ᠲᠡᠭᠷᠢ ᠨᠠᠭᠤᠷ
ᠨᠡᠶᠢᠲᠡᠯᠡᠭᠰᠡᠨ ᠴᠠᠭ᠄
2018-10-11

     ᠲᠡᠭᠷᠢ ᠨᠠᠭᠤᠷ ᠨᠢ ᠦᠪᠦᠷ ᠮᠤᠩᠭᠤᠯ ᠤᠨ ᠪᠤᠭᠤᠲᠦ ᠬᠤᠲᠡ ᠶᠢᠨ ᠲᠠᠷᠬᠠᠨ ᠮᠤᠤᠮᠢᠩᠭᠠᠨ ᠬᠤᠯᠪᠤᠭᠠᠲᠦ

ᠬᠤᠰᠢᠭᠤᠨ ᠤ ᠵᠡᠭᠦᠨ ᠬᠤᠶᠢᠲᠦ ᠬᠡᠰᠡᠭ ᠲᠤ ᠪᠠᠶᠢᠷᠢᠯᠠᠵᠦ᠂ ᠴᠦᠯᠵᠢᠮᠡᠯ ᠦᠨᠳᠦᠷᠯᠢᠭ ᠤᠨ ᠡᠬᠡ ᠭᠠᠵᠠᠷ ᠤᠨ

ᠴᠢᠨᠠᠷᠲᠠᠢ ᠨᠤᠭᠤ ᠭᠠᠵᠠᠷ ᠲᠤ ᠪᠠᠭᠳᠠᠵᠦ᠂ ᠦᠪᠦᠷ ᠮᠤᠩᠭᠤᠯ ᠤᠨ ᠲᠤᠮᠲᠡ ᠬᠡᠰᠡᠭ ᠤᠨ ᠤᠷᠤᠨ ᠳᠤ ᠴᠦᠭᠡᠨ

ᠲᠤᠬᠢᠶᠠᠯᠳᠤᠳᠠᠭ ᠪᠦᠰᠡᠯᠢᠭ ᠪᠤᠰᠤ ᠴᠢᠨᠠᠷ ᠲᠠᠢ ᠵᠦᠯᠭᠡ ᠭᠠᠵᠠᠷ ᠪᠡ ᠨᠤᠭᠤ ᠭᠠᠵᠠᠷ ᠪᠠᠶᠢᠵᠦ᠂ ᠪᠤᠭᠤᠲᠦ ᠬᠤᠲᠡ ᠶᠢᠨ

ᠬᠠᠮᠤᠭ ᠤᠨ ᠶᠡᠭᠡ ᠨᠤᠭᠤ ᠭᠠᠵᠠᠷ ᠪᠤᠯᠤᠨ᠎ᠡ᠃

     ᠲᠡᠭᠷᠢ ᠨᠠᠭᠤᠷ ᠤᠨ ᠨᠤᠭᠤ ᠭᠠᠵᠠᠷ ᠤᠨ ᠬᠠᠮᠠᠭᠠᠯᠠᠯᠲᠡ ᠶᠢᠨ ᠤᠷᠤᠨ ᠤ ᠤᠰᠤ ᠬᠤᠷᠠᠮᠳᠤᠭᠤᠯᠤᠭᠰᠡᠨ ᠲᠠᠯᠠᠪᠡᠢ

 ᠨᠢ ᠬᠠᠮᠤᠭ ᠶᠡᠭᠡ ᠳᠡᠭᠡᠨ 8701.73 ᠲᠡᠭᠰᠢ ᠲᠦᠷᠪᠡᠯᠵᠢᠨ ᠺᠢᠯᠤᠮᠧᠲᠷ ᠲᠤ ᠬᠦᠷᠴᠦ᠂ 1979 ᠤᠨ ᠠᠴᠠ

ᠨᠠᠭᠠᠰᠢ ᠬᠠᠷᠢᠨ ᠭᠠᠩ ᠬᠠᠭᠰᠠᠷᠭᠠᠨ ᠠᠴᠠ ᠪᠤᠯᠵᠦ ᠨᠠᠭᠤᠷ ᠤᠨ ᠤᠰᠤᠨ ᠲᠦᠪᠰᠢᠨ ᠦᠷᠬᠦᠯᠵᠢᠯᠡᠨ ᠪᠠᠭᠤᠷᠠᠵᠦ᠂

ᠨᠤᠭᠤ ᠭᠠᠵᠠᠷ ᠤᠨ ᠲᠠᠯᠠᠪᠠᠢ ᠪᠠᠭᠠᠰᠴᠦ᠂ ᠠᠮᠢ ᠠᠬᠤᠢ ᠶᠢᠨ ᠤᠷᠴᠢᠨ ᠨᠦᠬᠦᠴᠡᠯ ᠮᠠᠭᠤᠵᠢᠷᠠᠬᠤ ᠠᠶᠦᠯ ᠳᠤ

ᠲᠤᠯᠭᠠᠷᠠᠭᠰᠡᠨ ᠪᠠᠶᠢᠨ᠎ᠡ᠃ ᠤᠯᠠᠨ ᠵᠢᠯ ᠤᠨ ᠲᠤᠷᠰᠢ᠂ ᠬᠤᠰᠢᠭᠤ ᠵᠠᠰᠠᠭ ᠠᠴᠠ ᠡᠯᠡᠰᠦ ᠮᠠᠩᠬ᠎ᠠ ᠶᠢ ᠵᠠᠰᠠᠵᠦ᠂

ᠪᠡᠯᠴᠢᠭᠡᠷᠯᠡᠬᠦ ᠶᠢ ᠵᠤᠭᠰᠤᠭᠠᠨ ᠠᠮᠢ ᠠᠬᠤᠢ ᠶᠢ ᠰᠡᠷᠭᠦᠭᠡᠭᠦ ᠤᠯᠠᠨ ᠠᠷᠪᠢᠨ ᠠᠷᠭ᠎ᠠ ᠬᠡᠮᠵᠢᠶ᠎ᠡ ᠠᠪᠤᠭᠰᠡᠨ ᠤ ᠰᠠᠶᠢᠨ

ᠵᠢᠴᠢ ᠤᠷᠴᠢᠮ ᠤᠨ ᠵᠢᠯ ᠤᠨ ᠬᠤᠷ᠎ᠡ ᠲᠤᠨᠳᠠᠰᠦ ᠡᠯᠪᠡᠭ ᠠᠴᠠ ᠪᠤᠯᠵᠦ ᠲᠡᠭᠷᠢ ᠨᠠᠭᠤᠷ ᠤᠨ ᠤᠰᠤᠨ ᠤ ᠬᠡᠮᠵᠢᠶ᠎ᠡ

ᠶᠡᠬᠡᠰᠴᠦ᠂ ᠠᠮᠢ ᠠᠬᠤᠢ ᠨᠢ ᠴᠦ ᠢᠯᠡᠳᠲᠡ ᠰᠠᠶᠢᠵᠢᠷᠠᠵᠦ᠂ ᠮᠠᠩᠬᠠᠨ ᠭᠠᠵᠠᠷ᠂ ᠬᠠᠯᠴᠠᠭᠠᠢ ᠭᠠᠵᠠᠷ ᠤᠨ ᠲᠠᠯᠠᠪᠠᠢ

ᠪᠠᠭᠠᠰᠴᠦ᠂ ᠨᠤᠭᠤ ᠭᠠᠵᠠᠷ ᠪᠤᠯᠤᠨ ᠨᠠᠮᠤᠭ ᠭᠠᠵᠠᠷ ᠤᠨ ᠲᠠᠯᠠᠪᠠᠢ ᠨᠡᠮᠡᠭᠲᠡᠵᠦ᠂ ᠲᠡᠭᠷᠢ ᠨᠠᠭᠤᠷ ᠤᠨ ᠨᠤᠮᠢᠨ ᠲᠤᠯᠬᠢᠶᠠᠨ

ᠲᠠᠬᠢᠨ ᠢᠯᠡᠷᠡᠭᠰᠡᠨ ᠪᠠᠶᠢᠨ᠎ᠡ᠃

     

     ᠲᠡᠭᠷᠢ ᠨᠠᠭᠤᠷ ᠴᠠᠭᠠᠨᠬᠠᠲᠡ ᠰᠤᠮᠤᠨ ᠠᠴᠠ 15 ᠺᠢᠯᠤᠮᠧᠲᠷ ᠵᠠᠶᠢᠲᠠᠢ᠂ ᠵᠡᠭᠦᠨᠰᠢ ᠪᠠᠷᠠᠭᠤᠨᠰᠢ 5 ᠺᠢᠯᠤᠮᠧᠲᠷ

ᠤᠷᠲᠦ᠂ ᠡᠮᠦᠨᠡᠰᠢ ᠬᠤᠶᠢᠰᠢ ᠪᠠᠨ 50.5 ᠺᠢᠯᠤᠮᠧᠲᠷ ᠦᠷᠭᠡᠨ᠂ ᠠᠶᠢᠪᠠᠭ᠎ᠠ ᠭᠤᠤᠯ ᠲᠤᠰ ᠨᠠᠭᠤᠷ ᠲᠤ ᠴᠢᠳᠬᠤᠵᠦ

ᠪᠠᠶᠢᠳᠠᠭ᠃ ᠠᠲᠡ ᠡᠪᠡᠰᠦ ᠮᠤᠳᠤ ᠢᠬᠴᠢ ᠰᠠᠬᠤᠯᠠᠭ᠂ ᠦᠵᠡᠮᠵᠢ ᠪᠠᠶᠢᠲᠡᠯ ᠭᠤᠶᠢᠲᠡ ᠰᠠᠶᠢᠬᠠᠨ ᠪᠠᠶᠢᠲᠠᠭ᠃ ᠬᠦᠪᠡᠭᠡ

ᠵᠠᠬ᠎ᠠ ᠦᠭᠡᠢ ᠲᠡᠯ᠎ᠡ ᠨᠤᠳᠤᠭ ᠦᠵᠦᠬᠦᠷ ᠬᠢᠵᠠᠭᠠᠷ ᠦᠭᠡᠢ ᠦᠷᠬᠦᠯᠵᠢᠯᠡᠵᠦ᠂ ᠵᠢᠯ ᠪᠦᠷᠢ ᠶᠢᠨ ᠨᠠᠮᠦᠷ ᠤᠨ ᠰᠡᠭᠦᠯᠴᠢ

 ᠪᠠᠷ ︽ᠤᠯᠠᠭᠠᠨ ᠪᠤᠳᠤᠷᠭᠠᠨ᠎ᠡ︾ ᠬᠡᠭᠦ ᠪᠤᠲᠡ ᠤᠷᠭᠤᠮᠠᠯ ᠲᠡᠯ᠎ᠡ ᠲᠦᠭᠦᠷᠡᠩ ᠤᠷᠭᠤᠵᠦ᠂ ᠦᠩᠭᠡ ᠨᠢ ᠡᠬᠢᠨ ᠳᠡᠭᠡᠨ

ᠨᠤᠭᠤᠭᠠᠨ ᠪᠠᠶᠢᠭᠰᠡᠨ ᠠᠴᠠ ᠪᠠᠨ ᠬᠦᠢᠭᠡᠨ ᠤᠯᠠᠭᠠᠨ ᠲᠠᠬᠢᠭᠠᠳ ᠬᠦᠨ ᠤᠯᠠᠭᠠᠨ ᠪᠤᠯᠵᠦ ᠬᠤᠪᠢᠷᠠᠳᠠᠭ᠃ ᠤᠶᠢᠷ᠎ᠡ

 ᠶᠢᠨ ᠵᠢᠯ ᠳᠤ᠂ ᠲᠡᠭᠷᠢ ᠨᠠᠭᠤᠷ ᠤᠨ ᠣᠯᠠᠭᠠᠨ ᠪᠤᠳᠤᠷᠭᠠᠨ᠎ᠡ ᠶᠢᠨ ᠭᠡᠷᠡᠯ ᠵᠢᠷᠤᠭ ᠰᠡᠭᠦᠲᠡᠷᠯᠡᠬᠦ ᠵᠢᠴᠢ ᠲᠡᠮᠡᠭᠡᠨ ᠵᠢᠩ

 ᠤᠨ ᠠᠶᠠᠨ ᠵᠠᠮ ᠢ ᠲᠠᠬᠢᠨ ᠠᠶᠠᠯᠠᠬᠤ ᠵᠡᠷᠭᠡ ᠬᠦᠲᠡᠯᠭᠡᠭᠡᠨ ᠤᠳᠠᠭ᠎ᠠ ᠲᠠᠷᠠᠭᠠᠯᠠᠨ ᠶᠠᠪᠤᠭᠳᠠᠵᠦ᠂ ᠲᠡᠭᠷᠢ ᠨᠠᠭᠤᠷ ᠤᠨ

ᠤᠯᠠᠭᠠᠨ ᠪᠤᠳᠤᠷᠭᠠᠨ᠎ᠡ ᠶᠢᠨ ᠭᠠᠶᠢᠬᠠᠮᠰᠢᠭᠲᠦ ᠦᠵᠡᠮᠵᠢ ᠪᠡ ᠡᠷᠲᠡᠨ ᠤ ᠲᠡᠮᠡᠭᠡᠨ ᠵᠢᠩ ᠤᠨ ᠲᠡᠦᠭᠡ ᠰᠤᠶᠤᠯ ᠢ

ᠢᠯᠡᠷᠡᠭᠦᠯᠦᠭᠰᠡᠨ ᠪᠠᠶᠢᠨ᠎ᠡ᠃

   

     ᠲᠡᠭᠷᠢ ᠨᠠᠭᠤᠷ ᠤᠨ ᠦᠵᠡᠮᠵᠢ ᠠᠳᠠᠯᠢ ᠪᠤᠰᠤ ᠴᠠᠭ ᠬᠤᠭᠤᠴᠠᠭᠠᠨ ᠳᠤ ᠠᠳᠠᠯᠢ ᠪᠤᠰᠤ ᠶᠢᠨ ᠭᠤᠶᠦᠮᠰᠤᠭ ᠢ

ᠪᠦᠲᠦᠭᠡᠲᠡᠭ᠃ ᠲᠡᠭᠷᠢ ᠶᠢᠨ ᠬᠤᠷ᠎ᠡ ᠲᠡᠭᠷᠢ ᠨᠠᠭᠤᠷ ᠲᠤ ᠬᠤᠷᠡᠨ ᠴᠤᠭᠯᠠᠷᠠᠵᠦ᠂ ᠴᠡᠩᠭᠡᠭ ᠨᠠᠭᠤᠷ᠂ ᠴᠡᠯᠡᠭᠡᠷ ᠲᠡᠯ᠎ᠡ᠂

ᠴᠡᠯᠮᠡᠭ ᠤᠭᠳᠠᠷᠭᠤᠢ ᠬᠠᠷᠢᠯᠴᠠᠨ ᠵᠠᠯᠭᠠᠯᠳᠤᠵᠦ᠂ ᠦᠩᠭᠡ ᠶᠢᠨ ᠰᠤᠯᠤᠩᠭ᠎ᠠ ᠤᠶᠠᠩᠭᠠᠷᠠᠨ ᠲᠠᠳᠠᠵᠦ᠂ ᠲᠡᠯ᠎ᠡ ᠨᠤᠳᠤᠭ

 ᠤᠨ ᠲᠠᠪᠤᠨ ᠦᠩᠭᠡ  ︵ᠣᠯᠠᠭᠠᠨ ᠪᠤᠳᠤᠷᠭᠠᠨ᠎ᠡ᠂ ᠬᠠᠷᠮᠠᠭ᠂ ᠤᠯᠠᠭᠠᠨ ᠰᠤᠬᠠᠢ᠂ ᠰᠢᠳᠤᠷᠭᠠᠨ᠎ᠡ᠂ ᠪᠤᠷᠦ ᠪᠤᠳᠤᠷᠭᠠᠨ᠎ᠡ︶ ᠨᠢ

ᠲᠤᠰ ᠲᠤᠰ ᠤᠨ ᠦᠪᠡᠷᠮᠢᠴᠡ ᠦᠩᠭᠡ ᠤᠨᠴᠠᠯᠢᠭ ᠢᠶᠠᠷ ᠢᠶᠠᠨ ᠲᠡᠭᠷᠢ ᠨᠠᠭᠤᠷ ᠤᠨ ᠬᠢᠯᠠᠯᠵᠠᠭᠰᠡᠨ ᠦᠩᠭᠡ ᠦᠵᠡᠮᠵᠢ

 ᠶᠢ ᠴᠢᠮᠡᠭᠯᠡᠵᠦ᠂ ᠲᠠᠪᠤᠨ ᠬᠤᠰᠢᠭᠤ ᠮᠠᠯ ᠨᠢ ᠲᠠᠩᠰᠤᠭ ᠨᠤᠳᠤᠭ ᠳᠤ ᠪᠠᠨ ᠲᠠᠪᠠᠳᠠᠢ ᠪᠡᠯᠴᠢᠬᠦ ᠨᠢ ᠡ᠃

 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号