ᠬᠢᠴᠢᠶᠡᠯ ᠤᠨ ᠬᠤᠩᠬ᠎ᠠ ᠨᠢ ᠰᠢᠪᠠᠭᠤᠨ ᠤ ᠴᠡᠭᠡᠯᠬᠡᠨ ᠳᠠᠭᠤ ᠪᠣᠯᠵᠤ ᠬᠤᠪᠢᠷᠠᠪᠠ᠂ ᠬᠢᠴᠢᠶᠡᠯ ᠤᠨ ᠳᠡᠪᠲᠡᠷ ᠤᠨ | ᠮᠡᠳᠡᠯᠭᠡ ᠨᠢ ᠦᠨᠡᠨ ᠪᠣᠳᠠᠲᠠᠢ ᠠᠮᠢᠳᠤᠷᠠᠯ ᠳᠤ ᠦᠰᠦᠷᠤᠨ ᠣᠷᠣᠵᠤ᠂ ᠳᠠᠷᠬᠠᠨ ᠮᠤᠤᠮᠢᠩᠭᠠᠨ ᠬᠤᠯᠪᠣᠭᠠᠲᠤ | ᠬᠤᠰᠢᠭᠤᠨ ᠤ ᠳᠥᠷᠪᠡᠳᠦᠭᠡᠷ ᠣᠨ ᠤ ᠬᠥᠭᠡᠷᠦᠬᠦᠨ ᠬᠡᠦᠬᠡᠳ ᠪᠢᠴᠢᠬᠠᠨ ᠪᠢᠴᠢᠭ ᠤᠨ ᠪᠣᠭᠴᠣ ᠪᠠᠨ ᠡᠭᠦᠷᠴᠦ᠂ | ᠴᠤᠤᠶᠠᠩ ᠢᠶᠠᠨ ᠤᠭᠲᠤᠵᠤ ᠨᠢᠭᠡ ᠤᠳᠠᠭᠠᠨ ᠤ ᠭᠤᠶᠢᠳᠠ ᠰᠠᠶᠢᠬᠠᠨ ᠰᠤᠳᠤᠯᠤᠨ ᠰᠤᠷᠤᠯᠴᠠᠬᠤ ᠠᠶᠠᠨ ᠢᠶᠠᠨ | ᠡᠬᠢᠯᠡᠭᠦᠯᠪᠡ᠃ ᠡᠨᠡ ᠤᠳᠠᠭ᠎ᠠ ᠲᠡᠳᠡ ︽ᠬᠥᠳᠡᠯᠮᠦᠷᠢ ᠶᠢᠨ ᠪᠢᠴᠢᠬᠠᠨ ᠪᠠᠭᠠᠲᠤᠷ︾᠂ ︽ᠰᠣᠶᠣᠯ ᠤᠨ ᠪᠠᠭ᠎ᠠ | ᠲᠤᠷᠰᠢᠭᠴᠢ︾ ᠪᠣᠯᠤᠨ ︽ᠨᠤᠲᠤᠭ ᠤᠰᠤᠨ ᠤ ᠪᠠᠨ ᠪᠦᠲᠦᠭᠡᠨ ᠪᠠᠶᠢᠭᠤᠯᠤᠯᠲᠠ ᠶᠢᠨ ᠪᠢᠴᠢᠬᠠᠨ ᠴᠢᠳᠠᠪᠤᠷᠢᠲᠠᠨ︾ | ᠪᠣᠯᠵᠤ᠂ ᠰᠠᠶᠢᠬᠠᠨ ᠨᠢᠳᠦ᠂ ᠤᠷᠠᠨ ᠰᠠᠶᠢᠬᠠᠨ ᠬᠤᠶᠠᠷ ᠭᠠᠷ ᠢᠶᠠᠷ ᠢᠶᠠᠨ ᠨᠤᠲᠤᠭ ᠤᠰᠤᠨ ᠤ ᠨᠢᠭᠤᠴᠠ ᠶᠢ ᠣᠯᠵᠤ | ᠮᠡᠳᠡᠬᠦ ᠬᠡᠷᠡᠭᠲᠡᠶ ᠭᠡᠪᠡ᠃ | ᠰᠤᠷᠤᠭᠴᠢᠳ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠤᠨ ᠰᠠᠭᠤᠷᠢᠨ ᠭᠠᠵᠠᠷ ᠲᠤ ᠬᠦᠷᠴᠦ᠂ ᠲᠠᠶᠢᠯᠪᠤᠷᠢᠯᠠᠭᠴᠢ ᠶᠢᠨ ᠳᠠᠭᠠᠭᠤᠯᠭ᠎ᠠ | ᠳᠣᠤᠷ᠎ᠠ᠂ ᠣᠯᠠᠨ ᠭᠤᠤᠯ ᠰᠡᠳᠦᠪᠲᠦ ᠦᠵᠡᠭᠦᠯᠭᠡ ᠶᠢᠨ ᠲᠢᠩᠬᠢᠮ ᠢ ᠲᠣᠭᠤᠷᠢᠨ ᠦᠵᠡᠵᠦ᠂ ᠲᠡᠤᠬᠡ ᠶᠢᠨ | ᠳᠤᠷᠠᠰᠬᠠᠯᠲᠤ ᠵᠦᠢᠯᠡᠰ᠂ ᠵᠢᠷᠤᠭ ᠪᠢᠴᠢᠭ ᠤᠨ ᠦᠵᠡᠭᠦᠯᠭᠡ ᠶᠢᠨ ᠰᠠᠮᠪᠠᠷ᠎ᠠ ᠪᠣᠯᠤᠨ ᠣᠯᠠᠨ ᠵᠠᠭᠤᠴᠢᠯᠠᠭᠤᠷ ᠤᠨ | ᠵᠢᠷᠤᠭ ᠳᠦᠷᠰᠦ ᠪᠠᠷ ᠳᠠᠮᠵᠢᠭᠤᠯᠤᠨ᠂ ᠳᠠᠷᠬᠠᠨ ᠮᠤᠤᠮᠢᠩᠭᠠᠨ ᠬᠤᠰᠢᠭᠤᠨ ᠤ ᠦᠨᠳᠦᠰᠦᠲᠡᠨ ᠨᠦᠭᠦᠳ ᠤᠨ | ᠬᠠᠮᠲᠤ ᠪᠠᠷ ᠬᠢᠯᠢ ᠬᠢᠵᠠᠭᠠᠷ ᠢ ᠨᠡᠭᠡᠭᠡᠨ ᠬᠥᠭᠵᠢᠭᠦᠯᠬᠦ᠂ ᠬᠡᠷ ᠣᠷᠣᠨ ᠢᠶᠠᠨ ᠪᠥᠲᠥᠭᠡᠨ ᠪᠠᠶᠢᠭᠤᠯᠬᠤ ᠲᠡᠦᠬᠡᠨ | ᠠᠬᠢᠴᠠ ᠶᠢ ᠣᠶᠢᠯᠠᠭᠠᠵᠤ᠂ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠥᠨᠢ | ᠤᠳᠠᠭᠠᠨ ᠲᠡᠤᠬᠡ ᠶᠢ ᠮᠡᠳᠡᠷᠡᠭᠦᠯᠵᠦ᠂ ︽ᠳᠤᠮᠳᠠᠳᠤ ᠶᠢᠨ ᠦᠨᠳᠦᠰᠦᠲᠡᠨ ᠨᠢᠭᠡ ᠬᠡᠷ ᠪᠦᠯᠢ ᠮᠡᠲᠦ ᠳᠣᠲᠣᠨᠣ︾ | ᠦᠷ᠎ᠡ ᠶᠢ ᠬᠡᠦᠬᠡᠳ ᠤᠳ ᠤᠨ ᠰᠡᠳᠬᠢᠯ ᠳᠤ ᠰᠡᠮᠬᠡᠨ ᠰᠣᠶᠣᠭᠠᠯᠠᠭᠤᠯᠪᠠ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠦᠽᠧᠶ ᠶᠢᠨ ᠶᠡᠭᠡ ᠲᠢᠩᠬᠢᠮ ᠳᠤ ᠬᠦᠷᠴᠦ᠂ | ᠰᠤᠷᠤᠭᠴᠢᠳ ᠭᠱᠠᠨ ᠵᠠᠭᠤᠷ᠎ᠠ ᠭᠦᠨ ᠵᠤᠵᠠᠭᠠᠨ ᠲᠡᠦᠬᠡ ᠶᠢᠨ ᠠᠭᠤᠷ ᠠᠮᠢᠰᠬᠤᠯ ᠳᠤ ᠪᠦᠰᠡᠯᠡᠭᠳᠡᠪᠡ᠃ ᠨᠠᠷᠢᠯᠢᠭ | ᠬᠢᠴᠡᠲᠡᠢ ᠬᠦᠷᠡᠯ ᠵᠡᠪᠰᠡᠭ᠂ ᠡᠷᠲᠡᠨ ᠤ ᠪᠣᠷᠣᠭᠵᠢᠭᠤᠨ ᠸᠠᠭᠠᠷ ᠬᠡᠷᠡᠭᠰᠡᠯ ᠢ ᠳᠡᠯᠭᠡᠨ ᠦᠵᠡᠭᠦᠯᠬᠦ ᠬᠤᠷᠭᠤ ᠳᠣᠲᠣᠷ᠎ᠠ | ᠳᠡᠯᠭᠡᠨ ᠦᠵᠡᠭᠦᠯᠵᠦ ᠶᠠᠭ ᠯᠠ ᠡᠷᠲᠡᠨ ᠤ ᠲᠠᠯ᠎ᠠ ᠨᠤᠲᠤᠭ ᠤᠨ ᠦᠯᠢᠭᠡᠷ ᠢ ᠬᠥᠷᠨᠢᠵᠦ ᠪᠠᠶᠢᠭ᠎ᠠ ᠰᠢᠭ᠋ ᠰᠠᠨᠠᠭᠳᠠᠨ᠎ᠠ᠃ | ᠲᠠᠶᠢᠯᠪᠤᠷᠢᠯᠠᠭᠴᠢ ᠪᠠᠭᠰᠢ ᠲᠡᠪᠴᠢᠶᠡᠷᠢᠲᠡᠢ ᠪᠠᠷ ᠳᠠᠶᠠᠭᠠᠷ ᠲᠤ ᠲᠠᠶᠢᠯᠪᠤᠷᠢ ᠬᠢᠨ᠎ᠡ᠄ ᠨᠡᠭᠦᠳᠡᠯ ᠮᠠᠯᠵᠢᠯ ᠤᠨ | ᠦᠨᠳᠦᠰᠦᠲᠡᠨ ᠤ ᠨᠡᠭᠦᠳᠡᠯ ᠤᠨ ᠤᠯᠠ ᠮᠥᠷ ᠠᠴᠠ ᠲᠠᠯ᠎ᠠ ᠨᠤᠲᠤᠭ ᠤᠨ ᠲᠣᠷᠭᠠᠨ ᠵᠠᠮ ᠬᠦᠷᠲᠡᠯ᠎ᠡ ᠴᠡᠴᠡᠭᠯᠡᠨ | ᠬᠥᠭᠵᠢᠭᠰᠡᠨ ᠰᠠᠶᠢᠬᠠᠨ ᠦᠵᠡᠮᠵᠢ ᠶᠢ ᠲᠠᠶᠢᠯᠪᠤᠷᠢᠯᠠᠪᠠ᠃ ᠥᠪᠡᠷᠮᠢᠴᠡ ᠣᠨᠴᠠᠯᠢᠭ ᠲᠠᠢ ᠦᠨᠳᠦᠰᠦᠲᠡᠨ ᠤ | ᠬᠤᠪᠴᠠᠰᠤ ᠵᠠᠰᠠᠯ ᠠᠴᠠ ᠭᠤᠶᠢᠳᠠ ᠰᠠᠶᠢᠬᠠᠨ ᠤᠯᠠᠮᠵᠢᠯᠠᠯᠲᠤ ᠭᠠᠷ ᠤᠷᠠᠯᠠᠯ ᠬᠦᠷᠲᠡᠯ᠎ᠡ᠂ ᠬᠡᠰᠡᠭ ᠪᠦᠷᠢ ᠶᠢᠨ ᠲᠡᠦᠬᠡ | ᠨᠢᠭᠡᠪᠦᠷᠢ ᠨᠢ ᠴᠥᠮ ᠰᠤᠷᠤᠭᠴᠢᠳ ᠢ ᠰᠣᠭᠲᠣᠭᠤᠷᠠᠭᠤᠯᠵᠤ᠂ ᠨᠢᠳᠦᠨ ᠠᠴᠠ ᠨᠢ ᠮᠡᠳᠡᠯᠭᠡ ᠶᠢ ᠬᠦᠭᠡᠭᠡᠴᠡᠯᠳᠦᠬᠦ ᠭᠡᠷᠡᠯ | ᠭᠢᠯᠪᠠᠭ᠎ᠠ ᠰᠠᠴᠤᠷᠠᠨ᠎ᠠ᠃ | ᠬᠢᠴᠢᠶᠡᠯ ᠤᠨ ᠳᠡᠪᠲᠡᠷ ᠲᠠᠬᠢ ᠬᠥᠳᠡᠯᠮᠦᠷᠢ᠂ ᠰᠣᠶᠣᠯ᠂ ᠤᠯᠠᠮᠵᠢᠯᠠᠯ ᠢ ᠥᠪᠡᠷ ᠤᠨ ᠪᠡᠶ᠎ᠡ ᠪᠠᠷ ᠢᠶᠠᠨ | ᠪᠡᠶᠡᠴᠢᠯᠡᠨ ᠣᠶᠢᠯᠠᠭᠠᠬᠤ ᠪᠣᠯᠭᠠᠨ ᠬᠤᠪᠢᠷᠠᠭᠤᠯᠵᠤ᠂ ᠲᠤᠤ ᠮᠠ ᠭᠸᠤ ᠶᠢᠨ ᠰᠤᠳᠤᠯᠤᠨ ᠰᠤᠷᠤᠯᠴᠠᠬᠤ | ᠵᠢᠭᠤᠯᠴᠢᠯᠠᠯ ᠨᠢ ᠨᠢᠭᠡᠨ ᠤᠳᠠᠭᠠᠨ ᠤ ᠪᠠᠶᠠᠷ ᠪᠠᠶᠠᠰᠬᠤᠯᠠᠩ ᠢᠶᠠᠷ ᠪᠢᠯᠬᠠᠭᠰᠠᠨ ᠦᠰᠦᠨ ᠪᠤᠶᠢᠵᠢᠯᠲᠠ ᠶᠢᠨ ᠪᠣᠭᠤᠮᠲᠠ | ᠪᠣᠯᠤᠭᠰᠠᠨ ᠪᠠᠶᠢᠨ᠎ᠠ᠃ ᠵᠤᠤᠬᠠᠨ ᠲᠠᠶᠢᠰᠠᠨ ᠤ ᠰᠤᠭᠤᠨᠠᠭᠯᠠᠬᠤ ᠤᠲᠤᠭᠠᠨ ᠠᠴᠠ ᠪᠣᠳᠠᠲᠤ ᠦᠵᠡᠭᠳᠡᠯ ᠤᠨ | ᠵᠦᠴᠦᠭᠡ ᠶᠢᠨ ᠲᠠᠯᠠᠪᠠᠢ ᠬᠦᠷᠲᠡᠯ᠎ᠡ᠂ ᠲᠠᠷᠢᠶᠠᠨ ᠤ ᠤᠷᠤᠯᠳᠤᠭᠠᠨ ᠠᠴᠠ ᠭᠠᠷ ᠤᠷᠠᠯᠠᠯ ᠬᠢᠬᠦ ᠬᠦᠷᠲᠡᠯ᠎ᠡ᠂ ᠭᠱᠠᠨ | ᠪᠦᠷᠢ ᠪᠦᠷ ᠰᠡᠮᠡᠬᠡᠷ ᠴᠠᠭ ᠮᠥᠴᠡ ᠳᠤ ᠲᠠᠮᠠᠭ᠎ᠠ ᠳᠠᠷᠤᠵᠤ ᠪᠠᠶᠢᠨ᠎ᠠ — ᠡᠨᠡ ᠪᠣᠯ ᠰᠠᠶ᠋ᠢ ᠰᠤᠳᠤᠯᠤᠨ | ᠰᠤᠷᠤᠯᠴᠠᠬᠤ ᠳᠤ ᠪᠠᠶᠢᠬᠤ ︽ᠪᠤᠴᠠᠯᠤᠮ᠎ᠠ ᠬᠠᠯᠠᠭᠤᠨ ᠪᠠᠶᠢᠳᠠᠯ︾ ᠪᠣᠯᠤᠨ᠎ᠠ᠃ | ᠨᠢᠭᠡᠳᠦᠭᠡᠷ ᠪᠣᠭᠤᠮᠲᠠ᠄ ᠬᠤᠭᠤᠯᠠ ᠪᠤᠳᠠᠭ᠎ᠠ ᠬᠢᠵᠦ ᠣᠷᠣᠰᠢᠨ ᠲᠣᠭᠲᠠᠨᠢᠬᠤ ᠥᠷᠢᠰᠥᠯᠳᠦᠭᠡᠨ | ᠥᠪᠡᠷ ᠢᠶᠠᠨ ᠭᠠᠷ ᠬᠦᠳᠡᠯᠪᠡᠯ᠂ ᠢᠳᠡᠵᠦ ᠡᠮᠦᠰᠬᠦ ᠳᠡᠭᠡᠨ ᠵᠥᠪ ᠭᠡᠳᠡᠭ ᠨᠢ ᠲᠤᠤ ᠮᠠ ᠭᠧᠦ ᠭᠠᠴᠠᠭᠠᠨ ᠳᠤ | ᠠᠮᠠᠨ ᠤᠷᠢᠶ᠎ᠠ ᠲᠡᠳᠦᠢ ᠪᠢᠰᠢ︕ ᠰᠤᠷᠤᠭᠴᠢᠳ ᠪᠦᠯᠦᠭ ᠬᠤᠪᠢᠶᠠᠨ ᠢᠳᠡᠭᠡᠨ ᠤ ᠮᠠᠲ᠋ᠧᠷᠢᠶᠠᠯ᠂ ᠲᠦᠯᠡᠰᠢ ᠪᠠᠨ | ᠠᠪᠴᠤ᠂ ᠨᠣᠭᠤᠭ᠎ᠠ ᠪᠠᠨ ᠤᠭᠢᠶᠠᠵᠤ ᠬᠡᠷᠴᠢᠬᠦ᠂ ᠲᠥᠮᠥᠰᠥ ᠬᠡᠷᠴᠢᠬᠦ᠂᠂ ᠨᠣᠭᠤᠭ᠎ᠠ ᠬᠠᠭᠤᠷᠤᠨ᠎ᠠ ᠁ | ᠶᠡᠷᠦ ᠳᠡᠭᠡᠨ ᠲᠣᠭᠤᠭᠠᠨ ᠭᠡᠷ ᠲᠤ ᠣᠷᠣᠳᠠᠭ ᠦᠭᠡᠢ ᠰᠤᠷᠤᠭᠴᠢᠳ᠂ ᠡᠨᠡ ᠦᠶ᠎ᠡ ᠳᠤ ᠪᠦᠷ ᠪᠠᠭ᠎ᠠ ᠲᠣᠭᠤᠭᠠᠴᠢᠨ | ᠪᠣᠯᠵᠠᠢ᠃ ᠵᠠᠷᠢᠮ ᠰᠤᠷᠤᠭᠴᠢ ᠨᠣᠴᠤᠵᠤ ᠳᠡᠶᠢᠯᠬᠦ ᠦᠭᠡᠢ ᠲᠦᠯᠡᠭᠡᠨ ᠳᠤ ᠰᠠᠨᠳᠤᠷᠴᠤ ᠦᠯᠢᠶᠡᠨ᠎ᠡ᠂ ᠵᠠᠷᠢᠮ | ᠰᠤᠷᠤᠭᠴᠢ ᠲᠥᠮᠦᠰᠦᠨ ᠰᠢᠷᠬᠡᠭ ᠬᠡᠷᠴᠢᠨ᠎ᠡ᠂ ᠬᠠᠭᠤᠷᠤᠭᠰᠠᠨ ᠨᠣᠭᠤᠭᠠᠨ ᠤ ᠦᠨᠤ᠋ ᠠᠩᠭᠢᠯᠵᠤ᠂ ᠬᠡᠳᠦᠶᠢᠪᠡᠷ | ᠨᠣᠭᠤᠭᠠᠨ ᠤ ᠳᠠᠪᠤᠰᠤ ᠨᠢ ᠬᠡᠲᠦᠷᠴᠦ ᠪᠤᠳᠠᠭ᠎ᠠ ᠨᠢ ᠵᠥᠭᠡᠯᠡᠨ ᠪᠣᠯᠣᠭᠰᠠᠨ ᠴᠤ᠂ ᠰᠤᠷᠤᠭᠴᠢ ᠨᠢᠭᠡ ᠪᠥᠷᠢ ᠶᠢᠨ | ᠨᠢᠳᠦᠨ ᠳᠤ ᠴᠥᠮ ᠠᠮᠵᠢᠯᠲᠠ ᠶᠢᠨ ᠭᠡᠷᠡᠯ ᠭᠢᠯᠠᠯᠵᠠᠨ᠎ᠠ᠃ ᠰᠤᠷᠤᠭᠴᠢᠳ ᠤᠳᠠᠭ᠎ᠠ ᠪᠦᠷᠢ ᠶᠢᠨ ᠨᠢᠷᠤᠭᠤ ᠪᠦᠬᠦ᠋ᠢᠵᠦ | ᠭᠠᠯ ᠲᠦᠯᠡᠬᠦ᠂ ᠪᠠ ᠬᠢᠲᠤᠭ᠎ᠠ ᠠᠳᠬᠤᠨ ᠨᠣᠭᠤᠭ᠎ᠠ ᠬᠠᠭᠤᠷᠬᠤ ᠦᠢᠯᠡ ᠬᠦᠳᠡᠯᠦᠯ ᠳᠤ ᠲᠠᠯᠠᠷᠬᠠᠯ ᠤᠨ ᠰᠡᠳᠭᠢᠯᠭᠡ | ᠠᠬᠤᠭᠤᠯᠤᠨᠠ ᠭᠡᠳᠡᠭ ᠢ ᠣᠶᠢᠯᠠᠭᠠᠪᠠ᠃ | ᠬᠤᠶᠠᠳᠤᠭᠠᠷ ᠦᠵᠡᠭᠳᠡᠯ᠄ ᠪᠣᠳᠠᠲᠤ ᠦᠵᠡᠮᠵᠢᠲᠦ ᠵᠥᠴᠥᠭᠡ ᠶᠢᠨ ᠲᠠᠯᠠᠪᠠᠢ ᠳᠠᠬᠢ ᠴᠠᠭ ᠮᠥᠴᠡ ᠶᠢ | ᠭᠡᠲᠦᠯᠦᠨ᠎ᠡ | ᠦᠳᠡ ᠶᠢᠨ ᠬᠤᠶᠢᠨ᠎ᠠ᠂ ᠪᠣᠳᠠᠲᠤ ᠦᠵᠡᠮᠵᠢᠲᠦ ᠵᠦᠴᠦᠭᠡ ︽ᠲᠤᠤ ᠮᠠ ᠭᠧᠦ ᠶᠢᠨ ᠬᠥᠮᠥᠰ︾ | ᠲᠣᠭᠯᠠᠯᠲᠠ ᠪᠠᠨ ᠡᠬᠢᠯᠡᠭᠦᠯᠪᠡ᠃ | ᠲᠣᠭᠯᠠᠭᠴᠢᠳ ᠪᠦᠳᠦᠭᠦᠯᠢᠭ ᠪᠥᠰ ᠬᠤᠪᠴᠠᠰᠤ ᠡᠮᠦᠰᠴᠦ ᠲᠣᠰᠬᠤᠨ ᠤ ᠬᠠᠭᠤᠴᠢᠨ ᠦᠯᠢᠭᠡᠷ ᠢ ᠲᠣᠭᠯᠠᠨ᠎ᠠ | ᠄ ᠡᠪᠦᠭᠡ ᠠᠪᠤ ᠨᠢ ᠮᠣᠷᠢᠨ ᠲᠡᠷᠭᠡ ᠪᠠᠷ ᠠᠮᠤ ᠪᠤᠳᠠᠭ᠎ᠠ ᠬᠦᠷᠭᠡᠨ᠎ᠡ᠂ ᠡᠮᠡᠭᠡ ᠡᠵᠢ ᠨᠢ ᠬᠦᠷᠢᠶᠡᠨ ᠳᠣᠲᠣᠷ᠎ᠠ ᠪᠠᠨ | ᠲᠠᠬᠢᠶ᠎ᠠ ᠲᠡᠵᠢᠭᠡᠵᠦ᠂ ᠵᠠᠯᠠᠭᠤᠴᠤᠳ ᠨᠢ ᠨᠠᠷᠢᠮᠤ ᠶᠢᠨ ᠲᠠᠯᠠᠪᠠᠢ ᠳᠤ ᠠᠮᠤ ᠪᠤᠳᠠᠭ᠎ᠠ ᠡᠭᠡᠭᠡᠵᠦ ᠪᠠᠶᠢᠯ᠎ᠠ ᠁ | ᠬᠠᠮᠤᠭ ᠤᠨ ᠰᠡᠳᠬᠢᠯ ᠬᠥᠳᠡᠯᠭᠡᠮ᠎ᠡ ᠦᠵᠡᠭᠳᠡᠯ ᠨᠢ ᠪᠣᠯ ᠲᠣᠰᠬᠤᠨ ᠤ ᠠᠮᠠᠨ ᠳᠤ ᠠᠶᠠᠷᠯᠠᠬᠤ ᠦᠵᠡᠭᠳᠡᠯ ᠁ | ᠲᠣᠰᠬᠤᠨ ᠨᠢᠭᠡᠪᠦᠷᠢ ᠶᠢᠨ ᠦᠯᠢᠭᠡᠷ ᠪᠣᠯ ᠴᠥᠮ ᠲᠤᠭ᠎ᠠ ᠲᠣᠮᠰᠢ ᠦᠭᠡᠢ ᠤᠯᠠᠨ ᠬᠥᠮᠦᠨ ᠤ ᠬᠦᠴᠦ | ᠬᠥᠯᠥᠰᠥ ᠪᠠᠷ ᠢᠶᠠᠨ ᠪᠢᠴᠢᠭᠯᠡᠭᠰᠡᠨ ᠠᠮᠢᠳᠤᠯᠢᠭ ᠲᠡᠦᠬᠡ ᠮᠥᠨ ᠭᠡᠳᠡᠭ ᠢ ᠰᠤᠷᠤᠭᠴᠢᠳ ᠭᠡᠨᠡᠳᠲᠡ ᠣᠶᠢᠯᠠᠭᠠᠪᠠ᠃ | ᠭᠤᠷᠪᠠᠳᠤᠭᠠᠷ ᠲᠠᠯᠠᠪᠤᠷ᠄ ᠲᠣᠰᠬᠤᠨ ᠤ ᠬᠡᠳᠦ ᠳᠡᠰ ᠤᠨ ᠤᠷᠤᠯᠳᠤᠭᠠᠨ ᠤ ᠲᠠᠯᠠᠪᠤᠷ ᠤᠨ ᠳᠤᠷ᠎ᠠ ᠰᠣᠨᠢᠷᠬᠠᠯ | ᠲᠠᠤᠯᠠᠢ ᠭᠦᠶᠦᠬᠦ ᠤᠷᠤᠯᠳᠤᠭᠠᠨ᠄ | ᠬᠦᠭᠡᠷᠦᠬᠦᠨ ᠲᠠᠮᠢᠷᠴᠢᠳ ᠭᠦᠶᠦᠯᠲᠡ ᠶᠢᠨ ᠵᠠᠮ ᠳᠡᠭᠡᠷ᠎ᠡ ᠦᠰᠦᠷᠬᠢᠯᠡᠨᠡ᠂ ᠵᠠᠷᠢᠮ ᠨᠢ ᠲᠣᠯᠣᠭᠠᠢ ᠳᠠᠷᠤᠨ | ᠡᠪᠡᠰᠦ ᠬᠡᠮᠡᠯᠢᠵᠦ᠂ ᠵᠠᠷᠢᠮ ᠨᠢ ᠭᠡᠨᠡᠳᠲᠡ ᠰᠥᠷᠭᠡᠦ ᠳᠠᠭᠠᠷᠢᠯᠲᠠ ᠬᠢᠨ᠎ᠡ᠂ ᠰᠤᠷᠤᠭᠴᠢᠳ ᠬᠠᠵᠠᠭᠤ ᠳᠤᠨᠢ ᠰᠢᠶᠣᠣ | ᠪᠠᠢ ᠴᠢᠷᠮᠠᠢ ᠭᠡᠵᠦ ᠬᠠᠰᠭᠢᠷᠴᠤ ᠪᠠᠶᠢᠨ᠎ᠠ︕ ᠬᠦᠢ︕ᠬᠦᠢ︕ ᠰᠢᠪᠲᠤᠯᠤᠯᠲᠠ ᠬᠢ︕᠂ ᠥᠪᠡᠷ ᠢᠶᠠᠨ | ᠰᠢᠯᠭᠠᠯᠲᠠ ᠳᠤ ᠣᠷᠣᠭᠰᠠᠨ ᠠᠴᠠ ᠢᠯᠡᠭᠦᠦ ᠰᠠᠨᠳᠤᠷᠴᠤ ᠪᠠᠶᠢᠨ᠎ᠠ ᠂ ᠬᠠᠮᠤᠭ ᠤᠨ ᠡᠴᠦᠰ ᠲᠤ ᠠᠪᠤᠷᠭᠤ ᠲᠠᠤᠯᠠᠢ | ᠡᠷᠭᠦᠭᠳᠡᠬᠦ ᠦᠶ᠎ᠡ ᠳᠤ᠂ ᠴᠢᠬᠢ ᠨᠢ ᠪᠠᠰᠠ ᠴᠡᠴᠡᠷᠬᠢᠯᠡᠵᠦ ᠪᠠᠶᠢᠵᠠᠢ᠂ ᠦᠨᠡᠬᠡᠷ ᠬᠥᠭᠡᠷᠦᠬᠦᠨ᠃ | ᠠᠮᠤ ᠪᠤᠳᠠᠭ᠎ᠠ ᠵᠥᠭᠡᠭᠡᠪᠦᠷᠢᠯᠡᠬᠦ ᠤᠷᠤᠯᠳᠤᠭᠠᠨ᠄ | ᠬᠤᠶᠠᠷ ᠬᠥᠮᠦᠨ ᠨᠢᠭᠡ ᠳᠤᠭᠤᠶᠢᠯᠠᠩ ᠪᠣᠯᠵᠤ ᠵᠢᠳᠭᠦᠭᠦᠷ ᠲᠡᠷᠭᠡ ᠪᠠᠷ ᠠᠮᠤ ᠪᠤᠳᠠᠭ᠎ᠠ ᠵᠦᠭᠡᠭᠡᠪᠦᠷᠢᠯᠡᠨ᠎ᠡ᠂ | ᠵᠠᠷᠢᠮᠲ᠋ᠤᠭᠤᠢᠯᠠᠩ ᠨᠢ ᠬᠡᠲᠦᠷᠬᠡᠢ ᠬᠤᠷᠳᠤᠨ ᠭᠦᠶᠦᠵᠦ ᠠᠮᠤ ᠪᠤᠳᠠᠭ᠎ᠠ ᠪᠠᠨ ᠨᠢᠭᠡ ᠵᠠᠮ ᠤᠨᠠᠭᠠᠵᠤ᠂ ᠵᠠᠷᠢᠮ | ᠳᠤᠭᠤᠢᠯᠠᠩ ᠨᠢ ᠲᠣᠭᠲᠠᠭᠤᠨ ᠢᠶᠠᠷ ᠢᠯᠠᠯᠲᠠ ᠵᠦᠭ ᠳᠦᠬᠦᠨᠡ᠂ ᠤᠤᠯ ᠨᠢ ᠤᠷᠤᠯᠳᠤᠭᠠᠨ ᠳᠤ ᠢᠯᠠᠯᠲᠠ ᠢᠯᠠᠭᠳᠠᠯ | ᠲᠡᠳᠦᠢ ᠦᠭᠡᠢ᠂ ᠨᠡᠩ ᠴᠤ ᠨᠠᠭᠠᠳᠤᠮ ᠤᠨ ᠳᠤᠮᠳᠠ ᠲᠠᠷᠢᠶᠠᠯᠠᠩ ᠤᠨ ᠣᠶᠤᠨ ᠤᠬᠠᠭᠠᠨ ᠢ ᠮᠡᠳᠡᠷᠡᠵᠦ ᠪᠣᠯᠤᠨ᠎ᠠ᠃ | ᠳᠥᠷᠪᠡᠳᠦᠭᠡᠷ ᠦᠷᠲᠡᠭᠡ᠄ ᠭᠠᠷ ᠤᠷᠠᠯᠠᠯ ᠲᠠᠷᠢᠶᠠᠯᠠᠩ ᠤᠨ ᠡᠭᠦᠳᠦᠯᠲᠡ ᠵᠢᠨᠰᠡᠳᠭᠢᠭᠦᠢ ᠴᠡᠴᠡᠭᠯᠡᠨ ᠳᠡᠯᠭᠡᠷᠡᠬᠦ | ᠭᠠᠷ ᠦᠢᠯᠡᠳᠭᠡᠯ ᠤᠨ ᠭᠠᠵᠠᠷ ᠲᠤ᠂ ᠲᠤᠳᠤᠷᠭᠠᠨ ᠡᠪᠡᠰᠦ᠂ ᠪᠤᠷᠴᠠᠭ᠂ ᠡᠷᠳᠡᠨᠢ ᠰᠢᠰᠢ ᠶᠢᠨ ᠬᠠᠯᠢᠰᠤ᠂ | ᠬᠠᠭᠤᠴᠢᠨ ᠴᠠᠭᠠᠰᠤ ᠨᠢ ᠪᠦᠲᠦᠭᠡᠯᠴᠢ ᠭᠤᠤᠯ ᠲᠦᠷᠢ ᠪᠤᠯᠵᠤ᠂ ᠵᠠᠷᠢᠮ ᠰᠤᠷᠤᠭᠴᠢ ᠴᠠᠭᠠᠰᠤ ᠪᠠᠷ ᠰᠠᠭᠰᠤᠨ | ᠪᠦᠮᠪᠦᠭᠡᠨ ᠤ ᠲᠠᠯᠠᠪᠠᠢ ᠵᠣᠬᠢᠶᠠᠵᠠᠢ᠂ ᠵᠠᠷᠢᠮ ᠰᠤᠷᠤᠭᠴᠢ ᠡᠯ᠎ᠡ ᠵᠦᠢᠯ ᠤᠨ ᠪᠤᠷᠴᠠᠭ ᠢᠶᠠᠷ ᠬᠤᠸᠠᠷ ᠪᠤᠯᠤᠨ ᠡᠷᠪᠡᠬᠡᠢ | ᠵᠣᠬᠢᠶᠠᠵᠠᠢ ᠁ ᠣᠷᠴᠢᠨ ᠲᠣᠭᠤᠷᠢᠨ ᠢ ᠬᠠᠮᠠᠭᠠᠯᠠᠬᠤ ᠪᠠ ᠪᠦᠲᠦᠭᠡᠯᠴᠢ ᠰᠠᠨᠠᠭ᠎ᠠ ᠨᠢ ᠰᠢᠪᠠᠷ ᠱᠠᠯᠴᠢᠭ ᠤᠨ | ᠳᠤᠮᠳᠠ ᠪᠠᠰᠠ ᠴᠡᠴᠡᠭ ᠳᠡᠯᠭᠡᠷᠡᠵᠦ ᠪᠣᠯᠳᠠᠭ ᠭᠡᠳᠡᠭ ᠢ ᠰᠤᠷᠤᠭᠴᠢᠳ ᠭᠡᠨᠡᠳᠲᠡ ᠰᠡᠷᠡᠵᠦ ᠮᠡᠳᠡᠵᠡᠢ᠃ | ᠲᠠᠪᠤᠳᠤᠭᠠᠷ ᠬᠢᠴᠢᠶᠡᠯ᠄ ᠭᠡᠷ ᠤᠨ ᠴᠠᠳᠢᠭ ᠳᠣᠲᠣᠷᠠᠬᠢ ᠤᠯᠠᠮᠵᠢᠯᠠᠨ ᠵᠠᠯᠭᠠᠮᠵᠢᠯᠠᠬᠤ ᠨᠢᠭᠤᠴᠠ ᠲᠡᠮᠳᠡᠭ | ᠲᠣᠰᠬᠤᠨ ᠤ ᠲᠡᠦᠬᠡ ᠶᠢᠨ ᠣᠷᠳᠣᠨ ᠳᠤ ︽ᠭᠡᠷ︾ ᠤᠨ ᠲᠤᠬᠠᠶ ᠨᠢᠭᠡᠨ ᠤᠳᠠᠭᠠᠨ ᠤ ᠬᠢᠴᠢᠶᠡᠯ ᠰᠡᠮ ᠢᠶᠠᠷ | ᠥᠷᠨᠢᠪᠡ᠃ ᠰᠤᠷᠤᠭᠴᠢᠳ ᠪᠠᠭᠰᠢ ᠪᠠᠨ ᠳᠠᠭᠠᠵᠤ ᠥᠪᠡᠷ ᠤᠨ ᠭᠡᠷ ᠪᠦᠯᠢ ᠶᠢᠨ ᠰᠤᠳᠠᠰᠤ ᠪᠠᠨ ᠡᠮᠬᠢᠯᠡᠵᠦ᠂ | ᠴᠠᠭᠠᠰᠤᠨ ᠳᠡᠭᠡᠷ᠎ᠡ ᠡᠪᠦᠭᠡ ᠶᠢᠨ ᠢᠶᠠᠨ ᠨᠡᠷ᠎ᠡ᠂ ᠠᠪᠤ ᠶᠢᠨ ᠢᠶᠠᠨ ᠨᠡᠷ᠎ᠡ ᠶᠢ ᠪᠢᠴᠢᠵᠡᠢ ᠁ ᠰᠤᠷᠤᠭᠴᠢ | ᠨᠢᠭᠡᠪᠦᠷᠢ ᠶᠢᠨ ᠠᠷᠤ ᠳᠤ ᠲᠤᠭ᠎ᠠ ᠲᠣᠮᠰᠢ ᠦᠭᠡᠢ ᠣᠯᠠᠨ ᠬᠥᠮᠦᠨ ᠤ ᠦᠯᠢᠭᠡᠷ ᠲᠤᠯᠭᠠᠭᠤᠷᠢ ᠪᠣᠯᠵᠤ ᠪᠠᠶᠢᠨ᠎ᠠ᠃ | ᠭᠡᠷ ᠤᠨ ᠴᠠᠳᠢᠭ ᠪᠢᠴᠢᠭᠡᠳ ᠨᠡᠷ᠎ᠡ ᠶᠢ ᠴᠡᠭᠡᠵᠢᠯᠡᠵᠦ ᠪᠠᠶᠢᠬᠤ ᠪᠢᠰᠢ ᠬᠠᠷᠢᠨ ᠦᠪᠡᠷ ᠢ ᠪᠠᠨ ᠬᠠᠮᠢᠭ᠎ᠠ ᠠᠴᠠ ᠢᠷᠡᠭᠰᠡᠨ | ᠭᠡᠳᠡᠭ ᠢ ᠴᠡᠭᠡᠵᠢᠯᠡᠨ᠎ᠡ᠃ ᠪᠢᠷ ᠤᠨ ᠦᠵᠦᠭᠦᠷ ᠴᠠᠭᠠᠰᠤ ᠪᠠᠷ ᠦᠩᠭᠡᠷᠡᠬᠦ ᠳᠤ᠂ ᠰᠡᠳᠭᠢᠯ ᠳᠣᠲᠣᠷ᠎ᠠ ᠭᠡᠨᠡᠳᠲᠡ ᠭᠡᠷ | ᠤᠷᠤᠭᠤ ᠪᠠᠨ ᠭᠡᠬᠦ ᠰᠡᠳᠭᠢᠯᠭᠡ ᠲᠦᠷᠦᠭᠳᠡᠪᠡ᠃ | ᠵᠢᠷᠭᠤᠳᠤᠭᠠᠷ ᠲᠠᠯᠠᠪᠤᠷ᠄ ᠶᠠᠩᠭᠠᠷ ᠪᠦᠵᠢᠭ ᠤᠨ ᠭᠠᠯ ᠳᠦᠷᠡᠯᠵᠡᠪᠡ | ᠰᠦᠨᠢ ᠶᠢᠨ ᠬᠦᠰᠢᠬᠡ ᠪᠠᠭᠤᠬᠤ ᠳᠤ᠂ ᠬᠦᠷᠢᠶ᠎ᠡ ᠳᠦᠭᠦᠷᠡᠩ ᠳ᠋ᠧᠩᠯᠦ ᠡᠯᠭᠦᠭᠡᠳ ᠶᠠᠩᠭᠠᠷ ᠬᠠᠷᠠᠩᠭ᠎ᠠ | ᠳᠡᠯᠡᠰᠦᠨᠡ᠃ ᠲᠣᠰᠬᠤᠨ ᠤ ᠡᠪᠦᠭᠡᠨ ᠡᠮᠡᠭᠡᠨ ᠰᠤᠷᠤᠭᠴᠢᠳ ᠲᠤ ᠳᠡᠪᠢᠭᠦᠷ ᠠᠳᠬᠤᠬᠤ ᠠᠯᠬᠤᠭ᠎ᠠ ᠭᠢᠰᠬᠢᠭᠦᠷ᠄ | ᠨᠢᠷᠤᠭᠤ ᠪᠠᠨ ᠨᠠᠬᠢᠯᠵᠠᠭᠤᠯᠵᠤ᠂᠂ ᠴᠢᠷᠠᠢ ᠳᠥᠭᠦᠷᠡᠩ ᠢᠨᠢᠶᠡᠳᠦ ᠲᠠᠢ ᠪᠠᠶᠢᠬᠤ︕ ᠰᠤᠷᠤᠭᠴᠢᠳ ᠤᠨ ᠢᠨᠢᠶᠡᠬᠦ | ᠳᠠᠭᠤᠨ ᠳᠤ ᠬᠠᠷᠠᠩᠭ᠎ᠠ ᠬᠡᠩᠭᠡᠷᠭᠡ ᠶᠢᠨ ᠳᠠᠭᠤ ᠬᠤᠯᠢᠯᠳᠤᠵᠤ᠂ ᠦᠯᠦ ᠮᠡᠳᠡᠭᠳᠡᠮ᠎ᠡ ᠪᠠᠷ ᠪᠡᠶ᠎ᠡ ᠶᠢᠨ ᠠᠶ᠎ᠠ ᠪᠠᠷ ᠢᠶᠠᠨ | ᠪᠣᠯᠪᠠ — ᠤᠯᠠᠮᠵᠢᠯᠠᠯᠲᠤ ᠵᠠᠩ ᠦᠢᠯᠡ ᠶᠢᠨ ᠪᠠᠶᠠᠷ ᠪᠠᠶᠠᠰᠤᠯ ᠨᠢ ᠲᠠᠭᠠᠲᠠᠢ ᠦᠢᠯᠡ ᠬᠦᠳᠡᠯᠭᠡᠭᠡᠨ ᠪᠣᠯᠭᠠᠨ ᠳᠤ᠂ | ᠰᠡᠳᠭᠢᠯ ᠤᠨ ᠭᠦᠨ ᠠᠴᠠ ᠪᠠᠨ ᠪᠠᠶᠠᠷᠯᠠᠬᠤ ᠢᠨᠢᠶᠡᠳᠦ ᠪᠣᠯᠭᠠᠨ ᠳᠤ ᠨᠢᠭᠤᠭᠳᠠᠵᠣ ᠪᠠᠶᠢᠳᠠᠭ᠃ | ᠳᠣᠯᠣᠳᠤᠭᠠᠷ ᠥᠷᠲᠡᠭᠡ᠄ ᠤᠶᠤᠨᠲᠤ ᠬᠦᠯᠡᠮᠵᠢ ᠶᠢᠨ ᠳᠣᠲᠣᠷᠠᠬᠢ ︽ᠢᠷᠡᠭᠡᠳᠦᠶ ᠶᠢᠨ ᠶᠠᠷᠢᠯᠴᠠᠭ᠎ᠠ︾ | ᠮᠠ ᠭᠧᠦ ᠵᠥᠪᠬᠡᠨ ᠤᠯᠠᠮᠵᠢᠯᠠᠯ ᠲᠠᠢ ᠭᠡᠵᠦ ᠦᠦ︖᠃ ︽ᠪᠤᠷᠤᠭᠤ ᠪᠣᠯᠣᠯ᠎ᠠ︕︾ ᠨᠠᠷᠠᠨ ᠤ ᠭᠡᠷᠡᠯ ᠤᠨ | ᠣᠶᠤᠨᠴᠢ ᠬᠥᠯᠡᠮᠵᠢ ᠶᠢᠨ ᠳᠣᠲᠣᠷ᠎ᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠥᠩᠭᠡᠲᠦ ᠥᠨᠳᠡᠭᠡ | ᠨᠢᠭᠤᠭᠳᠠᠵᠤ ᠪᠠᠶᠢᠯ᠎ᠠ᠄ ᠰᠢᠯ ᠬᠥᠯᠡᠮᠵᠢ ᠶᠢᠨ ᠳᠣᠲᠣᠷ᠎ᠠ ᠰᠢᠷᠤᠢ ᠦᠭᠡᠢ ᠪᠠᠷ ᠲᠠᠷᠢᠵᠤ ᠪᠠᠶᠢᠭ᠎ᠠ ᠡᠯ᠎ᠡ ᠵᠦᠢᠯ ᠤᠨ | ᠢᠳᠡᠰᠢᠨ ᠨᠣᠭᠤᠭ᠎ᠠ ᠨᠢ ᠤᠰᠤᠨ ᠰᠤᠪᠤᠳ ᠢ ᠡᠯᠭᠦᠵᠦ᠂ ᠤᠰᠤᠯᠠᠬᠤ ᠳᠤ ᠪᠦᠷ ᠠᠦᠲ᠋ᠦᠴᠢᠯᠠᠵᠤ ᠪᠠᠶᠢᠨ᠎ᠠ᠃ | ᠲᠠᠷᠢᠶᠠᠯᠠᠩ ᠤᠨ ᠮᠡᠷᠭᠡᠵᠢᠯᠲᠡᠨ ᠣᠳᠣ ᠲᠠᠷᠢᠶ᠎ᠠ ᠲᠠᠷᠢᠬᠤ ᠳᠤ ᠬᠠᠭᠤᠴᠢᠨ ᠲᠤᠷᠰᠢᠯᠭ᠎ᠠ ᠪᠠᠨ ᠪᠠᠷᠢᠮᠲᠠᠯᠠᠬᠤ ᠶᠢᠨ ᠬᠠᠮᠲᠤ | ᠰᠢᠨ᠎ᠡ ᠰᠢᠨᠵᠢᠯᠡᠭᠡ ᠮᠡᠷᠭᠡᠵᠢᠯ ᠬᠡᠷᠡᠭᠯᠡᠬᠦ ᠬᠡᠷᠡᠭᠲᠡᠶ ᠭᠡᠪᠡ᠃ ᠰᠤᠷᠤᠭᠴᠢᠳ ᠰᠢᠷᠣᠢ ᠦᠭᠡᠢ ᠲᠠᠷᠢᠵᠤ ᠤᠷᠭᠤᠭᠤᠯᠬᠤ | ᠦᠨᠳᠦᠰᠦᠨ ᠰᠢᠰᠲ᠋ᠧᠮ ᠢ ᠲᠡᠮᠲᠡᠷᠢᠵᠦ᠂ ᠤᠯᠠᠮᠵᠢᠯᠠᠯᠲᠤ ᠲᠤᠲᠤᠷᠭᠠᠨ ᠲᠠᠷᠢᠶ᠎ᠠ ᠪᠣᠯᠤᠨ ᠤᠶᠤᠨᠲᠤ ᠬᠦᠯᠡᠮᠵᠢ ᠶᠢᠨ | ᠬᠠᠮᠲᠤ ᠬᠠᠷᠠᠭᠳᠠᠭᠰᠠᠨ ᠢ ᠦᠵᠡᠭᠡᠳ᠂ ᠤᠯᠠᠮᠵᠢᠯᠠᠯ ᠨᠢ ᠪᠠᠲᠤ ᠰᠠᠬᠢᠭᠴᠢ ᠪᠢᠰᠢ ᠬᠠᠷᠢᠨ ᠬᠠᠭᠤᠴᠢᠨ ᠭᠠᠵᠠᠷ | ᠰᠢᠷᠣᠢ ᠪᠠᠷ ᠰᠢᠨ᠎ᠡ ᠨᠡᠷᠡᠨ ᠤ ᠭᠡᠷᠡᠯ ᠲᠣᠰᠣᠭᠤᠯᠬᠤ ᠶᠠᠪᠤᠳᠠᠯ ᠪᠣᠯᠣᠨ᠎ᠠ᠃ | ᠲᠡᠭᠦᠰᠬᠡᠯ᠄ ᠶᠢᠨ ᠹᠧᠩ ᠰᠧ ᠾᠧ ᠬᠦᠷᠢᠶᠡᠨ ᠳᠤ ᠣᠷᠣᠵᠦ ᠴᠠᠭ ᠮᠥᠴᠡ ᠲᠤᠳᠤᠷᠠᠬᠢ ᠡᠷᠲᠡᠨ ᠤ ᠪᠠᠷᠢᠯᠭ᠎ᠠ ᠶᠢᠨ | ᠨᠢᠭᠤᠴᠠ ᠲᠡᠮᠳᠡᠭ ᠢ ᠲᠡᠮᠲᠡᠷᠢᠪᠡ᠃ | ᠬᠥᠬᠡ ᠸᠠᠭᠠᠷ ᠲᠣᠭᠤᠰᠬ᠎ᠠ᠂ ᠳᠠᠪᠬᠤᠷᠯᠢᠭ ᠰᠠᠷᠠᠪᠴᠢᠳᠤ ᠭᠤᠯᠳᠣᠩ ᠰᠡᠶᠢᠯᠦᠮᠡᠯ᠂ ᠮᠣᠳᠣᠨ ᠰᠡᠶᠢᠯᠦᠮᠡᠯ ᠁ | ᠣᠳᠣ ᠦᠶ᠎ᠡ ᠶᠢᠨ ᠰᠤᠳᠤᠯᠤᠨ ᠰᠤᠷᠬᠤ ᠨᠢ ᠬᠡᠳᠦᠨ ᠮᠢᠩᠭᠠᠨ ᠣᠨ ᠤ ᠶᠢᠨ ᠤᠯᠤᠰ ᠤᠨ ᠮᠠᠶ᠋ᠢᠭ ᠤᠨ ᠪᠠᠷᠢᠯᠭ᠎ᠠ᠂ | ᠴᠠᠭ ᠦᠶ᠎ᠡ ᠠᠴᠠ ᠬᠡᠲᠦᠷᠡᠭᠰᠡᠨ ᠰᠤᠶᠤᠯ ᠤᠨ ᠶᠠᠷᠢᠯᠴᠠᠭ᠎ᠠ ᠠᠳᠡ ᠶᠠᠪᠤᠭᠳᠠᠵᠠᠶ᠃ ᠲᠤᠤ ᠮᠠ᠋ ᠭᠧᠦ ᠶᠢᠨ ᠹᠧᠩ ᠰᠾᠢ | ᠾᠧ ᠬᠦᠷᠢᠶᠡᠯᠡᠩ ᠳᠤ ᠣᠷᠣᠵᠤ᠂ ᠨᠢᠭᠡ ᠲᠣᠭᠤᠰᠬ᠎ᠠ᠂ ᠨᠢᠭᠡ ᠸᠠᠭᠠᠷ ᠤᠨ ᠬᠤᠭᠤᠷᠣᠨᠳᠣ ᠱᠠᠨ ᠰᠢ ᠶᠢᠨ ᠡᠷᠲᠡᠨ ᠤ | ᠪᠠᠢᠭᠤᠯᠤᠭᠰᠠᠨ ᠭᠤᠸ᠎ᠠ ᠵᠦᠢ ᠶᠢᠨ ᠣᠶᠤᠨ ᠤᠬᠠᠭᠠᠨ᠂ ᠨᠢᠭᠡ ᠬᠦᠷᠢᠶ᠎ᠡ ᠨᠢᠭᠡ ᠦᠵᠡᠮᠵᠢ ᠳᠤ ᠤᠯᠠᠮᠵᠢᠯᠠᠯᠲᠤ | ᠠᠮᠢᠳᠤᠷᠠᠯ ᠤᠨ ᠳᠤᠯᠠᠭᠠᠨ ᠢ ᠮᠡᠳᠡᠷᠡᠨ᠎ᠡ᠃ | ᠲᠤᠤ ᠮᠠ ᠭᠸᠤ ᠶᠢᠨ ᠰᠤᠳᠤᠯᠤᠨ ᠰᠤᠷᠤᠯᠴᠠᠬᠤ ᠨᠢ ᠶᠡᠷᠦ ᠠᠴᠠ ᠺᠠᠷᠲᠯᠠᠵᠤ ᠪᠡᠶᠡᠴᠢᠯᠡᠨ ᠣᠶᠢᠯᠠᠭᠠᠬᠤ ᠪᠢᠰᠢ᠂ | ᠬᠠᠷᠢᠨ ᠪᠢᠳᠡᠨ ᠢ ᠬᠤᠭᠤᠯᠠ ᠬᠢᠬᠦ ᠦᠶ᠎ᠡ ᠳᠤ ᠬᠠᠷᠢᠭᠤᠴᠠᠯᠭ᠎ᠠ ᠡᠭᠦᠷᠭᠡᠯᠡᠬᠦ ᠶᠢ ᠰᠤᠷᠴᠤ᠂ ᠪᠣᠳᠠᠲᠤ ᠦᠵᠡᠭᠳᠡᠯᠲᠦ | ᠵᠦᠴᠦᠭᠡ ᠶᠢᠨ ᠳᠣᠲᠣᠷ᠎ᠠ ᠲᠡᠦᠬᠡ ᠶᠢ ᠣᠶᠢᠯᠠᠭᠠᠵᠤ᠂ ᠬᠥᠳᠡᠭᠡ ᠲᠣᠰᠬᠤᠨ ᠤ ᠬᠡᠳᠦ ᠳᠡᠰ ᠤᠨ ᠬᠤᠯᠪᠤᠭᠠᠲᠤ | ᠤᠷᠤᠯᠳᠤᠭᠠᠨ ᠳᠣᠲᠣᠷ᠎ᠠ ᠠᠴᠠ ᠬᠠᠮᠵᠢᠯᠴᠠᠬᠤ ᠶᠢ ᠣᠶᠢᠯᠠᠭᠠᠵᠤ᠂ ᠭᠠᠷ ᠤᠷᠠᠯᠠᠯ ᠪᠣᠯᠤᠨ ᠭᠡᠷ ᠤᠨ ᠴᠠᠳᠢᠭ ᠠᠴᠠ | ᠤᠯᠠᠮᠵᠢᠯᠠᠯ ᠤᠨ ᠳᠦᠷᠢ ᠶᠢ ᠣᠯᠵᠤ ᠬᠠᠷᠠᠪᠠ᠃ ᠬᠠᠮᠤᠭ ᠤᠨ ᠰᠠᠶᠢᠨ ᠦᠰᠦᠨ ᠪᠤᠶᠢᠵᠢᠯᠲᠠ ᠪᠣᠯ ᠳᠠᠷᠤᠢ ᠬᠤᠭᠤᠯᠠ | ᠪᠤᠳᠠᠭ᠎ᠠ ᠬᠢᠬᠦ ᠦᠢᠯᠡᠳᠦᠯᠭᠡ ᠳᠤᠮᠳᠠ ᠪᠠᠶᠢᠵᠤ᠂ ᠤᠯᠠᠮᠵᠢᠯᠠᠯ ᠪᠠ ᠣᠳᠣ ᠦᠶ᠎ᠡ ᠶᠢᠨ ᠮᠥᠷᠭᠦᠯᠳᠦᠭᠡᠨ ᠳᠤᠮᠳᠠ᠂ | ᠰᠡᠳᠭᠢᠯ ᠵᠢᠷᠦᠬᠡᠨ ᠳᠤ ᠬᠠᠶᠢᠷ᠎ᠠ ᠶᠢᠨ ᠦᠷ᠎ᠡ ᠶᠢ ᠬᠦᠮᠦᠵᠢᠭᠦᠯᠬᠦ — ᠭᠠᠵᠠᠷ ᠰᠢᠷᠣᠢ ᠪᠠᠨ ᠬᠠᠶᠢᠷᠠᠯᠠᠵᠤ᠂ | ᠰᠣᠶᠣᠯ ᠢᠶᠠᠨ ᠬᠠᠶᠢᠷᠠᠯᠠᠵᠤ ᠨᠡᠩ ᠴᠤ ᠬᠠᠯᠠᠭᠤᠨ ᠠᠭᠤᠷ ᠠᠮᠢᠰᠭᠤᠯ ᠲᠠᠢ ᠬᠥᠮᠥᠨ ᠤ ᠶᠢᠷᠲᠢᠨᠴᠦ ᠶᠢ ᠬᠠᠶᠢᠷᠠᠯᠠᠨ᠎ᠠ᠃ | | ᠬᠤᠩᠭᠤᠷ ᠤᠪᠤᠭ᠎ᠠ | ᠬᠤᠩᠭᠤᠷ ᠤᠪᠤᠭ᠎ᠠ ᠶᠢᠨ ᠨᠢᠭᠤᠴᠠ ᠶᠢ ᠰᠦᠪᠡᠭᠴᠢᠯᠡᠵᠦ᠂ ︽ᠭᠤᠪᠢ ᠶᠢᠨ ᠡᠮᠦᠨᠡᠬᠢ ᠳᠣᠮᠤᠭ ᠦᠯᠢᠭᠡᠷ︾ | ᠲᠠᠢ ᠤᠴᠠᠷᠠᠪᠠ | ᠰᠢᠷᠠᠮᠦ᠋ᠷᠡᠨ ᠲᠠᠯ᠎ᠠ ᠨᠤᠲᠤᠭ ᠲᠤ ᠦᠨᠳᠦᠰᠦᠲᠡᠨ ᠤ ᠰᠤᠶᠤᠯ ᠤᠨ ᠭᠡᠷᠡᠯ ᠰᠠᠴᠤᠷᠠᠭᠰᠠᠨ ᠭᠡᠭᠡᠨ ᠰᠠᠷᠠᠭᠤᠯ | ᠨᠤᠲᠤᠭ — ᠬᠤᠩᠭᠤᠷ ᠣᠪᠣᠭ᠎ᠠ ᠪᠠᠶᠢᠳᠠᠭ᠂ ᠲᠡᠷᠡ ᠨᠢ ᠭᠡᠷᠡᠯᠲᠦ ᠰᠤᠪᠤᠳ ᠰᠢᠭ ᠢᠶᠠᠷ ᠲᠡᠭᠦᠨ ᠤ ᠷᠢᠳᠢ | ᠰᠢᠳᠢ ᠶᠢ ᠰᠦᠪᠡᠭᠴᠢᠯᠡᠭᠦᠯᠬᠦ ᠪᠡᠷᠰᠤᠷᠤᠭᠴᠢᠳ ᠤᠨᠠᠩᠬᠠᠷᠤᠯ ᠢ ᠲᠠᠲᠠᠵᠤ ᠪᠠᠶᠢᠯ᠎ᠠ᠃ | ᠨᠢᠭᠡ᠂ ᠣᠪᠤᠭᠠᠨ ᠠᠭᠤᠯᠠ ᠶᠢ ᠲᠣᠭᠤᠷᠢᠨ ᠦᠵᠡᠪᠡ | ᠬᠤᠩᠭᠤᠷ ᠣᠪᠣᠭᠠᠨ ᠵᠢᠭᠤᠯᠴᠢᠯᠠᠯ ᠤᠨ ᠦᠵᠡᠮᠵᠢ ᠶᠢᠨ ᠣᠷᠣᠨ ᠳᠤ ᠣᠷᠣᠬᠤ ᠳᠤ ᠨᠢᠳᠦᠨ ᠡᠮᠦᠨ᠎ᠡ ᠲᠥᠪ | ᠶᠡᠬᠡᠮᠰᠦᠭ ᠣᠪᠣᠭ᠎ᠠ ᠢᠯᠡᠷᠡᠵᠡᠢ᠃ ᠠᠭᠤᠯᠠ ᠶᠢᠨ ᠣᠷᠣᠶ ᠳᠡᠭᠡᠷᠡᠬᠢ ᠬᠤᠩᠭᠤᠷ ᠣᠪᠣᠭ᠎ᠠ ᠨᠢ ᠰᠢᠷᠡᠮᠦ᠋ᠷᠡᠨ ᠤ ᠲᠠᠯ᠎ᠠ | ᠨᠤᠲᠤᠭ ᠤᠨ ᠬᠠᠮᠤᠭ ᠥᠨᠳᠥᠷ ᠴᠡᠭ ᠲᠤ ᠰᠦᠷ ᠵᠢᠪᠬᠤᠯᠠᠩ ᠲᠠᠢ ᠪᠠᠷ ᠬᠡᠳᠦᠨ ᠵᠠᠭᠤᠨ ᠵᠢᠯ ᠤᠨ ᠲᠡᠦᠬᠡ ᠶᠢᠨ | ᠤᠯᠠᠷᠢᠯ ᠬᠤᠪᠢᠷᠠᠯ ᠢ ᠲᠣᠭᠠᠴᠢᠨ ᠶᠠᠷᠢᠬᠤ ᠰᠢᠭ᠋ ᠪᠠᠶᠢᠯ᠎ᠠ᠃ ᠮᠤᠷᠤᠢ ᠰᠠᠷᠤᠢ ᠠᠭᠤᠯᠠᠨ ᠵᠠᠮ ᠢᠶᠠᠷ ᠠᠯᠭᠤᠷᠬᠠᠨ | ᠠᠶᠠᠯᠠᠵᠤ᠂ ᠰᠠᠯᠬᠢ ᠨᠢᠭᠤᠷ ᠴᠢᠷᠠᠢ ᠶᠢ ᠨᠢ ᠢᠯᠪᠢᠨ ᠬᠡᠰᠡᠭ ᠬᠡᠰᠡᠭ ᠲᠠᠯ᠎ᠠ ᠨᠤᠲᠤᠭ ᠤᠨ ᠠᠭᠤᠷ ᠠᠮᠢᠰᠬᠤᠯ ᠢ | ᠠᠪᠴᠢᠷᠠᠨ᠎ᠠ᠃ ᠣᠪᠣᠭᠠᠨ ᠤ ᠣᠷᠭᠢᠯ ᠳᠡᠭᠡᠷ᠎ᠡ ᠠᠪᠠᠷᠢᠵᠤ ᠭᠠᠷᠤᠨ ᠠᠯᠤᠰ ᠢ ᠪᠠᠷᠠᠯᠠᠪᠠᠯ᠂ ᠬᠦᠪᠡᠭᠡ ᠬᠢᠵᠠᠭᠠᠷ ᠦᠭᠡᠢ | ᠰᠢᠷᠡᠮᠦ᠋ᠷᠡᠨ ᠲᠠᠯ᠎ᠠ ᠨᠤᠲᠤᠭ ᠨᠢ ᠨᠢᠳᠦᠨ ᠳᠤ ᠬᠠᠷᠠᠭᠳᠠᠨ᠂ ᠰᠤᠷᠤᠭᠴᠢᠳ ᠣᠪᠣᠭᠠᠨ ᠳᠡᠭᠡᠷᠡᠬᠢ ᠲᠠᠪᠤᠨ ᠥᠩᠭᠡ ᠶᠢᠨ | ᠰᠣᠳᠣᠷ ᠤᠨ ᠪᠠᠨᠵᠢᠳ ᠬᠢᠭᠡᠳ ᠬᠠᠳᠠᠭ ᠤᠨ ᠰᠠᠯᠬᠢᠨ ᠤ ᠠᠶ᠎ᠠ ᠪᠠᠷ ᠨᠠᠮᠢᠷᠴᠤ ᠪᠠᠶᠢᠬᠤ ᠶᠢ ᠬᠠᠷᠠᠭᠠᠳ ᠶᠠᠭ ᠯᠠ | ᠡᠴᠢᠭᠡ ᠲᠡᠭᠷᠢ ᠳᠤ ᠬᠦᠮᠦᠰ ᠤᠨ ᠰᠠᠶᠢᠨ ᠰᠠᠶᠢᠬᠠᠨ ᠢ ᠬᠦᠰᠡᠨ ᠮᠦᠷᠦᠭᠡᠳᠴᠦ ᠪᠠᠶᠢᠬᠤ ᠶᠢ ᠳᠠᠮᠵᠢᠭᠤᠯᠵᠤ ᠪᠠᠶᠢᠬᠤ | ᠰᠢᠭ᠋ ᠭᠡᠰᠡᠨ ᠲᠦᠷᠦᠭᠳᠡᠯ ᠣᠷᠣᠪᠠ᠃ | ᠬᠤᠶᠠᠷ᠂ ︽ᠭᠤᠪᠢ ᠶᠢᠨ ᠡᠮᠦᠨᠡᠬᠢ ᠲᠤᠮᠤᠭ︾ ᠢ ᠰᠤᠨᠢᠷᠬᠠᠪᠠ | ᠬᠤᠩᠭᠤᠷ ᠣᠪᠣᠭ᠎ᠠ ᠨᠢ ᠲᠠᠯ᠎ᠠ ᠨᠤᠲᠤᠭ ᠤᠨ ᠰᠣᠶᠣᠯ ᠤᠨ ᠵᠣᠷᠢᠭ ᠰᠠᠨᠠᠭᠠᠨ ᠤ ᠪᠡᠯᠭᠡ ᠲᠡᠮᠳᠡᠭ ᠶᠤᠮ ᠪᠣᠯ᠂ | ᠲᠣᠮᠣ ᠬᠡᠯᠪᠡᠷᠢ ᠶᠢᠨ ᠪᠣᠳᠠᠲᠤ ᠦᠵᠡᠭᠳᠡᠯ ᠤᠨ ᠲᠣᠭᠯᠠᠯᠲᠠ ᠨᠢ ︽ᠭᠤᠪᠢ ᠶᠢᠨ ᠡᠮᠦᠨᠡᠬᠢ ᠳᠣᠮᠤᠭ︾ ᠨᠢ ᠴᠥᠭᠡᠨ | ᠲᠣᠭᠠᠲᠤ ᠦᠨᠳᠦᠰᠦᠲᠡᠨ ᠤ ᠲᠡᠦᠬᠡ ᠪᠠ ᠰᠣᠶᠣᠯ ᠢ ᠠᠮᠢᠳᠤᠯᠢᠭ ᠬᠠᠷᠠᠭᠤᠯᠤᠭᠰᠠᠨ ᠨᠢᠭᠡᠨ ᠭᠠᠶᠢᠬᠠᠮᠰᠢᠭᠲᠤ ᠲᠤᠤᠯᠢ | ᠪᠣᠯᠤᠨ᠎ᠠ᠃ ᠡᠨᠡ ᠤᠳᠠᠭᠠᠨ ᠤ ᠲᠣᠭᠯᠠᠯᠲᠠ ᠳᠤ ᠭᠤᠶᠢᠳᠠ ᠰᠠᠶᠢᠬᠠᠨ ᠮᠣᠷᠢᠨ ᠮᠡᠷᠭᠡᠵᠢᠯ ᠤᠨ ᠲᠣᠭᠯᠠᠯᠲᠠ ᠪᠠ | ᠬᠥᠮᠦᠰ ᠤᠨ ᠰᠡᠳᠬᠢᠯ ᠢ ᠲᠠᠲᠠᠬᠤ ᠵᠦᠴᠦᠭᠡ ᠶᠢᠨ ᠦᠢᠯᠡ ᠪᠠᠶᠢᠳᠠᠯ ᠲᠠᠢ ᠪᠠᠶᠢᠬᠤ ᠪᠠᠷ ᠪᠠᠷᠠᠬᠤ ᠦᠭᠡᠢ᠂ ᠪᠠᠰᠠ | ᠴᠥᠭᠡᠨ ᠲᠣᠭᠠᠲᠤ ᠦᠨᠳᠦᠰᠦᠲᠡᠨ ᠤ ᠤᠯᠠᠮᠵᠢᠯᠠᠯᠲᠤ ᠳᠠᠭᠤᠤ ᠬᠥᠭᠵᠢᠮ᠂ ᠪᠥᠵᠢᠭ ᠵᠡᠷᠭᠡ ᠡᠯᠧᠮᠧᠨ᠋ᠲ ᠢ ᠠᠭᠤᠰᠬᠠᠨ | ᠣᠷᠣᠭᠤᠯᠵᠤ᠂ ᠰᠤᠷᠤᠭᠴᠢᠳ ᠲᠤ ᠴᠥᠭᠡᠨ ᠲᠣᠭᠠᠲᠤ ᠦᠨᠳᠦᠰᠦᠲᠡᠨ ᠤ ᠰᠣᠶᠣᠯ ᠤᠨ ᠥᠪᠡᠷᠮᠢᠴᠡ ᠷᠢᠳᠢ ᠰᠢᠳᠢ ᠶᠢ | ᠪᠦᠬᠦ ᠲᠠᠯ᠎ᠠ ᠪᠠᠷ ᠣᠶᠢᠯᠠᠭᠠᠭᠤᠯᠪᠠ᠃ ᠲᠣᠭᠯᠠᠭᠴᠢᠳ ᠤᠷᠠᠨ ᠰᠠᠶᠢᠬᠠᠨ ᠲᠣᠭᠯᠠᠯᠲᠠ ᠶᠢᠨ ᠤᠷ᠎ᠠ ᠮᠡᠷᠭᠡᠵᠢᠯ ᠪᠣᠯᠤᠨ | ᠠᠵᠢᠨᠠᠢ ᠬᠦᠯᠦᠭ ᠴᠤᠭ ᠵᠢᠪᠬᠤᠭ᠎ᠠ ᠲᠠᠢ᠂ ᠲᠠᠯ᠎ᠠ ᠨᠤᠲᠤᠭ᠂ ᠬᠥᠬᠡ ᠣᠭᠲᠠᠷᠭᠤᠶ᠂ ᠴᠠᠭᠠᠨ ᠡᠭᠦᠯᠡᠨ ᠤ ᠲᠤᠰᠬᠠᠯ | ᠳᠣᠤᠷ᠎ᠠ ᠦᠵᠡᠭᠴᠢᠳ ᠲᠤ ᠭᠤᠶᠢᠳᠠ ᠰᠠᠶᠢᠬᠠᠨ ᠵᠢᠷᠤᠭ ᠢ ᠪᠦᠷᠢᠯᠳᠦᠭᠦᠯᠵᠦ᠂ ᠰᠤᠷᠤᠭᠴᠢᠳ ᠲᠤ | ᠰᠣᠭᠲᠣᠭᠤᠷᠠᠭᠤᠯᠤᠮ᠎ᠠ ᠰᠠᠶᠢᠬᠠᠨ ᠬᠠᠷᠠᠭᠳᠠᠭᠤᠯᠵᠠᠶ᠃ | ᠰᠢᠯᠦᠭ ᠵᠢᠷᠤᠭ ᠤᠨ ᠲᠠᠯ᠎ᠠ ᠨᠤᠲᠤᠭ | ᠰᠢᠯᠦᠭ ᠵᠢᠷᠤᠭ ᠤᠨ ᠲᠠᠯ᠎ᠠ ᠨᠤᠲᠤᠭ ᠲᠤ ᠬᠦᠷᠬᠦ ᠶᠢᠨ ᠬᠤᠷᠤᠮᠬᠠᠨ ᠵᠠᠭᠤᠷ᠎ᠠ ᠳᠤ ᠶᠠᠭ ᠯᠠ ᠰᠦᠷ | ᠳᠠᠯᠠᠶᠢᠴᠠᠲᠠᠶ ᠵᠢᠷᠤᠭ ᠤᠨ ᠬᠠᠭᠤᠳᠠᠰᠤ ᠶᠢ ᠨᠡᠭᠡᠭᠡᠭᠰᠡᠨ ᠰᠢᠭ᠃ ᠥᠷᠭᠡᠨ ᠠᠭᠤᠳᠠᠮ ᠬᠥᠪᠡᠭᠡ ᠬᠢᠵᠠᠭᠠᠷ ᠦᠭᠡᠢ | ᠨᠣᠭᠤᠭᠠᠨ ᠥᠩᠭᠡ ᠨᠢ ᠲᠩᠷᠢ ᠶᠢᠨ ᠬᠠᠶᠠᠭᠠᠨ ᠳᠤ ᠬᠦᠷᠲᠡᠯ᠎ᠡ ᠳᠡᠯᠭᠡᠷᠡᠵᠦ᠂ ᠴᠡᠯᠮᠡᠭ ᠣᠭᠲᠠᠷᠭᠤᠶ ᠨᠢ ᠶᠠᠭ ᠯᠠ | ᠤᠰᠤᠨ ᠳᠤ ᠤᠭᠢᠶᠠᠭᠳᠠᠭᠰᠠᠨ ᠰᠢᠭ᠋ ᠲᠤᠩᠭᠠᠯᠠᠭ᠂ ᠳᠤᠩ ᠴᠠᠭᠠᠨ ᠮᠣᠩᠭᠤᠯ ᠭᠡᠷ ᠨᠢ ᠶᠠᠭ ᠣᠳᠣᠨ ᠮᠡᠴᠢᠳ | ᠨᠣᠭᠤᠭᠠᠨ ᠳᠠᠯᠠᠢ ᠳᠤ ᠤᠨᠠᠭᠰᠠᠨ ᠮᠡᠲᠦ᠂ ᠠᠷᠢᠭᠤᠨ ᠰᠠᠯᠬᠢᠨ ᠳᠤ ᠨᠡᠭᠦᠳᠡᠯᠴᠢᠨ ᠦᠨᠳᠦᠰᠦᠲᠡᠨ ᠤ ᠷᠣᠮᠠᠨᠲ᠋ᠢᠭ ᠢ | ᠶᠠᠷᠢᠵᠤ ᠪᠠᠶᠢᠨ᠎ᠠ᠃ ᠤᠷᠢᠬᠠᠨ ᠰᠠᠯᠬᠢ ᠢᠯᠪᠢᠵᠦ᠂ ᠡᠪᠡᠰᠦᠨ ᠳᠠᠪᠠᠯᠭᠠᠨ ᠳᠠᠪᠠᠯᠭᠠᠯᠠᠵᠤ᠃ ᠠᠳᠡ ᠲᠡᠨᠳᠡ ᠦᠭᠡᠢ | ᠴᠡᠯ ᠨᠣᠭᠤᠭᠠᠨ ᠡᠪᠡᠰᠦᠨ ᠤ ᠦᠨᠦᠷ ᠬᠠᠩᠬᠤᠯᠵᠤ᠂ ᠬᠥᠮᠥᠨ ᠪᠥᠬᠦᠨ ᠢ ᠲᠡᠰᠬᠡᠯ ᠦᠭᠡᠢ ᠨᠢᠳᠦ ᠪᠠᠨ ᠠᠨᠢᠭᠠᠳ ᠡᠨᠡᠬᠦ | ᠵᠢᠩᠬᠢᠨᠢ ᠪᠠᠶᠢᠭᠠᠯᠢ ᠳᠤ ᠰᠣᠭᠲᠣᠷᠠᠭᠤᠯᠣᠮᠠᠷ᠃ | ᠨᠢᠭᠡ᠂ ᠲᠠᠯ᠎ᠠ ᠨᠤᠲᠤᠭ ᠤᠨ ᠠᠶᠠᠨ ᠤ ᠰᠣᠷᠢᠯᠲᠠ᠄ ᠡᠷᠡᠯᠬᠡᠭ ᠪᠠᠭᠠᠲᠤᠷᠯᠢᠭ ᠬᠦᠮᠦᠰ ᠤᠨ ᠠᠶᠠᠨ | ᠥᠷᠯᠥᠭᠡ ᠡᠷᠲᠡ᠂ ᠤᠷᠢᠬᠠᠨ ᠰᠠᠯᠬᠢ ᠲᠠᠯ᠎ᠠ ᠨᠤᠲᠤᠭ ᠢᠶᠠᠨ ᠢᠯᠪᠢᠵᠦ᠂ ᠰᠤᠷᠤᠭᠴᠢᠳ ᠴᠤᠭ | ᠪᠠᠳᠠᠷᠠᠩᠭᠤᠢ ᠪᠠᠷ ᠲᠠᠯ᠎ᠠ ᠨᠤᠲᠤᠭ ᠤᠨ ᠪᠣᠯᠪᠠᠰᠤᠷᠠᠯ ᠢᠶᠠᠨ ᠡᠬᠢᠯᠡᠭᠦᠯᠪᠡ᠃ ᠠᠶᠠᠨ ᠵᠠᠮ ᠳᠤ ᠪᠠᠨ ᠰᠤᠷᠤᠭᠴᠢᠳ | ᠬᠠᠷᠢᠯᠴᠠᠨ ᠵᠣᠷᠢᠭᠵᠢᠭᠤᠯᠵᠤ᠂ ᠬᠠᠷᠢᠯᠴᠠᠨ ᠲᠡᠳᠬᠦᠵᠦ᠂ ᠬᠡᠳᠦ᠋ᠪᠡᠷ ᠠᠶᠠᠨ ᠵᠠᠮ ᠵᠢᠭᠠᠬᠠᠨ ᠤᠷᠲᠤ ᠪᠣᠯᠵᠤ᠂ | ᠠᠯᠬᠤᠭ᠎ᠠ ᠠᠭᠠᠵᠢᠮ ᠢᠶᠠᠷ ᠨᠦᠰᠡᠷ ᠬᠦᠨᠳᠦ ᠪᠣᠯᠤᠭᠰᠠᠨ ᠪᠣᠯᠪᠠᠴᠤ ᠨᠢᠭᠡ ᠰᠤᠷᠤᠭᠴᠢ ᠴᠦ ᠶᠠᠳᠠᠷᠠᠯ᠎ᠠ ᠭᠡᠵᠦ | ᠶᠠᠷᠢᠭᠰᠠᠨ ᠦᠭᠡᠢ᠃ ᠣᠯᠠᠨ ᠢᠶᠠᠷ ᠢᠶᠠᠨ ᠶᠠᠪᠤᠬᠤ ᠶᠢᠨ ᠳᠠᠭᠠᠤ ᠲᠠᠯ᠎ᠠ ᠨᠤᠲᠤᠭ ᠤᠨ ᠦᠵᠡᠮᠵᠢ ᠶᠢ ᠰᠣᠨᠢᠷᠬᠠᠵᠤ᠂ | ᠪᠠᠭᠰᠢ ᠠᠴᠠ ᠲᠠᠯ᠎ᠠ ᠨᠤᠲᠤᠭ ᠤᠨ ᠦᠯᠢᠭᠡᠷ ᠶᠠᠷᠢᠬᠤ ᠶᠢ ᠰᠣᠨᠣᠰᠴᠤ ᠪᠠᠶᠢᠯ᠎ᠠ᠃ ᠪᠡᠶ᠎ᠡ ᠪᠠᠨ | ᠪᠣᠯᠪᠠᠰᠤᠷᠠᠭᠤᠯᠤᠭᠰᠠᠨ ᠢᠶᠠᠷ ᠪᠠᠷᠠᠬᠤ ᠦᠭᠡᠢ ᠪᠠᠰᠠ ᠰᠤᠷᠤᠭᠴᠢᠳ ᠢ ᠪᠠᠷᠢᠮᠲᠠᠯᠠᠬᠤ ᠶᠢ ᠰᠤᠷᠭᠠᠵᠤ᠂ ᠪᠦᠯᠬᠦᠮᠳᠡᠯ ᠤᠨ | ᠬᠦᠴᠦᠨ ᠢ ᠣᠶᠢᠯᠠᠭᠠᠭᠤᠯᠤᠭᠰᠠᠨ ᠪᠠᠶᠢᠨ᠎ᠠ᠃ | ᠬᠤᠶᠠᠷ᠂ ᠤᠷᠤᠯᠳᠤᠭᠠᠨ ᠮᠣᠷᠢ ᠶᠢ ᠰᠣᠨᠢᠷᠬᠠᠬᠤ᠄ ᠬᠤᠷᠳᠤᠴᠠ ᠪᠠ ᠣᠷᠭᠢᠯᠤᠮ᠎ᠠ ᠰᠡᠳᠭᠢᠯᠭᠡ ᠶᠢᠨ | ᠮᠥᠷᠭᠦᠯᠳᠦᠯ | ᠠᠶᠠᠨ ᠤ ᠪᠣᠯᠪᠠᠰᠤᠷᠠᠯ ᠳᠠᠭᠤᠰᠤᠭᠰᠠᠨ ᠤ ᠳᠠᠷᠠᠭ᠎ᠠ᠂ ᠪᠢᠳᠡ ᠮᠣᠷᠢᠨ ᠤᠷᠤᠯᠳᠤᠭᠠᠨ ᠤ ᠲᠠᠯᠠᠪᠠᠢ ᠳᠤ ᠢᠷᠡᠵᠦ᠂ | ᠠᠳᠡ ᠠᠯᠢ ᠡᠷᠲᠡ ᠶᠡᠷᠦ ᠪᠤᠰᠤ ᠶᠢᠨ ᠬᠦᠷ ᠬᠥᠭᠵᠢᠶᠡᠨ ᠲᠠᠢ ᠪᠣᠯᠵᠠᠶ᠃ ᠮᠣᠷᠢᠴᠢᠳ ᠮᠣᠩᠭᠤᠯ ᠬᠤᠪᠴᠠᠰᠤ | ᠵᠠᠰᠠᠯ ᠢᠶᠠᠨ ᠡᠮᠦᠰᠦᠨ᠂ ᠮᠣᠷᠢ ᠪᠠᠨ ᠡᠷᠡᠯᠬᠡᠭ ᠪᠠᠭᠠᠲᠤᠷᠯᠢᠭ ᠢᠶᠠᠷ ᠣᠨᠣᠵᠣ ᠪᠠᠶᠢᠯ᠎ᠠ᠃ ᠳᠣᠬᠢᠶ᠎ᠠ ᠪᠠᠭᠤᠬᠤ ᠶᠢ | ᠳᠠᠭᠠᠯᠳᠤᠨ᠂ ᠮᠣᠷᠢᠨ ᠤᠷᠤᠯᠳᠤᠭᠠᠨ ᠡᠬᠢᠯᠡᠪᠡ︕ ᠠᠭᠲᠠ ᠬᠦᠯᠦᠭ ᠤᠨ ᠰᠤᠮᠤ ᠮᠡᠲᠦ᠂ ᠲᠠᠯ᠎ᠠ ᠳᠡᠭᠡᠭᠦᠷ ᠨᠢᠰᠦᠨ | ᠳᠣᠪᠲᠣᠯᠵᠤ᠂ ᠮᠣᠷᠢᠨ ᠲᠤᠭᠤᠷᠠᠢ ᠲᠣᠭᠤᠰᠣ ᠪᠣᠵᠢᠭᠢᠨᠠᠭᠤᠯᠵᠤ᠃ ᠮᠣᠷᠢᠴᠢᠳ᠂ ᠴᠤᠯᠪᠤᠭᠤᠷ ᠢᠶᠠᠨ ᠭᠠᠷ ᠲᠠᠭᠠᠨ | ᠴᠢᠩᠭ᠎ᠠ ᠠᠳᠬᠤᠨ᠂ ᠪᠡᠶ᠎ᠡ ᠨᠢ ᠢᠳᠡᠷᠡᠭᠦᠨ ᠴᠢᠭᠢᠷᠠᠭ ᠪᠠᠶᠢᠵᠤ ᠠᠭᠲᠠ ᠬᠥᠯᠥᠭ ᠲᠠᠢ ᠨᠢ ᠮᠠᠰᠢ ᠨᠢᠭᠲᠠ | ᠬᠠᠮᠵᠢᠯᠴᠠᠨ᠎ᠠ᠃ ᠮᠣᠷᠢᠨ ᠤᠷᠤᠯᠳᠤᠭᠠᠨ ᠨᠢ ᠲᠠᠯ᠎ᠠ ᠨᠤᠲᠤᠭ ᠤᠨ ᠬᠥᠪᠡᠭᠦᠳ ᠥᠬᠢᠳ ᠤᠨ ᠡᠷᠡᠯᠬᠡᠭ ᠪᠠᠭᠠᠲᠤᠷᠯᠢᠭ | ᠪᠠ ᠣᠮᠤᠭ ᠵᠣᠷᠢᠭ ᠢ ᠢᠯᠡᠷᠡᠭᠦᠯᠵᠦ᠂ ᠰᠤᠷᠤᠭᠴᠢᠳ ᠪᠠᠰᠠ ᠲᠠᠯ᠎ᠠ ᠨᠤᠲᠤᠭ ᠤᠨ ᠬᠤᠷᠳᠤᠴᠠ ᠪᠠ ᠣᠷᠭᠢᠯᠤᠮ᠎ᠠ | ᠬᠠᠯᠠᠭᠤᠨ ᠰᠡᠳᠬᠢᠯᠭᠡ ᠶᠢᠨ ᠲᠠᠲᠠᠬᠤ ᠬᠦᠴᠦᠨ ᠢ ᠮᠡᠳᠡᠷᠡᠯ᠎ᠡ᠃ | ᠭᠤᠷᠪᠠ᠂ ᠪᠦᠬᠡ ᠪᠠᠷᠢᠯᠳᠤᠬᠤ᠄ ᠬᠦᠴᠤ ᠪᠠ ᠤᠷ᠎ᠠ ᠳᠠᠮ ᠤᠨ ᠦᠵᠡᠯᠴᠡᠭᠡᠨ | ᠬᠥᠮᠦᠨ ᠤ ᠰᠡᠳᠭᠢᠯ ᠢ ᠳᠣᠭᠳᠣᠯᠤᠭᠤᠯᠤᠮ᠎ᠠ ᠮᠣᠷᠢᠨ ᠤᠷᠤᠯᠳᠤᠭᠠᠨ ᠢ ᠦᠵᠡᠵᠦ ᠪᠠᠷᠠᠭᠰᠠᠨ ᠤ ᠳᠠᠷᠠᠭ᠎ᠠ᠂ | ᠰᠤᠷᠤᠭᠴᠢᠳ ᠪᠠᠰᠠ ᠰᠣᠨᠢᠷᠬᠠᠯᠲᠠᠢ ᠪᠥᠬᠡ ᠪᠠᠷᠢᠯᠳᠤᠬᠤ ᠲᠣᠷᠰᠢᠯᠲᠠ ᠬᠢᠪᠡ᠃ ᠮᠣᠩᠭᠤᠯ ᠦᠨᠳᠦᠰᠦᠲᠡᠨ ᠤ | ᠪᠦᠬᠡᠴᠢᠳ ᠣᠯᠠᠨ ᠳᠤ ᠭᠤᠶᠢᠳᠠ ᠰᠠᠶᠢᠬᠠᠨ ᠪᠥᠬᠡ ᠪᠠᠷᠢᠯᠳᠤᠬᠤ ᠤᠷ᠎ᠠ ᠳᠡᠮ ᠢᠶᠠᠨ ᠳᠡᠯᠭᠡᠨ ᠦᠵᠡᠭᠦᠯᠵᠦ᠂ | ᠲᠡᠳᠡᠨ ᠤ ᠬᠥᠳᠡᠯᠦᠯ ᠪᠠᠷᠢᠯ ᠨᠢ ᠢᠳᠡᠷᠡᠭᠦᠨ ᠳᠣᠷᠪᠢᠲᠠᠶ ᠪᠠᠶᠢᠵᠤ᠂ ᠬᠦᠴᠦᠨ ᠴᠢᠳᠠᠯ ᠢᠶᠠᠷ ᠪᠢᠯᠬᠠᠮ᠎ᠠ ᠪᠠᠶᠢᠯ᠎ᠠ᠃ | ᠪᠠᠭᠰᠢ ᠪᠣᠯᠤᠨ᠂ ᠪᠥᠬᠡ ᠪᠠᠷᠢᠯᠳᠤᠭᠠᠴᠢ ᠶᠢᠨ ᠵᠢᠯᠤᠭᠤᠳᠤᠯᠭ᠎ᠠ ᠳᠣᠣᠷ᠎ᠠ᠂ ᠰᠤᠷᠤᠭᠴᠢᠳ ᠪᠠᠰᠠ ᠬᠦᠩᠭᠡᠨ ᠪᠥᠬᠡ ᠶᠢᠨ | ᠬᠤᠪᠴᠠᠰᠤ ᠶᠢ ᠡᠮᠦᠰᠴᠦ ᠪᠦᠬᠡ ᠪᠠᠷᠢᠯᠳᠤᠬᠤ ᠪᠠᠷ ᠲᠤᠷᠰᠢᠨ ᠤᠷᠤᠯᠳᠤᠪᠠ᠃ ᠬᠡᠳᠦ᠋ᠢᠪᠡᠷ ᠪᠦᠭᠦᠳᠡᠭᠡᠷ ᠢᠶᠠᠨ ᠪᠦᠬᠦ | ᠪᠡᠶ᠎ᠡ ᠪᠠᠷ ᠢᠶᠠᠨ ᠣᠶᠢᠴᠢᠭᠰᠠᠨ ᠪᠣᠯᠪᠠᠴᠤ ᠴᠢᠷᠠᠢ ᠳᠤᠨᠢ ᠪᠠᠶᠠᠷ ᠪᠠᠶᠠᠰᠬᠤᠯᠠᠩᠲᠤ ᠢᠨᠢᠶᠡᠮᠰᠦᠭᠯᠡᠯ ᠪᠢᠯᠬᠠᠵᠤ᠂ ᠪᠠᠰᠠ | ᠪᠡᠶᠡᠴᠢᠯᠡᠨ ᠣᠶᠢᠯᠠᠭᠠᠬᠤ ᠳᠤᠮᠳᠠ ᠦᠰᠦᠨ ᠪᠤᠶᠢᠵᠢᠬᠤ ᠪᠠ ᠪᠠᠶᠠᠷ ᠪᠠᠶᠠᠰᠤᠯ ᠢ ᠣᠯᠤᠭᠰᠠᠨ ᠪᠠᠶᠢᠨ᠎ᠠ᠃ | ᠳᠥᠷᠪᠡ᠂ ᠦᠨᠳᠦᠰᠦᠲᠡᠨ ᠤ ᠰᠣᠶᠣᠯ ᠢ ᠰᠤᠷᠤᠯᠴᠠᠬᠤ᠄ ᠦᠨᠳᠦᠰᠦᠲᠡᠨ ᠤ ᠰᠣᠶᠣᠯ ᠤᠨ ᠷᠢᠳᠢ ᠰᠢᠳᠢ ᠶᠢ | ᠮᠡᠳᠡᠷᠡᠨ᠎ᠡ | ᠲᠠᠯ᠎ᠠ ᠨᠤᠲᠤᠭ ᠤᠨ ᠪᠦᠷᠦᠢ ᠪᠣᠯᠵᠤ᠂ ᠲᠦᠳᠡᠭ ᠭᠠᠯ ᠳᠦᠷᠡᠯᠵᠡᠵᠦ᠂ ᠠᠨᠳᠠᠶ ᠪᠥᠵᠢᠭ ᠤᠨ ᠰᠦᠷ | ᠵᠢᠪᠬᠤᠯᠠᠩᠲᠤ ᠬᠥᠭ ᠠᠶᠠᠰ ᠡᠭᠦᠯᠡᠨ ᠳᠤ ᠬᠦᠷᠲᠡᠯ᠎ᠡ ᠴᠤᠤᠷᠢᠶᠠᠲᠤᠨ᠎ᠠ᠃ ᠳᠠᠭᠤᠤ ᠬᠥᠭᠵᠢᠮ ᠡᠬᠢᠯᠡᠬᠦ ᠪᠠᠷ᠂ | ᠰᠤᠷᠤᠭᠴᠢᠳ ᠶᠠᠭ ᠯᠠ ᠪᠦᠷᠭᠦᠳ ᠵᠢᠭᠦᠷ ᠢᠶᠠᠨ ᠳᠡᠯᠭᠡᠨ᠂ ᠠᠭᠲᠠ ᠶᠢᠨ ᠳᠠᠪᠬᠢᠭ᠎ᠠ ᠮᠡᠲᠦ ᠠᠯᠬᠤᠭ᠎ᠠ ᠠᠯᠬᠤᠯᠠᠨ᠎ᠠ︕ | ᠤᠯᠠᠨ ᠢᠶᠠᠷ ᠢᠶᠠᠨ ᠲᠠᠬᠢᠨ ᠳᠠᠪᠲᠠᠨ ᠪᠣᠯᠪᠠᠰᠤᠷᠠᠵᠤ ᠪᠠᠶᠢᠬᠤ ᠳᠤ ᠪᠠᠨ ᠠᠯᠬᠤᠮ ᠠᠯᠬᠤᠮ ᠢᠶᠠᠷ ᠵᠠᠩᠭᠢᠯᠠᠭ᠎ᠠ ᠶᠢ | ᠡᠵᠡᠮᠰᠢᠨ᠎ᠡ᠂ ᠡᠨᠡ ᠮᠥᠴᠡ ᠳᠤ᠂ ᠠᠨᠳᠠᠶ ᠪᠥᠵᠢᠭ ᠨᠢ ᠨᠣᠮ ᠪᠢᠴᠢᠭ ᠳᠡᠭᠡᠷᠡᠬᠢ ᠦᠰᠦᠭ ᠪᠢᠴᠢᠭ ᠲᠡᠳᠦᠢ ᠯᠠ ᠪᠢᠰᠢ | ᠂ ᠬᠠᠷᠢᠨ ᠰᠤᠷᠤᠭᠴᠢᠳ ᠤᠨ ᠠᠮᠢ ᠨᠠᠰᠤᠨ ᠤ ᠲᠤᠬᠠᠢ ᠬᠠᠯᠠᠭᠤᠨ ᠤᠶᠠᠩᠭ᠎ᠠ ᠮᠠᠭᠲᠠᠭᠠᠯ ᠪᠣᠯᠵᠤ᠂ ᠡᠷᠬᠡ ᠴᠢᠯᠥᠭᠡᠨ ᠤ | ᠲᠤᠬᠠᠢ ᠥᠨᠢ ᠮᠥᠩᠬᠡ ᠶᠢᠨ ᠡᠷᠢᠯᠬᠢᠯᠡᠯ ᠪᠣᠯᠵᠤ ᠬᠤᠪᠢᠷᠠᠪᠠ᠃ ᠦᠵᠡᠰᠭᠦᠯᠡᠩᠲᠦ ᠰᠠᠢᠬᠠᠨ ᠬᠠᠳᠠᠭ ᠨᠢ ᠶᠠᠭ ᠯᠠ | ᠡᠭᠦᠯᠡ ᠰᠢᠭ ᠳᠡᠯᠭᠡᠵᠦ᠂ ︽ᠠᠷᠢᠭᠤᠨ ᠴᠡᠪᠡᠷ︾᠂ ︽ᠥᠯᠵᠡᠢ ᠪᠡᠯᠭᠡ︾ ᠶᠢᠨ ᠰᠠᠶᠢᠨ ᠰᠠᠶᠢᠬᠠᠨ ᠰᠠᠨᠠᠭ᠎ᠠ ᠶᠢ | ᠳᠠᠮᠵᠢᠭᠤᠯᠤᠨ᠎ᠠ᠃ ᠦᠨᠳᠦᠰᠦᠲᠡᠨ ᠤ ᠰᠣᠶᠣᠯ ᠢ ᠰᠤᠷᠤᠯᠴᠠᠬᠤ ᠶᠠᠪᠤᠴᠠ ᠳᠤ᠂ ᠰᠤᠷᠤᠭᠴᠢᠳ ᠲᠤ ᠦᠨᠳᠦᠰᠦᠲᠡᠨ ᠤ | ᠰᠣᠶᠣᠯ ᠤᠨ ᠭᠦᠨ ᠵᠤᠵᠠᠭᠠᠨ ᠠᠭᠤᠯᠬᠤᠨ ᠢ ᠭᠦᠨᠵᠡᠭᠡᠶ ᠣᠶᠢᠯᠠᠭᠠᠭᠤᠯᠪᠠ᠃ ᠬᠠᠳᠠᠭ ᠨᠢ ᠶᠣᠰᠣ ᠵᠢᠷᠤᠮ ᠶᠢ | ᠳᠠᠮᠵᠢᠭᠤᠯᠬᠤ᠂ ᠬᠤᠪᠴᠠᠰᠤ ᠵᠠᠰᠠᠯ ᠨᠢ ᠤᠷᠠᠨ ᠰᠠᠨᠠᠭ᠎ᠠ᠂ ᠠᠨᠳᠠᠢ ᠪᠦᠵᠢᠭ ᠤᠨ ᠦᠰᠦᠷᠦᠯᠲᠡ ᠨᠢ ᠰᠦᠭ | ᠰᠦᠨᠡᠰᠦ ᠶᠢ ᠬᠠᠷᠠᠭᠤᠯᠤᠨ᠎ᠠ᠃ ᠰᠣᠶᠣᠯ ᠤᠨ ᠰᠤᠷᠤᠯᠴᠠᠭᠴᠢ ᠪᠠ ᠤᠯᠠᠮᠵᠢᠯᠠᠭᠴᠢ ᠪᠣᠯᠤᠭᠰᠠᠨ ᠤ ᠬᠤᠪᠢ ᠳᠤ᠂ | ᠰᠤᠷᠤᠭᠴᠢᠳ ᠡᠨᠡ ᠬᠦ ᠡᠷᠬᠢᠮ ᠨᠠᠨᠳᠢᠨ ᠥᠩᠭᠡᠷᠡᠯᠲᠡ ᠪᠠᠨ ᠠᠪᠴᠤ᠂ ᠨᠡᠩ ᠤᠯᠠᠨ ᠬᠥᠮᠦᠰ ᠲᠤ ᠦᠨᠳᠦᠰᠦᠲᠡᠨ ᠤ | ᠰᠣᠶᠣᠯ ᠤᠨ ᠭᠡᠷᠡᠯ ᠰᠠᠴᠤᠷᠠᠩᠭᠤᠢ ᠠᠮᠵᠢᠯᠲᠠ ᠶᠢ ᠦᠵᠡᠭᠦᠯᠵᠦ᠂ ᠳᠤᠮᠳᠠᠳᠤ ᠶᠢᠨ ᠦᠨᠳᠦᠰᠦᠲᠡᠨ ᠤ ᠤᠯᠠᠨ ᠡᠰᠢᠲᠦ | ᠬᠠᠮᠲᠤ ᠶᠢᠨ ᠤᠶᠤᠨ ᠰᠠᠨᠠᠭᠠᠨ ᠤ ᠭᠡᠷ ᠣᠷᠣᠨ ᠢ ᠬᠠᠮᠲᠤ ᠪᠠᠷ ᠰᠠᠬᠢᠨ ᠬᠠᠮᠠᠭᠠᠯᠠᠨ᠎ᠠ᠃ | ᠡᠨᠡ ᠤᠳᠠᠭᠠᠨ ᠤ ᠰᠤᠳᠤᠯᠤᠨ ᠰᠤᠷᠤᠯᠴᠠᠬᠤ ᠵᠤᠭᠠᠴᠠᠯ ᠨᠢ ᠰᠤᠷᠤᠭᠴᠢᠳ ᠲᠤ ᠬᠥᠳᠡᠯᠮᠦᠷᠢ ᠶᠢᠨ ᠪᠠᠶᠠᠷ | ᠪᠠᠭ᠋ᠠᠳᠤᠯ ᠢ ᠮᠡᠳᠡᠷᠡᠭᠦᠯᠵᠦ᠂ ᠤᠯᠠᠮᠵᠢᠯᠠᠯᠲᠤ ᠰᠣᠶᠣᠯ ᠤᠨ ᠷᠢᠳᠢ ᠰᠢᠳᠢ ᠶᠢ ᠮᠡᠳᠡᠷᠡᠭᠦᠯᠦᠭᠰᠡᠨ ᠢᠶᠠᠷ ᠪᠠᠷᠠᠬᠤ ᠦᠭᠡᠢ | ᠨᠡᠩ ᠴᠤ ᠰᠡᠳᠬᠢᠯ ᠵᠢᠷᠦᠬᠡᠨ ᠳᠤ ᠨᠢ ᠨᠤᠲᠤᠭ ᠢᠶᠠᠨ ᠬᠠᠶᠢᠷᠠᠯᠠᠬᠤ ᠦᠷ᠎ᠡ ᠶᠢ ᠲᠠᠷᠢᠪᠠ᠃ ᠢᠷᠡᠭᠡᠳᠦᠶ ᠳᠤ ᠡᠳᠡᠭᠡᠷ | ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠪᠢᠴᠢᠬᠠᠨ ᠳᠦᠷᠢ ᠪᠠᠶᠢᠳᠠᠯ ᠨᠢ ᠣᠶᠤᠨ ᠤᠬᠠᠭᠠᠨ ᠪᠠ ᠬᠦᠴᠦ | ᠬᠥᠯᠥᠰᠥ ᠪᠠᠷ ᠢᠶᠠᠨ ᠨᠤᠲᠤᠭ ᠤᠰᠤ ᠪᠠᠨ ᠨᠠᠩ ᠦᠵᠡᠰᠬᠦᠯᠡᠩᠲᠦ ᠰᠠᠶᠢᠬᠠᠨ ᠭᠡᠷᠡᠯ ᠭᠢᠯᠪᠠᠭ᠎ᠠ ᠪᠠᠨ ᠰᠠᠴᠤᠷᠠᠭᠤᠯᠬᠤ | ᠪᠣᠯᠤᠨ᠎ᠠ ᠭᠡᠳᠡᠭ ᠢ ᠢᠲᠡᠭᠡᠵᠦ ᠪᠠᠶᠢᠨ᠎ᠠ︕ | |