ᠠᠬᠠᠮᠠᠳ ᠤᠨ ᠬᠤᠭᠤᠯᠠᠨ ᠭᠡᠷ ᠨᠢ ᠪᠤᠭᠤᠷᠤᠯᠴᠣᠳ ᠲᠤ ᠬᠤᠭᠤᠯᠠ ᠢᠳᠡᠭᠦ ᠬᠠᠨᠢ ᠠᠪᠴᠢᠷᠠᠵᠤ ᠥᠭᠪᠡ
ᠨᠡᠶᠢᠲᠡᠯᠡᠭᠰᠡᠨ ᠴᠠᠭ᠄
2025/6/23
      100 ᠭᠠᠷᠤᠢ ᠨᠠᠰᠤᠲᠠᠶᠢᠴᠤᠳ ᠬᠠᠮᠳᠤ ᠰᠠᠭᠤᠵᠠᠭᠠᠵᠤ ᠪᠠᠩᠰᠢ ᠢᠳᠡᠭᠦ ᠳᠤ᠂ ᠣᠯᠠᠨ ᠵᠢᠯ ᠨᠠᠮ ᠵᠢᠮ ᠪᠠᠶᠢᠭᠰᠠᠨ ᠬᠤᠭᠤᠯᠠᠨ ᠭᠡᠷ ᠳᠠᠬᠢᠨᠲᠠ ᠪᠠᠶᠠᠷ ᠪᠠᠶᠠᠰᠬᠤᠯᠠᠩ ᠢᠶᠠᠷ ᠪᠢᠯᠬᠠᠪᠠ᠃ 6 ᠰᠠᠷ᠎ᠠ ᠶᠢᠨ 13 ᠤ ᠡᠳᠦᠷ᠂ ᠰᠤᠷᠪᠤᠯᠵᠢᠯᠠᠭᠴᠢ ᠰᠢᠪᠡᠷᠬᠦ᠋ᠷᠢᠶ᠎ᠡ ᠪᠠᠯᠭᠠᠰᠤᠨ ᠤ ᠰᠠᠶᠢᠬᠤᠰᠤ ᠲᠣᠰᠬᠤᠨ ᠤ ᠠᠬᠠᠮᠠᠳ ᠤᠨ ᠬᠤᠭᠤᠯᠠᠨ ᠭᠡᠷ ᠲᠤ ᠬᠦᠷᠬᠦ ᠳᠤ᠂ ᠲᠤᠬᠠᠢ ᠶᠢᠨ ᠲᠠᠯᠠᠪᠠᠢ ᠨᠢ ᠶᠡᠷᠦ ᠪᠤᠰᠤ ᠶᠢᠨ ᠬᠦᠷ ᠬᠥᠭᠵᠢᠶᠡᠨ ᠲᠠᠢ ᠪᠠᠶᠢᠵᠤ᠂ 100 ᠭᠠᠷᠤᠢ ᠨᠠᠰᠤᠲᠠᠶᠢᠴᠤᠳ ᠢ ᠦᠨ᠎ᠡ ᠲᠥᠯᠥᠪᠦᠷᠢ ᠦᠭᠡᠢ ᠪᠠᠷ ᠪᠠᠩᠰᠢ ᠪᠠᠷᠢᠬᠤ ᠠᠵᠢᠯᠯᠠᠭ᠎ᠠ ᠳᠤ  ᠣᠷᠤᠯᠴᠠᠭᠤᠯᠵᠤ ᠰᠡᠳᠬᠢᠯ ᠢ  ᠨᠢ ᠳᠤᠯᠠᠭᠠᠴᠠᠭᠤᠯᠪᠠ᠂ ᠠᠵᠢᠯᠯᠠᠭ᠎ᠠ ᠨᠢ ᠨᠠᠰᠤᠲᠠᠶᠢᠴᠤᠳ ᠲᠤ ᠠᠮᠲᠠᠲᠠᠢ ᠪᠠᠩᠰᠢ ᠠᠮᠲᠠᠯᠠᠭᠤᠯᠤᠭᠰᠠᠨ ᠢᠶᠠᠷ ᠪᠠᠷᠠᠬᠤ ᠦᠭᠡᠢ᠂ ᠨᠡᠩ ᠴᠤ  ᠲᠡᠳᠡᠨ ᠢ ᠬᠤᠭᠤᠯᠠ ᠢᠳᠡᠭᠦ ᠳᠤ ᠰᠠᠶᠢᠬᠠᠨ ᠬᠠᠨᠢ ᠲᠠᠢ ᠪᠣᠯᠭᠠᠨ ᠪᠠᠶᠠᠰᠬᠠᠵᠤ᠂ ᠠᠮᠲᠠᠲᠤ ᠢᠳᠡᠭᠡᠨ ᠡᠳ᠋ᠯᠡᠬᠦ ᠶᠢᠨ ᠬᠠᠮᠲᠤ ᠬᠠᠯᠠᠭᠤᠨ ᠳᠤᠯᠠᠭᠠᠨ ᠪᠠ ᠰᠡᠳᠬᠢᠯ ᠤᠨ ᠬᠠᠨᠢ ᠲᠠᠢ ᠪᠣᠯᠭᠠᠭᠰᠠᠨ ᠪᠠᠶᠢᠨ᠎ᠠ᠃      ᠠᠵᠢᠯᠯᠠᠭ᠎ᠠ ᠶᠢᠨ ᠲᠤᠬᠠᠢ ᠶᠢᠨ ᠡᠳᠦᠷ᠂ ᠬᠤᠭᠤᠯᠠᠨ ᠲᠢᠩᠬᠢᠮ ᠤᠨ ᠠᠵᠢᠯᠲᠠᠳ ᠪᠣᠯᠣᠨ ᠰᠠᠶᠢᠨ ᠳᠤᠷ᠎ᠠ ᠶᠢᠨ ᠦᠢᠯᠡᠴᠢᠯᠡᠭᠴᠢᠳ ᠲᠤᠬᠠᠢ ᠶᠢᠨ ᠲᠠᠯᠠᠪᠤᠷ ᠲᠤ ᠡᠷᠲᠡᠬᠡᠨ ᠬᠦᠷᠴᠦ᠂ ᠰᠢᠨ᠎ᠡ ᠰᠣᠷᠭᠤᠭ ᠢᠳᠡᠭᠡᠨ ᠤ ᠮᠠᠲ᠋ᠧᠷᠢᠶᠠᠯ ᠪᠡᠯᠡᠳᠬᠡᠨ᠂ ᠠᠵᠢᠯ ᠤᠨ ᠬᠤᠪᠢᠶᠠᠷᠢᠯᠠᠯ ᠢᠶᠠᠷ ᠢᠶᠠᠨ ᠶᠠᠭᠠᠷᠠᠯᠲᠠᠢ ᠠᠵᠢᠯᠯᠠᠵᠤ ᠡᠬᠢᠯᠡᠪᠡ᠃ ᠱᠠᠩᠵᠡ ᠬᠢᠬᠦ  ᠭᠤᠯᠢᠷ ᠡᠯᠳᠡᠬᠦ᠂ ᠪᠠᠩᠰᠢ ᠪᠠᠷᠢᠬᠤ ᠵᠡᠷᠭᠡ ᠤᠯᠠᠨ ᠵᠦᠢᠯ ᠢ ᠬᠠᠮᠳᠤᠷᠠᠨ ᠬᠢᠵᠥ᠂ ᠥᠪᠡᠷ ᠥᠪᠡᠷ ᠤᠨ ᠤᠷᠢ ᠠᠪᠢᠶᠠᠰ ᠢᠶᠠᠨ ᠭᠠᠶᠢᠬᠠᠭᠤᠯᠵᠤ᠂ ᠬᠤᠷᠳᠤᠨ ᠱᠠᠯᠠᠮᠠᠭᠠᠢ ᠪᠠᠷ ᠬᠥᠳᠡᠯᠦᠯᠴᠡᠵᠥ ᠡᠬᠢᠯᠡᠪᠡ᠃ ᠳᠡᠮᠡᠢ ᠤᠳᠠᠭᠰᠠᠨ ᠦᠭᠡᠢ ᠬᠤᠭᠤᠯᠠᠨ ᠰᠢᠷᠡᠭᠡ ᠨᠢ ᠶᠠᠩᠵᠤ ᠪᠦᠷᠢ ᠶᠢᠨ ᠪᠠᠩᠰᠢ ᠪᠠᠷ ᠳᠦᠭᠦᠷᠴᠡᠢ᠃ ᠨᠠᠰᠤᠲᠠᠶᠢᠴᠤᠳ ᠴᠤ ᠵᠦᠭᠡᠷ ᠰᠠᠭᠤᠭᠰᠠᠨ ᠦᠭᠡᠢ᠂ ᠵᠠᠷᠢᠮ ᠨᠢ ᠭᠤᠯᠢᠷ ᠢ ᠨᠢ ᠣᠶᠢᠷᠠᠳᠤᠭᠤᠯᠵᠤ ᠥᠭᠭᠦᠨ᠂ ᠵᠠᠷᠢᠮ ᠨᠢ ᠪᠠᠩᠰᠢ ᠪᠠᠷᠢᠬᠤ ᠤᠷ᠎ᠠ ᠮᠡᠷᠭᠡᠵᠢᠯ ᠢ ᠤᠯᠠᠮᠵᠢᠯᠠᠵᠤ᠂ ᠬᠤᠭᠤᠯᠠᠨ ᠭᠡᠷ ᠲᠤ ᠡᠶ᠎ᠡ ᠨᠠᠶᠢᠷ ᠢᠶᠠᠷ ᠳᠦᠭᠦᠷᠡᠩ᠃      ᠰᠢᠪᠡᠷᠬᠦ᠋ᠷᠢᠶ᠎ᠡ ᠪᠠᠯᠭᠠᠰᠤᠨ ᠤ ᠰᠠᠶᠢᠬᠤᠰᠤ ᠲᠣᠰᠬᠤᠨ ᠤ ᠠᠷᠠᠳ ᠸᠠᠩ ᠴᠧᠩ ᠪᠠᠶᠠᠷᠲᠠᠶ ᠪᠠᠷ᠄ ︽ᠪᠠᠩᠰᠢ  ᠶᠢᠨ ᠠᠮᠲᠠ ᠨᠢ ᠮᠠᠰᠢ ᠰᠠᠶᠢᠬᠠᠨ᠂ ᠨᠠᠩ ᠪᠠᠶᠠᠷᠲᠠᠶ ᠨᠢ ᠪᠢ ᠡᠶᠢᠮᠦ ᠣᠯᠠᠨ ᠨᠠᠰᠤᠳᠠᠳ ᠲᠠᠢ ᠬᠠᠮᠲᠤ ᠬᠤᠭᠤᠯᠠ ᠢᠳᠡᠵᠦ ᠵᠣᠭᠤᠭᠳᠠᠨ᠎ᠠ᠃ ᠥᠩᠭᠡᠷᠡᠭᠰᠡᠨ ᠳᠤ ᠭᠠᠭᠴᠠᠭᠠᠷ ᠢᠶᠠᠨ ᠭᠡᠷ ᠲᠡᠭᠡᠨ ᠪᠠᠶᠢᠵᠤ᠂ ᠬᠤᠭᠤᠯᠠ ᠢᠳᠡᠬᠦ ᠳᠡᠭᠡᠨ ᠳᠠᠩᠳᠠ ᠡᠪᠯᠡᠭᠦᠯᠳᠡᠭ᠃ ᠣᠳᠣ ᠡᠨᠡ ᠠᠬᠠᠮᠠᠳ ᠤᠨ ᠬᠤᠭᠤᠯᠠᠨ ᠭᠡᠷ ᠲᠠᠢ ᠪᠣᠯᠣᠭᠰᠠᠨ ᠠᠴᠠ ᠡᠶᠢᠮᠦ ᠣᠯᠠᠨ < ᠬᠤᠭᠤᠯᠠ ᠢᠳᠡᠭᠦ ᠬᠠᠨᠢᠳᠠᠳ︶ ᠲᠠᠢ ᠪᠤᠯᠵᠤ᠂ ᠠᠮᠢᠳᠤᠷᠠᠯ ᠴᠤ ᠦᠨᠦᠷ ᠠᠮᠲᠠ ᠲᠠᠢ ᠪᠣᠯᠣᠭᠰᠠᠨ ᠪᠠᠶᠢᠨ᠎ᠡ︾ ᠭᠡᠪᠡ᠃
   
ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠰᠢᠪᠡᠷᠬᠦ᠋ᠷᠢᠶ᠎ᠡ ᠪᠠᠯᠭᠠᠰᠤᠨ ᠤ ᠰᠠᠶᠢᠬᠤᠰᠤ ᠲᠣᠰᠬᠤᠨ ᠤ ᠨᠠᠮ ᠤᠨ ᠡᠭᠦᠷ ᠤᠨ ᠱᠦᠵᠢ ᠯᠢ ᠲᠢᠶᠠᠨ ᠰᠢ ᠲᠠᠨᠢᠯᠴᠠᠭᠤᠯᠬᠤ ᠳᠠᠭᠠᠨ᠂ ᠰᠢᠪᠡᠷᠬᠦ᠋ᠷᠢᠶ᠎ᠡ ᠪᠠᠯᠭᠠᠰᠤᠨ ᠤ ᠰᠠᠶᠢᠬᠤᠰᠤ ᠲᠣᠰᠬᠤᠨ ᠤ ᠠᠬᠠᠮᠠᠳ ᠤᠨ ᠬᠤᠭᠤᠯᠠᠨ ᠭᠡᠷ ᠢ ᠡᠵᠡᠩᠨᠡᠵᠦ ᠡᠬᠢᠯᠡᠭᠰᠡᠨ ᠠᠴᠠ ᠨᠠᠰᠢ᠂ ᠭᠠᠷᠠᠭ ᠪᠦᠷᠢ ᠭᠠᠷᠠᠭ ᠤᠨ ᠬᠤᠶᠠᠷ᠂ ᠭᠠᠷᠠᠭ ᠤᠨ ᠲᠠᠪᠤᠨ ᠳᠤ 60 ᠨᠠᠰᠤᠨ ᠤ ᠨᠠᠰᠤᠲᠠᠶᠢᠴᠤᠳ ᠲᠤ ᠦᠨ᠎ᠡ ᠲᠥᠯᠥᠪᠦᠷᠢ ᠦᠭᠡᠢ ᠪᠠᠷ ᠦᠳᠡ ᠶᠢᠨ ᠬᠤᠭᠤᠯᠠ ᠬᠠᠩᠭᠠᠵᠤ᠂ ᠨᠠᠰᠤᠲᠠᠶᠢᠴᠤᠳ ᠲᠤ ᠦᠨᠡᠨᠬᠦ ᠪᠠᠶᠠᠷ ᠵᠢᠷᠭᠠᠯ᠂ ᠬᠠᠯᠠᠭᠤᠨ ᠳᠤᠯᠠᠭᠠᠨ᠂ ᠵᠣᠯ ᠵᠢᠷᠭᠠᠯᠲᠤ ᠠᠮᠢᠳᠤᠷᠠᠯ ᠢ ᠡᠳ᠋ᠯᠡᠭᠦᠯᠪᠡ ᠭᠡᠵᠡᠢ᠃ ᠬᠠᠯᠠᠭᠤᠨ ᠠᠭᠤᠷ ᠰᠠᠪᠰᠠᠯᠠᠭᠰᠠᠨ ᠪᠠᠩᠰᠢ ᠨᠢ ᠨᠡᠶᠢᠭᠡᠮ ᠠᠴᠠ ᠨᠠᠰᠤᠲᠠᠶᠢᠴᠤᠳ ᠢ ᠬᠠᠶᠢᠷᠠᠯᠠᠨ ᠬᠠᠯᠠᠮᠵᠢᠯᠠᠵᠤ ᠪᠠᠶᠢᠭ᠎ᠠ ᠶᠢ ᠮᠡᠳᠡᠷᠡᠭᠦᠯᠵᠥ︔ ᠬᠦᠷ ᠬᠥᠭᠵᠢᠶᠡᠨ ᠲᠠᠢ ᠬᠤᠭᠤᠯᠠᠨ ᠰᠢᠷᠡᠭᠡ ᠨᠢ ᠭᠠᠭᠴᠠᠭᠠᠷᠳᠠᠬᠤ ᠶᠢ ᠦᠭᠡᠶᠢᠰᠬᠡᠭᠰᠡᠨ ᠬᠥᠭᠦᠷᠭᠡ  ᠪᠣᠯᠵᠠᠢ᠃ ᠪᠤᠭᠤᠷᠤᠯᠴᠣᠳ ᠬᠠᠮᠲᠤ ᠪᠠᠷ ᠬᠤᠭᠤᠯᠠᠯᠠᠬᠤ ᠲᠥᠯᠥᠪᠯᠡᠭᠡ ᠨᠢ ᠨᠠᠰᠤᠲᠠᠶᠢᠴᠤᠳ ᠲᠤ ᠠᠮᠲᠠᠲᠤ ᠪᠠᠩᠰᠢ ᠶᠢ ᠠᠮᠲᠠᠯᠠᠭᠤᠯᠬᠤ ᠪᠠᠷ ᠪᠠᠷᠠᠬᠤ ᠥᠬᠡᠶ᠂ ᠨᠠᠩ ᠴᠤ ︽ᠬᠤᠭᠤᠯᠠ ᠢᠳᠡᠬᠦ ᠬᠠᠨᠢᠲᠠᠨ︾ ᠤ ᠨᠡᠶᠢᠭᠡᠮ ᠤᠨ ᠬᠠᠷᠢᠯᠴᠠᠭᠠᠨ ᠤ ᠵᠠᠭᠪᠤᠷ ᠢᠶᠠᠷ ᠳᠠᠮᠵᠢᠭᠤᠯᠤᠨ᠂ ᠲᠡᠳᠡᠨ ᠤ ᠥᠲᠡᠯᠦᠭᠡ ᠨᠠᠰᠤᠨ ᠤ ᠠᠮᠢᠳᠤᠷᠠᠯ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠵᠦ᠂ ᠨᠠᠰᠤᠲᠠᠨ ᠨᠢᠭᠡᠪᠦᠷᠢ ᠳᠤ ᠴᠥᠮ ᠠᠮᠲᠠᠲᠤ ᠢᠳᠡᠭᠡᠨ ᠤ ᠳᠤᠮᠳᠠ ᠠᠮᠢᠳᠤᠷᠠᠯ ᠤᠨ ᠰᠠᠶᠢᠨ ᠰᠠᠶᠢᠬᠠᠨ ᠪᠠ ᠨᠡᠶᠢᠭᠡᠮ ᠤᠨ ᠬᠠᠯᠠᠭᠤᠨ ᠳᠤᠯᠠᠭᠠᠨ ᠢ ᠮᠡᠳᠡᠷᠡᠭᠦᠯᠪᠡ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号