᠶᠢᠨ ᠪᠠᠷᠠᠭᠤᠨ ᠬᠤᠶᠢᠨᠠᠬᠢ ᠦᠪᠦᠷ ᠮᠤᠩᠭᠤᠯ ᠶᠢᠨ ᠦᠨᠳᠦᠷᠯᠢᠭ ᠤᠨ ᠪᠦᠰᠡ ᠳᠤ ᠤᠷᠤᠰᠢᠵᠦ᠂ ᠭᠠᠵᠠᠷ ᠤᠨ ᠪᠠᠶᠢᠴᠡ ᠨᠢ ᠡᠮᠦᠨ᠎ᠡ ᠲᠠᠯ᠎ᠡ ᠳᠤ ᠪᠠᠨ ᠦᠨᠳᠦᠷ᠂ ᠤᠮᠠᠷᠡᠲᠦ ᠲᠠᠯ᠎ᠡ ᠳᠤ ᠪᠠᠨ ᠨᠡᠮ ᠪᠠᠶᠢᠵᠦ᠂ ᠢᠳᠡᠭ ᠢᠳᠡᠭ ᠢᠶᠠᠷ ᠤᠮᠠᠷᠠᠰᠢ ᠪᠠᠨ ᠬᠡᠯᠪᠡᠶᠢᠭᠰᠡᠨ ᠪᠠᠶᠢᠳᠠᠭ᠃ ᠡᠮᠦᠨ᠎ᠡ ᠬᠡᠰᠡᠭ ᠨᠢ ᠲᠤᠪᠤᠷᠬᠠᠭ ᠤᠷᠤᠨ ᠳᠤ ᠬᠠᠷᠢᠶᠠᠯᠠᠭᠳᠡᠵᠦ᠂ ᠳᠤᠮᠲᠡ᠂ ᠪᠠᠷᠠᠭᠤᠨ ᠬᠡᠰᠡᠭ ᠲᠤᠨᠢ ᠪᠤᠭᠤᠨᠢ ᠠᠭᠤᠯᠡᠨ ᠭᠦᠳᠦᠯ ᠲᠠᠢ᠂ ᠤᠮᠠᠷᠠᠳᠦ ᠬᠡᠰᠡᠭ ᠨᠢ ᠦᠨᠳᠦᠷᠯᠢᠭ ᠤᠨ ᠲᠡᠭᠰᠢ ᠲᠠᠯ᠎ᠡ ᠳᠤ ᠬᠠᠷᠢᠶᠠᠯᠠᠭᠳᠡᠵᠦ᠂ ᠵᠠᠪᠰᠡᠷ ᠳᠤ ᠨᠢ ᠦᠷᠭᠡᠨ ᠬᠦᠳᠡᠭᠡ ᠬᠡᠭᠡᠷ᠎ᠡ ᠠᠯᠤᠰᠯᠡᠵᠦ ᠪᠠᠶᠢᠨ᠎ᠡ᠃ ᠲᠡᠭᠰᠢᠳᠭᠡᠭᠡᠳ ᠲᠠᠯᠡᠢ ᠶᠢᠨ ᠲᠦᠪᠰᠢᠨ‌ᠡᠴᠠ 1376 ᠮᠧᠲᠷ ᠦᠨᠳᠦᠷ ᠡᠷᠭᠦᠭᠳᠡᠵᠠᠢ᠃ ᠬᠠᠮᠤᠭ ᠦᠨᠳᠦᠷ ᠴᠡᠭ ᠨᠢ ᠬᠠᠪᠲᠠᠭᠠᠢ ᠵᠠᠰ ᠤᠪᠤᠭ᠎ᠠ᠂ ᠲᠠᠯᠡᠢ ᠶᠢᠨ ᠲᠦᠪᠰᠢᠨ ᠠᠴᠠ ᠲᠡᠭᠡᠭᠰᠢ 1846 ᠮᠧᠲᠷ ᠦᠨᠳᠦᠷ᠂ ᠬᠠᠮᠤᠭ ᠳᠤᠤᠷ᠎ᠡ ᠴᠡᠭ ᠨᠢ ᠲᠡᠭᠷᠢ ᠨᠠᠭᠤᠷ᠂ ᠲᠠᠯᠡᠢ ᠶᠢᠨ ᠲᠦᠪᠰᠢᠨ ᠠᠴᠠ ᠲᠡᠭᠡᠭᠰᠢ 1058 ᠮᠧᠲᠷ ᠦᠨᠳᠦᠷ ᠪᠠᠶᠢᠨ᠎ᠡ᠃ ᠭᠤᠤᠯ ᠪᠤᠯᠬᠤ ᠠᠭᠤᠯᠡ ᠨᠢ ᠤᠩᠭᠤᠨ ᠠᠭᠤᠯᠡ᠂ ᠪᠠᠶᠠᠨ ᠤᠪᠤᠭ᠎ᠠ᠂ ᠬᠠᠷ᠎ᠡ ᠤᠪᠤᠭ᠎ᠠ᠂ ᠪᠠᠭᠠᠲᠤᠷ ᠤᠪᠤᠭ᠎ᠠ ᠵᠠᠷᠭᠡ ᠪᠠᠶᠢᠳᠠᠭ᠃       ᠬᠤᠶᠠᠷ᠄ ᠠᠭᠤᠷ ᠠᠮᠢᠰᠬᠤᠯ       ᠳᠠᠷᠬᠠᠨ ᠮᠤᠤᠮᠢᠩᠭᠠᠨ ᠬᠤᠯᠪᠤᠭᠠᠲᠦ ᠬᠤᠰᠢᠭᠤ ᠰᠡᠷᠢᠭᠦᠨ ᠪᠦᠰᠡᠨ ᠤ ᠤᠷᠤᠨ ᠳᠤ ᠤᠷᠤᠰᠢᠵᠦ᠂ ᠳᠤᠲᠤᠭᠠᠲᠦ ᠬᠠᠭᠤᠷᠠᠢ ᠶᠢᠨ ᠬᠡᠪᠡᠯᠢ ᠤᠷᠤᠨ ᠳᠤ ᠪᠠᠶᠢᠷᠢᠯᠠᠵᠦ ᠪᠠᠶᠢᠬᠤ ᠠᠴᠠ ᠡᠭᠡ ᠭᠠᠵᠠᠷ ᠤᠨ ᠴᠢᠨᠠᠷᠲᠡᠢ ᠠᠭᠤᠷ ᠠᠮᠢᠰᠬᠤᠯ ᠤᠨ ᠤᠨᠴᠠᠯᠢᠭ ᠢᠯᠡᠷᠭᠡᠢ᠂ ᠰᠡᠷᠢᠭᠦᠨ ᠪᠦᠰᠡᠨ ᠤ ᠬᠠᠭᠠᠰ ᠭᠠᠩ ᠬᠠᠭᠤᠷᠠᠢ ᠡᠬᠡ ᠭᠠᠵᠠᠷ ᠤᠨ ᠴᠢᠨᠠᠷᠲᠡᠢ ᠠᠭᠤᠷ ᠠᠮᠢᠰᠬᠤᠯ ᠳᠤ ᠪᠠᠭᠲᠡᠨ᠎ᠡ᠃ ᠡᠪᠦᠯ ᠤᠨ ᠤᠯᠠᠷᠢᠯ ᠤᠷᠲᠦ ᠮᠦᠷᠲᠡᠭᠡᠨ ᠬᠦᠢᠲᠡᠨ᠂ ᠬᠠᠪᠤᠷ ᠤᠨ ᠤᠯᠠᠷᠢᠯ ᠭᠠᠩ ᠬᠠᠭᠤᠷᠠᠢ ᠪᠦᠭᠡᠳ ᠰᠠᠯᠬᠢ ᠰᠢᠭᠤᠷᠭ᠎ᠠ ᠶᠡᠬᠡᠲᠠᠢ᠂ ᠵᠤᠨ ᠤ ᠤᠯᠠᠷᠢᠯ ᠤᠬᠤᠷ᠂ ᠰᠡᠷᠢᠭᠦᠨ ᠲᠠᠭᠠᠯᠠᠮᠵᠢᠲᠠᠢ ᠪᠠᠶᠢᠲᠠᠭ᠃ ᠬᠠᠯᠠᠭᠤᠨ ᠬᠦᠢᠲᠡᠨ ᠤ ᠬᠤᠪᠢᠷᠠᠯᠲᠡ ᠰᠦᠷᠡᠬᠡᠢ᠂ ᠡᠳᠦᠷ ᠰᠦᠨᠢ ᠶᠢᠨ ᠳᠤᠯᠠᠭᠠᠨ ᠤ ᠬᠡᠮᠵᠢᠶᠠᠨ ᠤ ᠵᠦᠷᠢᠶ᠎ᠡ ᠶᠡᠭᠡ᠂ ᠬᠤᠷ᠎ᠡ ᠪᠤᠷᠤᠭᠠᠨ ᠴᠤᠬᠠᠭ ᠮᠦᠷᠲᠡᠭᠡᠨ ᠵᠢᠯ ᠤᠨ ᠬᠤᠭᠤᠷᠤᠳᠤᠬᠢ ᠬᠤᠪᠢᠷᠠᠯᠲᠡ ᠶᠢᠨ ᠵᠦᠷᠢᠶ᠎ᠠ ᠶᠡᠭᠡ᠂ ᠬᠢᠷᠠᠭᠤ ᠦᠭᠡᠢ ᠬᠤᠭᠤᠴᠠᠭ᠎ᠠ ᠨᠢ ᠤᠬᠤᠷ᠂ ᠠᠭᠤᠷᠰᠢᠯᠲᠡ ᠶᠢᠨ ᠬᠡᠮᠵᠢᠶ᠎ᠡ ᠨᠢ ᠶᠡᠭᠡ᠂ ᠰᠠᠯᠬᠢ ᠶᠡᠭᠡᠲᠠᠢ᠂ ᠨᠡᠷᠡᠨ ᠤ ᠲᠤᠰᠤᠯᠲᠡ ᠭᠦᠢᠴᠡᠳ᠂ ᠠᠰᠢᠭᠯᠠᠵᠦ ᠪᠤᠯᠬᠤ ᠳᠤᠯᠠᠭᠠᠨ ᠤ ᠬᠠᠳᠠᠭᠠᠯᠠᠭᠳᠠᠴᠡ ᠨᠢ ᠠᠷᠪᠢᠨ᠃ 30 ᠵᠢᠯ ᠤᠨ ᠳᠤᠲᠤᠷ᠎ᠡ᠂ ᠠᠭᠠᠷ ᠤᠨ ᠳᠤᠯᠠᠭᠠᠨ ᠤ ᠳᠤᠮᠳᠠᠴᠢ ᠬᠡᠮᠵᠢᠶ᠎ᠡ ᠨᠢ 4.2℃᠃ ᠬᠠᠮᠤᠭ ᠳᠤᠤᠷ᠎ᠡ ᠲᠤᠯᠠᠭᠠᠨ ᠤ ᠬᠡᠮᠵᠢᠶ᠎ᠡ ᠨᠢ -39.4℃᠂ ᠬᠠᠮᠤᠭ ᠤᠨ ᠦᠨᠳᠦᠷ ᠲᠤᠯᠠᠭᠠᠨ ᠤ ᠬᠡᠮᠵᠢᠶ᠎ᠡ ᠨᠢ 38.0℃᠃ ᠬᠠᠮᠤᠭ ᠤᠷᠲᠦ ᠬᠢᠷᠠᠭᠤ ᠦᠭᠡᠢ ᠬᠤᠭᠤᠴᠠᠭ᠎ᠠ ᠨᠢ 217 ᠡᠳᠦᠷ᠂ ᠬᠠᠮᠤᠭ ᠤᠬᠤᠷ ᠬᠤᠭᠤᠴᠠᠭ᠎ᠠ ᠨᠢ 95 ᠡᠳᠦᠷ᠃ ᠵᠢᠯ ᠤᠨ ᠲᠤᠨᠳᠠᠰᠤᠨ ᠤ ᠳᠤᠮᠳᠠᠴᠢ ᠬᠡᠮᠵᠢᠶ᠎ᠡ ᠨᠢ 256.2 ᠮᠢᠯᠢᠮᠧᠲᠷ ᠪᠠᠶᠢᠵᠦ᠂ 7 ᠪᠡ 8 ᠳ᠋ᠤᠭᠠᠷ ᠰᠠᠷ᠎ᠠ ᠳᠤ ᠲᠦᠪᠯᠡᠷᠡᠳᠡᠭ᠃ ᠵᠢᠯ ᠤᠨ ᠬᠠᠮᠤᠭ ᠤᠯᠠᠨ ᠲᠤᠨᠳᠠᠰᠤᠨ ᠤ ᠬᠡᠮᠵᠢᠶ᠎ᠡ ᠨᠢ 425.2 ᠮᠢᠯᠢᠮᠧᠲᠷ᠂ ᠬᠠᠮᠤᠭ ᠪᠠᠭ᠎ᠠ ᠬᠡᠮᠵᠢᠶ᠎ᠡ ᠨᠢ 142.6 ᠮᠢᠯᠢᠮᠧᠲᠷ᠂ ᠡᠳᠦᠷ ᠤᠨ ᠬᠠᠮᠤᠭ ᠤᠯᠠᠨ ᠲᠤᠨᠳᠠᠰᠤᠨ ᠤ ᠬᠡᠮᠵᠢᠶ᠎ᠡ ᠨᠢ 90.8 ᠮᠢᠯᠢᠮᠧᠲᠷ᠂ ᠠᠭᠤᠷᠰᠢᠯᠲᠡ ᠶᠢᠨ ᠵᠢᠯ ᠤᠨ ᠳᠤᠮᠳᠠᠴᠢ ᠬᠡᠮᠵᠢᠶ᠎ᠡ  ᠨᠢ 2526.4 ᠮᠢᠯᠢᠮᠧᠲᠷ ᠪᠠᠶᠢᠨ᠎ᠡ᠃
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号