ᠲᠠᠯ᠎ᠠ ᠨᠤᠲᠤᠭ ᠤᠨ ᠮᠣᠷᠢᠨ ᠤᠷᠤᠯᠳᠤᠭᠠᠨ᠂ ︽ᠵᠢᠷᠤᠭ᠎ᠠ ᠮᠣᠷᠢᠨ ᠤ ᠮᠠᠩᠯᠠᠢ︾ ᠪᠣᠯ ᠨᠢᠭᠡᠨ ᠣᠨᠴᠠᠭᠠᠢ | ᠢᠷᠠᠭᠤ ᠠᠯᠳᠠᠷ — ᠲᠡᠷᠡ ᠨᠢ ᠣᠬᠢ ᠪᠣᠯᠪᠠᠰᠣᠷᠠᠯ ᠤᠨ ᠬᠤᠷᠳᠤᠴᠠ ᠶᠢ ᠬᠥᠭᠡᠭᠡᠴᠡᠯᠳᠦᠬᠦ ᠦᠭᠡᠢ᠂ ᠬᠠᠷᠢᠨ | ᠮᠣᠷᠢᠨ ᠠᠯᠬᠤᠮ ᠤᠨ ᠶᠠᠭ ᠰᠢᠯᠦᠭ ᠮᠡᠲᠦ ᠳᠡᠷᠢ ᠲᠡᠭᠰᠢ ᠪᠠᠶᠢᠬᠤ ᠶᠢ ᠡᠷᠬᠢᠮᠯᠡᠵᠦ᠂ ᠮᠣᠷᠢᠴᠢᠨ ᠪᠣᠯᠤᠨ ᠮᠣᠷᠢᠨ ᠤ | ᠬᠥᠮᠦᠨ ᠮᠣᠷᠢ ᠶᠢ ᠨᠢᠭᠡᠳᠭᠡᠬᠦ ᠬᠡᠷᠡᠭᠲᠡᠢ᠃ 2024 ᠣᠨ ᠳᠤ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠮᠣᠷᠢᠨ ᠤᠷᠤᠯᠳᠤᠭᠠᠨ ᠤ ︽ᠬᠦᠳᠡᠭᠡ ᠲᠣᠰᠬᠤᠨ ᠤ ᠬᠡᠲᠦ ᠬᠤᠯᠪᠣᠭᠠᠲᠦ ᠤᠷᠤᠯᠳᠤᠭᠠᠨ︾ ᠤ 1.40 ᠮᠧᠲᠷ ᠠᠴᠠ | ᠳᠣᠷᠣᠭᠰᠢᠬᠢ ᠮᠣᠷᠢᠨ ᠤᠷᠤᠯᠳᠤᠭᠠᠨ ᠤ ᠵᠠᠮ ᠳᠡᠭᠡᠷ᠎ᠡ᠂ ᠠᠪᠤ ᠬᠦᠦ ᠬᠤᠶᠠᠭᠤᠯᠠ ᠪᠤᠢ ᠪᠦᠬᠦᠢ ᠬᠥᠮᠦᠰ ᠤᠨ | ᠠᠩᠬᠠᠷᠤᠯ ᠢ ᠲᠠᠲᠠᠵᠤ᠂ ᠪᠠᠶᠠᠬᠤᠪᠤᠭ᠎ᠠ ᠰᠤᠮᠤ ᠶᠢᠨ ᠮᠠᠯᠴᠢᠨ ᠠᠪᠤ ᠬᠦᠦ ᠵᠠᠩ ᠸᠠᠩ ᠱᠧᠩ᠂ ᠵᠠᠩ ᠬᠠᠢ ᠫᠢᠩ | ᠲᠦᠮᠡᠨ ᠤᠯᠠᠨ ᠤ ᠠᠩᠬᠠᠷᠤᠯ ᠢ ᠲᠠᠲᠠᠭᠰᠠᠨ ︽ᠪᠠᠶᠢᠯᠳᠤᠭᠠᠨ ᠳᠤ ᠣᠷᠣᠯᠴᠠᠭᠰᠠᠨ ᠡᠴᠢᠭᠡ ᠬᠦᠦ ᠶᠢᠨ ᠴᠡᠷᠢᠭ︾ ᠢ | ᠳᠡᠯᠭᠡᠨ ᠦᠵᠡᠭᠦᠯᠪᠡ᠃ ᠨᠣᠮᠤᠬᠠᠨ ᠰᠠᠢᠬᠠᠨ ᠮᠣᠩᠭᠤᠯ ᠮᠣᠷᠢ ᠡᠴᠦᠰ ᠤᠨ ᠴᠡᠭᠴᠡᠯᠡᠯᠲᠡ ᠶᠢᠨ ᠱᠤᠭᠤᠮ ᠢᠶᠠᠷ | ᠥᠩᠭᠡᠷᠡᠬᠦ ᠳᠤ᠂ ᠦᠵᠡᠭᠴᠢᠳ ᠤᠨ ᠰᠠᠭᠤᠳᠠᠯ ᠠᠴᠠ ᠠᠭᠤᠯᠠ ᠶᠡᠭᠦᠷᠡᠵᠦ ᠳᠠᠯᠠᠢ ᠶᠢ ᠴᠠᠯᠭᠢᠭᠤᠯᠤᠯᠠ ᠬᠠᠰᠭᠢᠷᠬᠤ | ᠳᠠᠭᠤᠨ ᠭᠠᠷᠴᠦ — ᠮᠣᠷᠢᠨ ᠨᠢᠷᠤᠭᠤᠨ ᠳᠡᠭᠡᠷᠡᠬᠢ ᠡᠴᠢᠭᠡ ᠬᠦᠦ ᠬᠤᠶᠠᠭᠤᠯᠠ ᠪᠠᠨ ᠤᠷᠤᠯᠳᠤᠭᠠᠨ ᠤ ᠲᠡᠷᠢᠭᠦᠨ | ᠳᠡᠳ᠋ ᠢ ᠣᠯᠣᠭᠰᠠᠨ ᠢᠶᠠᠷ ᠪᠠᠷᠠᠬᠤ ᠦᠭᠡᠢ᠂ ᠬᠤᠶᠠᠷ ᠦᠶ᠎ᠡ ᠶᠢᠨ ᠲᠠᠯ᠎ᠠ ᠨᠤᠲᠤᠭ ᠤᠨ ᠮᠣᠷᠢᠲᠤ ᠪᠠᠭᠠᠲᠤᠷ ᠤᠨ | ᠪᠤᠤᠬᠢᠶ᠎ᠠ ᠵᠣᠷᠢᠭ ᠪᠣᠯᠣᠨ ᠤᠯᠠᠮᠵᠢᠯᠠᠯ ᠨᠢ ᠴᠤ ᠬᠥᠮᠥᠨ ᠤ ᠰᠡᠳᠬᠢᠯ ᠢ ᠬᠥᠳᠡᠯᠭᠡᠮ᠎ᠡ ᠰᠠᠶᠢᠬᠠᠨ ᠵᠢᠷᠤᠭ ᠪᠣᠯᠵᠠᠢ᠃ | ᠠᠪᠤ ᠵᠠᠩ ᠸᠠᠩ ᠱᠧᠩ ᠪᠣᠯ᠂ ᠲᠠᠯ᠎ᠠ ᠨᠤᠲᠤᠭ ᠲᠤ ᠪᠠᠨ ᠨᠡᠷᠡᠲᠡᠢ ᠮᠣᠷᠢᠨ ᠳᠤ ᠬᠠᠶᠢᠷᠠᠲᠠᠢ ᠬᠦᠮᠦᠨ ᠪᠣᠯᠤᠨ᠎ᠠ | ᠂ ᠨᠠᠰᠤ ᠵᠢᠯ ᠲᠡᠭᠦᠨ ᠤ ᠬᠠᠴᠠᠷ ᠳᠡᠭᠡᠷ᠎ᠡ ᠭᠦᠨ ᠭᠦᠢᠬᠡᠨ ᠦᠷᠴᠢᠯᠡᠭᠡᠰᠦ ᠦᠯᠡᠳᠡᠭᠡᠵᠦ᠂ ᠲᠡᠷᠡ ᠪᠣᠯ ᠮᠣᠷᠢ ᠲᠠᠢ ᠪᠠᠨ | ᠣᠯᠠᠨ ᠵᠢᠯ ᠬᠠᠮᠲᠤ ᠪᠠᠶᠢᠭᠰᠠᠨ ᠥᠪᠡᠷᠮᠢᠴᠡ ᠲᠠᠮᠠᠭ᠎ᠠ ᠪᠣᠯᠤᠨ᠎ᠠ᠃ ᠬᠦᠦ ᠵᠠᠩ ᠬᠠᠢ ᠫᠢᠩ᠂ ᠪᠠᠭ᠎ᠠ ᠠᠴᠠ ᠪᠠᠨ | ᠠᠪᠤ ᠶᠢᠨ ᠢᠶᠠᠨ ᠨᠦᠯᠦᠭᠡᠯᠡᠯ ᠳᠣᠣᠷ᠎ᠠ᠂ ᠮᠣᠷᠢ ᠳᠤ ᠪᠠᠨ ᠰᠠᠯᠠᠰᠢ ᠦᠭᠡᠢ ᠰᠡᠳᠭᠢᠯ ᠲᠠᠢ ᠪᠠᠶᠢᠨ᠎ᠠ᠃ ᠲᠡᠭᠦᠨ ᠤ | ᠨᠢᠳᠦ ᠨᠢ ᠡᠴᠢᠭᠡ ᠶᠢᠨ ᠢᠶᠠᠨ ᠰᠢᠭ᠂ ᠮᠣᠷᠢᠨ ᠳᠤ ᠬᠠᠶᠢᠷᠠᠲᠠᠢ ᠪᠣᠯᠣᠨ ᠠᠩᠬᠠᠷᠤᠯ ᠲᠠᠯᠪᠢᠬᠤ ᠶᠢ ᠬᠠᠨᠳᠤᠭᠤᠯᠵᠤ᠂ | ᠨᠠᠰᠤ ᠵᠢᠯ ᠨᠢ ᠬᠡᠳᠦᠶᠢᠪᠡᠷ ᠲᠡᠭᠦᠨ ᠤ ᠪᠡᠶ᠎ᠡ ᠳᠡᠭᠡᠷ᠎ᠡ ᠤᠯᠠ ᠮᠥᠷ ᠦᠯᠡᠳᠡᠭᠡᠭᠰᠡᠨ ᠪᠣᠯᠪᠠᠴᠤ ᠮᠣᠷᠢ ᠪᠠᠨ | ᠳᠤᠷᠠᠳᠤᠮᠠᠭᠴᠠ᠂ ᠲᠡᠷᠡ ᠬᠤᠷᠣᠮᠬᠠᠨ ᠵᠠᠭᠤᠷ᠎ᠠ ᠬᠠᠯᠠᠭᠤᠨ ᠰᠡᠳᠬᠢᠯᠭᠡ ᠪᠢᠯᠬᠠᠭᠰᠠᠨ ᠵᠠᠯᠠᠭᠤᠴᠤᠳ ᠤᠨ ᠦᠶ᠎ᠡ ᠳᠤ | ᠪᠠᠨ ᠬᠦᠷᠦᠭᠰᠡᠨ ᠰᠢᠭ ᠪᠣᠯᠣᠯ᠎ᠠ᠃ | 47 ᠨᠠᠰᠤᠲᠠᠢ ᠵᠠᠩ ᠬᠠᠢ ᠫᠢᠩ᠂ ᠮᠣᠷᠢ ᠲᠠᠢ ᠪᠠᠷᠢᠯᠳᠤᠯᠭ᠎ᠠ ᠲᠠᠢ ᠪᠣᠯᠣᠭᠠᠳ ᠨᠢᠭᠡᠨᠲᠡ 37 ᠵᠢᠯ ᠪᠣᠯᠪᠠ᠃ | 10 ᠨᠠᠰᠤᠲᠠᠶ ᠲᠡᠷᠡ ᠵᠢᠯ᠂ ᠠᠪᠤ ᠶᠢᠨ ᠢᠶᠠᠨ ᠳᠠᠭᠠᠭᠤᠯᠭ᠎ᠠ ᠳᠣᠤᠷ᠎ᠠ᠂ ᠲᠡᠷᠡ ᠠᠩᠬ᠎ᠠ ᠤᠳᠠᠭ᠎ᠠ ᠮᠣᠷᠢᠨ | ᠨᠢᠷᠤᠭᠤ ᠪᠠᠨ ᠰᠤᠨᠳᠠᠯᠠᠵᠤ᠂ ᠡᠭᠦᠨ ᠠᠴᠠ ᠡᠬᠢᠯᠡᠨ ᠠᠵᠢᠨᠠᠶ ᠮᠣᠷᠢ ᠲᠠᠢ ᠬᠠᠨᠢᠯᠠᠭᠰᠠᠨ ᠬᠥᠮᠦᠨ ᠤ ᠠᠮᠢᠳᠤᠷᠠᠯ ᠤᠨ | ᠬᠠᠭᠤᠳᠠᠰᠤ ᠶᠢ ᠪᠢᠴᠢᠭᠯᠡᠪᠡ᠃ ᠠᠪᠤ ᠨᠢ ᠲᠡᠭᠦᠨ ᠤ ᠵᠠᠰᠠᠮᠠᠯ ᠵᠠᠮ ᠳᠡᠭᠡᠷᠡᠬᠢ ᠰᠡᠬᠡᠭᠡᠷᠡᠭᠦᠯᠬᠦ ᠪᠠᠭᠰᠢ ᠪᠣᠯᠬᠤ ᠪᠠᠷ | ᠪᠠᠷᠠᠬᠤ ᠦᠭᠡᠢ᠂ ᠨᠡᠩ ᠴᠦ ᠣᠶᠤᠨ ᠰᠠᠨᠠᠭᠠᠨ ᠤ ᠵᠢᠯᠣᠭᠤᠳᠤᠭᠴᠢ ᠪᠠᠭᠰᠢ ᠪᠣᠯᠤᠨ᠎ᠠ᠃ 37 ᠵᠢᠯ ᠤᠨ ᠲᠤᠷᠰᠢ᠂ | ᠠᠪᠤ ᠶᠢᠨ ᠢᠶᠠᠨ ᠵᠢᠯᠤᠭᠤᠳᠤᠯᠭ᠎ᠠ ᠳᠣᠣᠷ᠎ᠠ᠂ ᠲᠡᠭᠦᠨ ᠤ ᠮᠣᠷᠢᠨ ᠮᠡᠷᠭᠡᠵᠢᠯ ᠲᠠᠰᠤᠷᠠᠯᠲᠠ ᠦᠭᠡᠢ ᠴᠠᠭᠠᠷᠠᠵᠤ᠂ ᠲᠤᠭ᠎ᠠ | ᠲᠣᠮᠰᠢ ᠦᠭᠡᠢ ᠣᠯᠠᠨ ᠤᠷᠤᠯᠳᠤᠭᠠᠨ ᠳᠤ ᠣᠷᠣᠯᠴᠠᠵᠤ᠂ ᠮᠠᠰᠢ ᠣᠯᠠᠨ ᠢᠷᠠᠭᠤ ᠠᠯᠳᠠᠷ ᠣᠯᠵᠠᠶ᠃ ᠠᠪᠤ ᠨᠢ | ᠬᠡᠳᠦ᠋ᠢᠪᠡᠷ ᠠᠭᠠᠵᠢᠮ ᠢᠶᠠᠷ ᠦᠲᠡᠯᠦᠭᠰᠡᠨ ᠪᠣᠯᠪᠠᠴᠤ᠂ ᠮᠣᠷᠢᠨ ᠮᠡᠷᠭᠡᠵᠢᠯ ᠳᠡᠭᠡᠨ ᠬᠠᠶᠢᠷᠠᠲᠠᠢ ᠰᠡᠳᠬᠢᠯᠭᠡ ᠪᠣᠯᠣᠨ | ᠲᠡᠰᠪᠦᠷᠢ᠂ ᠠᠯᠢ ᠬᠡᠵᠢᠶᠡᠨᠡᠢ ᠠᠴᠠ ᠵᠠᠩ ᠬᠠᠢ ᠫᠢᠩ ᠤᠨ ᠰᠡᠳᠬᠢᠯ ᠳᠤ ᠭᠦᠨ ᠰᠢᠩᠭᠡᠭᠡᠪᠡ᠃ ᠠᠩᠬ᠎ᠠ ᠤᠳᠠᠭ᠎ᠠ ᠮᠣᠷᠢ | ᠤᠨᠤᠭᠰᠠᠨ ᠲᠥᠷᠥᠭᠳᠡᠯ ᠢᠶᠠᠨ ᠶᠠᠷᠢᠬᠤ ᠳᠤ᠂ ᠬᠡᠳᠦ᠋ᠢᠪᠡᠷ ᠣᠯᠠᠨ ᠵᠢᠯ ᠠᠯᠤᠰᠯᠠᠭᠰᠠᠨ ᠪᠣᠯᠪᠠᠴᠤ ᠵᠠᠩ ᠬᠠᠢ ᠫᠢᠩ | ᠮᠥᠨ ᠯᠡ ᠴᠡᠭᠡᠵᠢᠯᠡᠬᠦᠢ ᠲᠣᠲᠣᠷᠬᠠᠢ ᠪᠠᠶᠢᠪᠠ᠃ ᠲᠡᠷᠡ᠄ ︽ᠠᠩᠬ᠎ᠠ ᠤᠳᠠᠭ᠎ᠠ ᠮᠣᠷᠢᠨ ᠨᠢᠷᠤᠭᠤᠨ ᠳᠤ ᠰᠠᠭᠤᠬᠤ | ᠳᠤ᠂ ᠠᠶᠤᠭᠰᠠᠨ ᠮᠥᠷᠲᠡᠭᠡᠨ ᠪᠠᠶᠠᠷᠯᠠᠵᠦ᠂ ᠠᠪᠤ ᠮᠢᠨᠢ ᠬᠠᠵᠠᠭᠤ ᠳᠤ ᠲᠠᠰᠤᠷᠠᠯᠲᠠ ᠦᠭᠡᠢ ᠨᠠᠮ᠎ᠠ ᠶᠢ | ᠵᠣᠷᠢᠭᠵᠢᠭᠤᠯᠬᠤ ᠳᠤ᠂ ᠲᠡᠷᠡ ᠦᠶ᠎ᠡ ᠳᠤ ᠡᠨᠡ ᠬᠦ ᠦᠰᠦᠷᠦᠯᠲᠡ ᠶᠢᠨ ᠰᠡᠭᠦᠳᠡᠷ ᠨᠢ ᠮᠢᠨᠦ ᠠᠮᠢ ᠨᠠᠰᠤᠨ ᠤ | ᠬᠠᠮᠤᠭ ᠤᠨ ᠭᠦᠨ ᠰᠠᠭᠤᠭᠳᠠᠯ ᠪᠣᠯᠬᠤ ᠶᠤᠮ ᠭᠡᠳᠡᠭ ᠢ ᠪᠢ ᠣᠯᠵᠤ ᠮᠡᠳᠡᠭᠰᠡᠨ ᠶᠤᠮ᠃ ᠡᠲᠡᠭᠡᠷ ᠵᠢᠯ ᠤᠳ ᠲᠤ | ᠤᠳᠠᠭ᠎ᠠ ᠪᠣᠯᠭᠠᠨ ᠤ ᠪᠣᠯᠪᠠᠰᠤᠷᠠᠯ ᠪᠠ ᠤᠷᠤᠯᠳᠤᠭᠠᠨ ᠳᠤ ᠪᠢ ᠮᠣᠷᠢ ᠤᠨᠤᠬᠤ ᠮᠡᠷᠭᠡᠵᠢᠯ ᠢᠶᠠᠨ | ᠳᠡᠭᠡᠭᠰᠢᠯᠡᠭᠦᠯᠦᠭᠰᠡᠨ ᠢᠶᠠᠷ ᠪᠠᠷᠠᠬᠤ ᠥᠬᠡᠶ᠂ ᠨᠠᠩ ᠴᠤ ᠠᠪᠤ ᠶᠢᠨ ᠢᠶᠠᠨ ᠪᠡᠶ᠎ᠡ ᠳᠡᠭᠡᠷ᠎ᠡ ᠠᠴᠠ ᠡᠭᠦᠷᠢᠳᠡ ᠲᠠᠶᠠᠭᠳᠠᠬᠤ | ᠥᠬᠡᠶ ᠵᠣᠷᠢᠭ ᠰᠠᠨᠠᠭ᠎ᠠ᠂ ᠮᠣᠷᠢᠨ ᠳᠤ ᠥᠭᠬᠦ ᠴᠡᠪᠡᠷ ᠬᠠᠶᠢᠷ᠎ᠠ ᠶᠢ ᠰᠤᠷᠴᠤ ᠣᠯᠤᠭᠰᠠᠨ ᠪᠥᠭᠡᠳ ᠪᠠᠰᠠ ᠬᠦᠴᠢᠷ | ᠪᠡᠷᠬᠡᠰᠢᠶᠡᠯ ᠤᠨ ᠦᠶ᠎ᠡ ᠶᠢᠨ ᠯᠠᠪᠳᠠᠭᠤᠨ ᠲᠣᠭᠲᠠᠭᠤᠨ ᠪᠠ ᠬᠠᠲᠠᠭᠤ ᠵᠣᠷᠢᠭ ᠢᠶᠠᠷ ᠲᠡᠰᠪᠦᠷᠢᠯᠡᠬᠦ ᠶᠢ ᠣᠯᠵᠦ ᠰᠤᠷᠪᠠ | ︾᠃ | ᠬᠠᠮᠤᠭ ᠮᠠᠷᠲᠠᠭᠲᠠᠰᠢ ᠦᠭᠡᠢ ᠨᠢᠭᠡ ᠤᠳᠠᠭᠠᠨ ᠤ ᠱᠠᠩᠨᠠᠯ ᠣᠯᠤᠭᠰᠠᠨ ᠥᠩᠭᠡᠷᠡᠯᠲᠡ ᠶᠢᠨ ᠲᠤᠬᠠᠢ | ᠶᠠᠷᠢᠬᠤ ᠳᠤ᠂ ᠡᠴᠢᠭᠡ ᠬᠦᠦ ᠬᠤᠶᠠᠭᠤᠯᠠ ᠶᠢᠨ ᠨᠢᠳᠦᠨ ᠬᠠᠷᠠᠴᠠ ᠨᠢ ᠭᠱᠠᠨ ᠵᠠᠭᠤᠷ᠎ᠠ ᠭᠡᠷᠡᠯᠲᠦᠵᠦ᠂ ᠪᠣᠳᠣᠯᠭ᠎ᠠ | ᠰᠠᠨᠠᠭ᠎ᠠ ᠨᠢ ᠥᠪᠡᠷ ᠤᠨ ᠡᠷᠬᠡ ᠦᠭᠡᠢ 2015 ᠣᠨ ᠤ ᠲᠡᠷᠡ ᠬᠡᠰᠡᠭ ᠤᠷᠮ᠎ᠠ ᠰᠡᠳᠭᠢᠯᠭᠡ ᠪᠢᠯᠬᠠᠭᠰᠠᠨ | ᠤᠷᠤᠯᠳᠤᠭᠠᠨ ᠤ ᠲᠠᠯᠠᠪᠤᠷ ᠲᠤ ᠪᠤᠴᠠᠵᠤ ᠢᠷᠡᠪᠡ᠃ ᠲᠡᠷᠡ ᠲᠠᠯᠠᠪᠤᠷ ᠳᠡᠯᠡᠬᠡᠢ ᠶᠢᠨ ᠡᠯ᠎ᠡ ᠭᠠᠵᠠᠷ ᠤᠨ | ᠣᠷᠣᠶᠢᠯᠠᠭᠰᠠᠨ ᠮᠣᠷᠢᠲᠤ ᠪᠠᠭᠠᠲᠤᠷ ᠤᠨ ᠣᠯᠠᠨ ᠤᠯᠤᠰ ᠤᠨ ᠰᠠᠭᠤᠯᠭ᠎ᠠ ᠲᠣᠭᠤᠷᠢᠬᠤ ᠤᠷᠤᠯᠳᠤᠭᠠᠨ ᠳᠤ᠂ ᠲᠠᠯ᠎ᠠ | ᠨᠤᠲᠤᠭ ᠠᠴᠠ ᠢᠷᠡᠭᠰᠡᠨ ᠵᠠᠩ ᠬᠠᠢ ᠫᠢᠩ ᠶᠠᠭ ᠨᠢᠭᠡ ᠬᠠᠷ᠎ᠠ ᠮᠣᠷᠢ ᠰᠢᠭ᠋᠂ ᠨᠢᠭᠡ ᠵᠠᠮ ᠪᠣᠭᠤᠮᠲᠠ ᠰᠢᠪᠲᠤᠯᠵᠦ᠂ | ᠡᠴᠦᠰ ᠲᠤ ᠪᠠᠨ ᠳᠥᠷᠪᠡᠳᠦᠭᠡᠷ ᠨᠡᠷᠡᠰ ᠤᠨ ᠰᠢᠯᠢᠳᠡᠭ ᠬᠢᠷᠢ ᠪᠦᠲᠦᠮᠵᠢ ᠣᠯᠵᠠᠢ᠃ ᠲᠤᠬᠠᠢ ᠶᠢᠨ ᠦᠶ᠎ᠡ ᠶᠢᠨ | ᠪᠠᠶᠢᠳᠠᠯ ᠢ ᠡᠷᠭᠢᠴᠡᠭᠦᠯᠬᠦ ᠳᠤ ᠪᠠᠨ᠂ ᠵᠠᠩ ᠬᠠᠢ ᠫᠢᠩ᠄ ︽ᠪᠢ ᠪᠣᠯ ᠬᠠᠷᠠᠬᠠᠨ ᠪᠠᠭ᠎ᠠ ᠠᠴᠠ ᠪᠠᠨ ᠲᠠᠯ᠎ᠠ ᠨᠤᠲᠤᠭ ᠲᠤ | ᠦᠰᠦᠨ ᠪᠤᠶᠢᠵᠢᠭᠰᠠᠨ ᠮᠠᠯᠴᠢᠨ ᠬᠦᠮᠦᠨ᠂ ᠳᠡᠯᠡᠬᠡᠢ ᠶᠢᠨ ᠰᠠᠭᠤᠯᠭ᠎ᠠ ᠣᠷᠢᠶᠠᠬᠤ ᠤᠷᠤᠯᠳᠤᠭᠠᠨ ᠤ ᠲᠠᠪᠴᠠᠩ | ᠳᠡᠭᠡᠷ᠎ᠡ ᠵᠣᠭᠰᠣᠵᠤ᠂ ᠠᠳᠠᠯᠢ ᠪᠤᠰᠤ ᠤᠯᠤᠰ ᠠᠴᠠ ᠢᠷᠡᠭᠰᠡᠨ᠂ ᠠᠳᠠᠯᠢ ᠪᠤᠰᠤ ᠠᠬᠤᠢ ᠪᠠᠶᠢᠳᠠᠯ ᠲᠠᠢ ᠮᠣᠷᠢᠲᠠᠨ ᠲᠠᠢ | ᠬᠠᠮᠲᠤ ᠦᠷᠢᠰᠦᠯᠳᠦᠬᠦ ᠨᠢ᠂ ᠨᠠᠳᠠ ᠳᠤ ᠠᠪᠴᠤ ᠬᠡᠯᠡᠪᠡᠯ ᠶᠠᠭᠤᠨ ᠠᠴᠠ ᠴᠤ ᠠᠵᠠ ᠵᠠᠪᠰᠢᠶᠠᠨ ᠲᠠᠢ ᠶᠤᠮ᠃ | ᠣᠯᠤᠭᠰᠠᠨ ᠠᠮᠵᠢᠯᠲᠠ ᠪᠦᠲᠦᠮᠵᠢ ᠨᠢ ᠨᠠᠳᠠ ᠳᠤ ᠬᠠᠷᠢᠶᠠᠯᠠᠭᠳᠠᠨ᠎ᠠ᠂ ᠨᠡᠩ ᠴᠤ ᠮᠢᠨᠦ ᠠᠪᠤ ᠳᠤ ᠬᠠᠷᠢᠶᠠᠯᠠᠭᠳᠠᠨ᠎ᠠ᠂ | ᠲᠡᠷᠡ ᠦᠷᠭᠦᠯᠵᠢ ᠲᠡᠭᠦᠨ ᠤ ᠵᠢᠭᠠᠨ ᠰᠤᠷᠭᠠᠯᠲᠠ ᠪᠠ ᠳᠡᠮᠵᠢᠯᠭᠡ ᠪᠠᠷ ᠢᠶᠠᠨ᠂ ᠨᠠᠳᠠ ᠶᠢ ᠬᠦᠰᠡᠯ ᠵᠡᠭᠦᠳᠦ ᠪᠠᠨ | ᠬᠥᠭᠡᠭᠡᠴᠡᠯᠳᠦᠬᠦ ᠰᠥᠰᠥ ᠵᠣᠷᠢᠭ ᠪᠠ ᠬᠦᠴᠦᠨ ᠴᠢᠳᠠᠯ ᠲᠠᠢ ᠪᠣᠯᠭᠠᠵᠠᠢ᠃︾ ᠭᠡᠵᠦ ᠬᠡᠯᠡᠪᠡ᠃ | ︽ᠥᠩᠭᠡᠷᠡᠭᠰᠡᠨ ᠳᠤ ᠮᠣᠷᠢ ᠤᠷᠤᠯᠳᠤᠬᠤ ᠪᠣᠯ ᠣᠷᠣᠰᠢᠨ ᠲᠣᠭᠲᠠᠨᠢᠬᠤ ᠶᠢᠨ ᠲᠥᠯᠥᠭᠡ᠂ ᠤᠳᠤ | ᠤᠯᠠᠮᠵᠢᠯᠠᠬᠤ ᠶᠢᠨ ᠲᠥᠯᠥᠭᠡ ᠶᠤᠮ︾᠃ ᠲᠠᠯ᠎ᠠ ᠨᠤᠲᠤᠭ ᠤᠨ ᠤᠯᠠᠮ ᠠᠴᠠ ᠤᠯᠠᠮ ᠣᠯᠠᠳᠬᠤ ᠵᠠᠯᠠᠭᠤ ᠮᠣᠷᠢᠲᠠᠳ | ᠢ ᠰᠢᠷᠲᠡᠭᠡᠳ᠂ ᠠᠪᠤ ᠵᠠᠩ ᠶᠦᠩ ᠱᠧᠩ ᠦᠷᠴᠢᠯᠡᠭᠡᠰᠦᠲᠡᠢ ᠨᠢᠳᠦ ᠪᠠᠨ ᠢᠷᠮᠡᠨ ᠢᠨᠢᠶᠡᠪᠡ᠃ ︽ᠪᠢ ᠶᠢᠰᠦᠨ | ᠨᠠᠰᠤᠲᠠᠢ ᠳᠤ ᠪᠠᠨ ᠮᠣᠷᠢᠨ ᠨᠢᠷᠤᠭᠤᠨ ᠳᠡᠭᠡᠷ᠎ᠡ ᠠᠪᠠᠷᠢᠨ ᠭᠠᠷᠴᠦ᠂ ᠣᠳᠣ ᠨᠢᠭᠡᠨᠲᠡ 60 ᠭᠠᠷᠤᠶ ᠵᠢᠯ ᠪᠣᠯᠵᠤ | ᠪᠠᠶᠢᠨ᠎ᠠ᠂ ᠪᠢ ᠥᠪᠡᠷ ᠤᠨ ᠵᠠᠯᠠᠭᠤ ᠦᠶ᠎ᠡ ᠶᠢᠨ ᠬᠢᠨ ᠤ ᠮᠣᠷᠢᠨ ᠨᠢᠷᠤᠭᠤᠨ ᠳᠡᠭᠡᠷ᠎ᠡ ᠤᠶᠢᠮᠤᠷᠠᠵᠤ ᠭᠠᠷᠭᠠᠭᠰᠠᠨ | ᠲᠤᠷᠰᠢᠯᠭ᠎ᠠ ᠪᠠᠨ᠂ ᠥᠴᠦᠬᠡᠨ ᠴᠦ ᠡᠷᠡᠭᠡᠯᠵᠡᠯ ᠦᠭᠡᠢ ᠪᠠᠷ ᠨᠡᠩ ᠣᠯᠠᠨ ᠵᠠᠯᠠᠭᠤ ᠮᠣᠷᠢᠲᠤ ᠪᠠᠭᠠᠲᠤᠷᠴᠤᠳ ᠲᠤ | ᠳᠠᠮᠵᠢᠭᠤᠯᠬᠤ ᠶᠢ ᠬᠦᠰᠡᠵᠦ ᠪᠠᠶᠢᠨ᠎ᠠ᠂ ᠡᠨᠡ ᠬᠦ ᠬᠠᠶᠢᠷ᠎ᠠ ᠰᠡᠳᠬᠢᠯᠭᠡ ᠪᠠ ᠤᠷ᠎ᠠ ᠮᠡᠷᠭᠡᠵᠢᠯ ᠨᠢ ᠰᠢᠨ᠎ᠡ ᠴᠠᠭ | ᠦᠶ᠎ᠡ ᠶᠢᠨ ᠲᠠᠯ᠎ᠠ ᠨᠤᠲᠤᠭ ᠲᠤ ᠦᠷᠭᠦᠯᠵᠢᠯᠡᠨ ᠰᠣᠶᠣᠭᠠᠯᠠᠵᠤ᠂ ᠨᠠᠩ ᠣᠯᠠᠨ ᠵᠠᠯᠠᠭᠤᠴᠤᠳ ᠢ ᠮᠣᠷᠢᠨ | ᠲᠤᠭᠤᠷᠠᠢ ᠶᠢᠨ ᠲᠠᠭᠤᠨ ᠳᠤ ᠲᠡᠳᠡᠨ ᠤ ᠳᠣᠮᠤᠭ ᠢ ᠦᠷᠭᠦᠯᠵᠢᠯᠡᠨ ᠪᠢᠴᠢᠭᠯᠡᠬᠦ ᠶᠢ ᠬᠦᠰᠡᠵᠦ ᠪᠠᠶᠢᠨ᠎ᠠ︾ ᠭᠡᠵᠦ | ᠬᠡᠯᠡᠪᠡ᠃ | 2024 ᠣᠨ ᠳᠤ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠮᠣᠷᠢ ᠤᠷᠤᠯᠳᠤᠬᠤ ︽ ᠬᠥᠳᠡᠭᠡ | ᠲᠣᠰᠬᠤᠨ ᠤ ᠬᠡᠲᠦ ᠬᠤᠯᠪᠣᠭᠠᠲᠣ ᠤᠷᠤᠯᠳᠤᠭᠠᠨ︾ ᠴᠠᠭᠠᠷᠢᠭ ᠢ ᠵᠦᠰᠦᠨ ᠭᠠᠷᠴᠤ᠂ ᠥᠪᠡᠷᠮᠢᠴᠡ ᠲᠠᠯ᠎ᠠ | ᠨᠤᠲᠤᠭ ᠤᠨ ᠵᠠᠩ ᠠᠭᠠᠯᠢ ᠪᠣᠯᠤᠨ ᠤᠷᠤᠯᠳᠤᠭᠠᠨ ᠤ ᠷᠢᠳᠢ ᠰᠢᠳᠢ ᠪᠠᠷ ᠢᠶᠠᠨ ᠳᠥᠷᠪᠡᠨ ᠲᠡᠯᠡᠢ ᠳᠤ ᠠᠯᠳᠠᠷᠰᠢᠵᠤ᠂ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠪᠣᠯᠤᠨ ᠪᠤᠭᠤᠲᠤ ᠬᠤᠳᠠ ᠶᠢᠨ ᠰᠣᠶᠣᠯ ᠵᠢᠭᠤᠯᠴᠢᠯᠠᠯ ᠤᠨ ᠨᠤᠲᠤᠭ | ᠳᠡᠪᠢᠰᠬᠡᠷ ᠳᠡᠭᠡᠷ᠎ᠡ ᠰᠢᠭᠢᠳᠬᠡᠭᠰᠡᠨ ᠭᠡᠷᠡᠯ ᠰᠠᠴᠤᠷᠠᠩᠭᠤᠶ ᠰᠤᠪᠤᠳ ᠪᠣᠯᠤᠭᠰᠠᠨ ᠪᠠᠶᠢᠨ᠎ᠠ᠃ ᠤᠷᠤᠯᠳᠤᠭᠠᠨ ᠤ | ᠬᠠᠯᠠᠭᠤᠨ ᠬᠡᠮᠵᠢᠶ᠎ᠡ ᠦᠷᠭᠦᠯᠵᠢᠯᠡᠨ ᠳᠡᠭᠡᠭᠰᠢᠯᠡᠵᠦ᠂ ᠲᠠᠪᠤᠨ ᠨᠠᠭᠤᠷ ᠳᠦᠷᠪᠡᠨ ᠳᠠᠯᠠᠢ ᠶᠢᠨ ᠲᠡᠷᠢᠭᠦᠨ | ᠰᠢᠯᠭᠠᠷᠠᠭᠤᠯᠬᠤ ᠤᠷᠤᠯᠳᠤᠭᠠᠨ ᠳᠤ ᠣᠷᠣᠯᠴᠠᠭᠰᠠᠳ ᠬᠤᠶᠢᠨ᠎ᠠ ᠬᠤᠶᠢᠨ᠎ᠠ ᠠᠴᠠ ᠪᠠᠨ ᠢᠷᠡᠵᠡᠭᠡᠵᠦ᠂ ᠡᠨᠡ ᠬᠦ | ᠥᠷᠭᠡᠨ ᠠᠭᠤᠳᠠᠮ ᠲᠠᠯ᠎ᠠ ᠨᠤᠲᠤᠭ ᠲᠤ ᠤᠯᠠᠨ ᠡᠰᠢᠲᠦ ᠤᠷᠤᠯᠳᠤᠭᠠᠨ ᠤ ᠠᠮᠢᠵᠢᠷᠠᠯ ᠤᠨ ᠬᠦᠴᠦᠨ ᠨᠡᠮᠡᠷᠢᠯᠡᠪᠡ᠃ | ᠡᠨᠡ ᠬᠦ ᠤᠷᠤᠰᠬᠠᠯ ᠤᠨ ᠪᠠᠶᠢᠳᠠᠯ ᠳᠣᠣᠷ᠎ᠠ᠂ ᠵᠠᠩ ᠬᠠᠢ ᠫᠢᠩ ᠪᠣᠯᠣᠨ ᠠᠪᠤ ᠵᠠᠩ ᠸᠠᠩ ᠱᠧᠩ ᠲᠠᠢ ᠴᠤ᠋ ᠰᠢᠨ᠎ᠡ | ᠠᠵᠠ ᠲᠣᠬᠢᠶᠠᠯ ᠢ ᠤᠭᠲᠤᠨ ᠠᠪᠴᠢᠷᠠᠵᠤ᠂ ᠲᠡᠳᠡ ᠤᠷᠤᠯᠳᠤᠭᠠᠨ ᠤ ᠲᠠᠯᠠᠪᠤᠷ ᠤᠨ ᠳᠣᠲᠣᠨ᠎ᠠ ᠭᠠᠳᠠᠨ᠎ᠠ | ᠰᠦᠯᠵᠢᠯᠳᠦᠵᠦ᠂ ᠲᠦᠷᠦᠯ ᠤᠭᠰᠠᠭ᠎ᠠ ᠶᠢᠨ ᠢᠶᠠᠨ ᠤᠯᠠᠮᠵᠢᠯᠠᠭᠰᠠᠨ ᠤᠷᠠᠨ ᠨᠠᠷᠢᠨ ᠮᠣᠷᠢᠨ ᠮᠡᠷᠭᠡᠵᠢᠯ ᠢᠶᠠᠨ ᠨᠠᠢᠮᠠᠨ | ᠵᠣᠪᠬᠢᠰ ᠤᠨ ᠵᠣᠴᠢᠨ ᠳᠤ ᠬᠤᠪᠢᠶᠠᠯᠴᠠᠬᠤ ᠪᠠᠷ ᠪᠠᠷᠠᠬᠤ ᠦᠭᠡᠢ ᠪᠠᠰᠠ ᠡᠯ᠎ᠡ ᠭᠠᠵᠠᠷ ᠤᠨ ᠮᠣᠷᠢᠲᠤ ᠴᠡᠷᠢᠭ ᠲᠠᠢ | ᠶᠠᠷᠢᠯᠴᠠᠨ ᠰᠣᠯᠢᠯᠴᠠᠬᠤ ᠳᠤᠮᠳᠠ ᠣᠯᠠᠨ ᠤ ᠠᠩᠬᠠᠷᠤᠯ ᠢ ᠲᠠᠲᠠᠪᠠ᠃ | ᠲᠠᠷᠬᠠᠨ ᠮᠤᠤᠮᠢᠩᠭᠠᠨ ᠤ ᠲᠠᠯ᠎ᠠ ᠨᠤᠲᠤᠭ ᠲᠤ᠂ ᠮᠣᠷᠢ ᠤᠷᠤᠯᠳᠤᠬᠤ ᠳᠤ ᠳᠤᠷ᠎ᠠ ᠪᠠᠬ᠎ᠠ ᠲᠠᠢ ᠣᠯᠠᠨ | ᠲᠠᠮᠢᠷᠴᠢᠨ ᠶᠠᠭ ᠤᠯᠠᠮᠵᠢᠯᠠᠯᠲᠤ ᠮᠣᠷᠢᠨ ᠮᠡᠷᠭᠡᠵᠢᠯ ᠤᠨ ᠤᠷ᠎ᠠ ᠮᠡᠷᠭᠡᠵᠢᠯ ᠢ ᠦᠵᠡᠯ ᠰᠠᠨᠠᠭᠠᠨ ᠤ ᠮᠥᠷᠭᠦᠯᠳᠦᠯ | ᠳᠤᠮᠳᠠ ᠰᠢᠨ᠎ᠡ ᠠᠮᠢᠯᠠᠯ ᠢᠶᠠᠨ ᠰᠡᠷᠭᠦᠭᠡᠵᠦ ᠪᠠᠶᠢᠬᠤ ᠪᠥᠭᠡᠳ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ | ᠠᠳᠤᠭᠤᠨ ᠤ ᠰᠣᠶᠣᠯ ᠢ ᠤᠯᠠᠮᠵᠢᠯᠠᠨ ᠵᠠᠯᠭᠠᠮᠵᠢᠯᠠᠬᠤ ᠪᠠ ᠬᠥᠭᠵᠢᠭᠦᠯᠬᠦ ᠳᠤ ᠰᠢᠨ᠎ᠡ ᠬᠠᠭᠤᠳᠠᠰᠤ ᠶᠢ ᠦᠷᠭᠦᠯᠵᠢᠯᠡᠨ | ᠪᠢᠴᠢᠭᠯᠡᠭᠰᠡᠨ ᠪᠠᠶᠢᠨ᠎ᠠ᠃ | | |