ᠰᠠᠷ᠎ᠠ ᠶᠢᠨ 17 ᠤ ᠡᠳᠦᠷ ᠤᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ︽  ᠭᠠᠴᠠᠭᠠᠨ ᠤ ᠰᠢᠭᠰᠢᠶ᠎ᠡ +︾  ᠮᠤᠷᠢᠨ ᠤᠷᠤᠯᠳᠤᠭᠠᠨ ᠵᠡᠷᠭᠡ ᠶᠢᠨ ᠦᠪᠡᠭᠳᠡᠰᠢ ᠶᠡᠭᠡ ᠨᠠᠶᠢᠷ ᠨᠠᠭᠠᠳᠤᠮ  ᠢ ᠰᠤᠨᠢᠷᠬᠠᠬᠤ ᠵᠢᠯᠤᠭᠤᠳᠤᠮᠵᠢ
ᠨᠡᠶᠢᠲᠡᠯᠡᠭᠰᠡᠨ ᠴᠠᠭ᠄
2025/5/14
5 ᠰᠠᠷ᠎ᠠ ᠶᠢᠨ 17 ᠤ ᠡᠳᠦᠷ       ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ︽  ᠭᠠᠴᠠᠭᠠᠨ ᠤ ᠰᠢᠭᠰᠢᠶ᠎ᠡ +︾  ᠮᠤᠷᠢᠨ ᠤᠷᠤᠯᠳᠤᠭᠠᠨ ᠢ ᠶᠠᠪᠤᠭᠳᠠᠭᠤᠯᠬᠤ ᠪᠠᠷ ᠪᠠᠶᠢᠨ᠎ᠠ︕      ᠪᠠᠲᠤᠬᠠᠭᠠᠯᠭ᠎ᠠ  ᠨᠠᠭᠠᠳᠤᠮ ᠰᠤᠶᠤᠯ ᠤᠨ ᠠᠵᠤ ᠦᠢᠯᠡᠰ ᠤᠨ ᠬᠦᠷᠢᠶᠡᠯᠡᠩ ᠳᠤ      ᠬᠤᠷᠳᠤᠴᠠ ᠰᠢᠯᠭᠠᠵᠤ ᠤᠷᠮ᠎ᠠ ᠰᠡᠳᠭᠢᠯᠭᠡ  ᠪᠠᠨ ᠬᠦᠭᠵᠢᠭᠡᠨ      ᠠᠮᠲᠠᠲᠤ ᠢᠳᠡᠭᠡᠨ  ᠠᠮᠰᠠᠵᠤ ᠳᠠᠭᠤᠤ ᠪᠥᠵᠢᠭ  ᠰᠤᠨᠢᠷᠬᠠᠨ      ᠣᠳᠣ ᠦᠶ᠎ᠡ ᠪᠠ ᠪᠣᠳᠠᠰ ᠤᠨ ᠪᠤᠰᠤ ᠰᠣᠶᠣᠯ ᠤᠨ ᠥᠪ ᠤᠨ ᠮᠥᠷᠭᠦᠯᠳᠦᠯ ᠢ ᠤᠬᠠᠭᠠᠷᠠᠵᠤ      ᠬᠤᠷᠴᠠ ᠰᠢᠷᠦᠬᠦᠨ ᠤᠷᠤᠯᠳᠤᠭᠠᠨ ᠠᠴᠠ ᠭᠠᠳᠠᠨ᠎ᠠ      ᠲᠤᠬᠠᠢ ᠶᠢᠨ ᠲᠠᠯᠠᠪᠠᠢ ᠳᠤ ᠪᠠᠰᠠ ᠲᠠᠭᠤᠤ ᠪᠦᠵᠢᠭ  ᠰᠤᠨᠢᠷᠬᠠᠨ᠂ ᠠᠮᠳᠠᠳᠤ ᠢᠳᠡᠬᠡᠨ ᠠᠮᠰᠠᠵᠤ᠂ ᠪᠤᠳᠠᠰ ᠤᠨ ᠪᠤᠰᠤ ᠰᠤᠶᠤᠯ ᠤᠨ ᠦᠪ ᠤᠨ ᠦᠵᠡᠬᠦᠯᠦᠯᠭᠡ  ᠶᠢ ᠰᠤᠨᠢᠷᠬᠠᠨ᠂ ᠲᠠᠯ᠎ᠠ ᠨᠤᠳᠤᠭ ᠢᠶᠠᠷ ᠵᠢᠭᠤᠯᠴᠢᠯᠠᠨ ᠰᠡᠬᠦᠳᠡᠷᠯᠡᠵᠦ  ᠪᠤᠯᠤᠨ᠎ᠠ︕      ᠲᠤᠤᠷᠠᠬᠢ ᠮᠡᠳᠦ  ᠶᠢᠨ ᠠᠯᠢ ᠤᠯᠠᠨ ᠤᠨᠴᠠᠯᠢᠭᠳᠤ ᠠᠵᠢᠯᠯᠠᠭ᠎ᠠ ᠲᠠ ᠨᠠᠷ ᠤᠨ ᠤᠷᠤᠯᠴᠠᠬᠤ ᠶᠢ ᠬᠦᠯᠢᠶᠡᠵᠦ ᠪᠠᠶᠢᠨ᠎ᠠ      ᠮᠣᠷᠢᠲᠤ ᠴᠡᠷᠢᠭ ᠤᠨ ᠰᠤᠮᠤᠨ ᠤ ᠪᠣᠯᠪᠠᠰᠤᠷᠠᠯ ᠤᠨ ᠦᠵᠡᠭᠦᠯᠦᠭᠡ ᠬᠢᠬᠦ      ᠡᠩᠨᠡᠭᠡ ᠶᠢᠨ ᠦᠵᠡᠭᠦᠯᠦᠯᠭᠡ᠂ ᠮᠣᠷᠢᠲᠤ ᠴᠡᠷᠢᠭ ᠤᠨ ᠰᠡᠯᠡᠮ᠎ᠡ ᠶᠢᠨ ᠪᠣᠯᠪᠠᠰᠤᠷᠠᠯ ᠤᠨ ᠦᠵᠡᠭᠦᠯᠦᠯᠭᠡ᠂ ᠫᠤᠤᠳᠠᠯᠭ᠎ᠠ ᠪᠠ ᠰᠤᠷ ᠬᠠᠷᠪᠤᠬᠤ ᠲᠥᠷᠥᠯ ᠵᠦᠢᠯ ᠤᠨ ᠦᠵᠡᠭᠦᠯᠦᠯᠭᠡ ᠵᠢᠴᠢ ᠮᠣᠷᠢᠨ ᠮᠡᠷᠭᠡᠵᠢᠯ ᠤᠨ ᠦᠵᠡᠭᠦᠯᠦᠯᠭᠡ ᠁ ᠰᠢᠷᠠᠮᠦ᠋ᠷᠡᠨ ᠪᠠᠯᠭᠠᠰᠤᠨ ᠤ ᠡᠷᠦᠬᠡ ᠶᠢᠨ ᠴᠡᠷᠢᠭ ᠤᠨ ᠮᠣᠷᠢᠲᠤ ᠴᠡᠷᠢᠭ ᠭᠤᠶᠢᠲᠠ ᠰᠠᠶᠢᠬᠠᠨ ᠴᠡᠷᠢᠭ ᠤᠨ ᠶᠠᠪᠤᠳᠠᠯ ᠤᠨ ᠤᠷ᠎ᠠ ᠮᠡᠷᠭᠡᠵᠢᠯ ᠢᠶᠠᠷ ᠴᠤᠭ ᠪᠠᠳᠠᠷᠠᠩᠭᠤᠶ ᠣᠶᠤᠨ ᠰᠠᠨᠠᠭᠠᠨ ᠤ ᠳᠦᠷᠰᠦ ᠪᠠᠶᠢᠳᠠᠯ ᠢᠶᠠᠨ ᠢᠯᠡᠷᠡᠭᠦᠯᠬᠦ ᠪᠣᠯᠤᠨ᠎ᠠ᠃      ᠮᠣᠩᠭᠤᠯ ᠮᠣᠷᠢᠨ ᠤ  ᠭᠤᠸ᠎ᠠ ᠰᠠᠶᠢᠬᠠᠨ ᠤ ᠰᠤᠩᠭᠤᠯᠲᠠ      ᠳᠡᠯ ᠰᠡᠭᠦᠯ ᠢᠶᠠᠨ ᠰᠡᠷᠳᠡᠯᠵᠡᠬᠦᠯᠵᠦ᠂ ᠲᠤᠭᠤᠷᠠᠢ ᠲᠤᠪᠳᠤᠯᠭᠠᠨ᠂ ᠴᠤᠭ ᠵᠢᠪᠬᠤᠭ᠎ᠠ ᠰᠠᠶᠢᠲᠠᠢ ᠮᠣᠩᠭᠤᠯ ᠮᠣᠷᠢ ᠨᠢ ᠠᠳᠡ ᠥᠷᠢᠰᠥᠯᠳᠦᠵᠦ᠂ ᠣᠮᠤᠭ ᠲᠡᠭᠦᠯᠳᠡᠷ    ᠮᠣᠩᠭᠤᠯ ᠮᠣᠷᠢᠨ ᠤ ᠭᠤᠸ᠎ᠠ ᠰᠠᠶᠢᠬᠠᠨ ᠢ ᠢᠯᠡᠷᠡᠭᠦᠯᠦᠨ᠎ᠡ       ᠱᠧᠳ᠋ᠯᠠᠨᠳ᠋ ᠤᠨ ᠪᠤᠭᠤᠨᠢ ᠮᠤᠷᠢᠨ ᠤ ᠦᠵᠡᠭᠦᠯᠦᠯᠭᠡ      ᠪᠡᠶ᠎ᠡ ᠶᠢᠨ ᠥᠨᠳᠥᠷ ᠨᠢ ᠨᠢᠭᠡ ᠮᠧᠲᠷ ᠬᠦᠷᠬᠦ ᠦᠭᠡᠢ ᠪᠣᠯᠪᠠᠴᠤ ᠥᠪᠡᠷ ᠤᠨ ᠭᠡᠪ ᠨᠠᠮᠪᠠ ᠂ ᠤᠨᠴᠠᠯᠢᠭ  ᠢᠶᠠᠷ  ᠢᠶᠠᠨ ᠪᠢᠴᠢᠬᠠᠨ ᠨᠠᠶᠢᠵᠠ ᠨᠠᠷ ᠤᠨ ᠪᠠᠬ᠎ᠠ ᠶᠢ ᠲᠠᠳᠠᠵᠤ᠂  ᠭᠡᠤᠭᠡᠳ ᠤᠳ ᠱᠧᠳ᠋ᠯᠠᠨᠳ᠋ ᠤᠨ ᠪᠤᠭᠤᠨᠢ  ᠮᠤᠷᠢ ᠶᠢ  ᠤᠨᠤᠨ ᠰᠤᠨᠢᠷᠬᠠᠵᠤ  ᠪᠤᠯᠤᠨ᠎ᠠ᠃      ᠦᠪᠡᠭᠳᠡᠰᠢ ᠲᠠᠶᠢᠯᠠᠯᠭ᠎ᠠ ᠶᠢᠨ ᠶᠤᠰᠤ      ᠦᠪᠡᠭᠳᠡᠰᠢ ᠲᠠᠶᠢᠯᠠᠯᠭ᠎ᠠ ᠪᠣᠯ ᠲᠠᠯ᠎ᠠ ᠨᠤᠲᠤᠭ ᠤᠨ ᠬᠡᠬᠡᠨᠴᠢᠷ ᠭᠤᠶᠤᠮᠰᠤᠭ ᠰᠠᠶᠢᠬᠠᠨ ᠬᠤᠪᠴᠠᠰᠤ ᠡᠮᠦᠰᠦᠭᠰᠡᠨ ᠵᠤᠴᠢᠳ ᠢᠶᠠᠨ ᠬᠦᠷᠢᠶᠡᠯᠡᠨ ᠰᠠᠭᠤᠯᠭᠠᠵᠤ᠂ ᠰᠢᠷᠠᠭᠰᠠᠨ ᠪᠦᠬᠦᠯᠢ ᠬᠤᠨᠢ᠂ ᠴᠠᠭᠠᠨ ᠢᠳᠡᠭᠡ ᠵᠡᠷᠭᠡ ᠠᠮᠲᠠᠲᠤ ᠢᠳᠡᠭᠡᠨ ᠢ  ᠠᠮᠰᠠᠭᠤᠯᠤᠨ᠎ᠠ᠃  ᠲᠠᠭᠤᠯᠠᠨ ᠪᠦᠵᠢᠭᠯᠡᠵᠦ᠂ ᠮᠣᠷᠢᠨ ᠬᠤᠭᠤᠷ ᠤᠨ ᠢᠷᠠᠭᠤ ᠡᠭᠡᠰᠢᠭ ᠬᠠᠩᠬᠢᠨᠠᠨ᠂ ᠰᠠᠮᠪᠠᠢ ᠬᠠᠳᠠᠭ ᠪᠠᠷᠢᠵᠤ ᠢᠷᠦᠭᠡᠯ ᠵᠦᠩᠨᠡᠯ ᠲᠡᠪᠰᠢᠬᠦᠯᠵᠦ᠂ ᠬᠥᠮᠦᠰ ᠲᠤ ᠲᠠᠯ᠎ᠠ ᠨᠤᠲᠤᠭ ᠤᠨ ᠵᠠᠩ ᠦᠢᠯᠡ ᠶᠢ ᠤᠶᠢᠯᠠᠭᠠᠭᠤᠯᠤᠨ᠎ᠠ᠃      ᠬᠠᠮᠤᠭ ᠤᠨ ᠭᠤᠶᠤ ᠮᠣᠷᠢᠨ ᠨᠢᠷᠤᠭᠤᠨ ᠳᠡᠭᠡᠷᠡᠬᠢ ᠢᠨᠠᠭ ᠠᠮᠠᠷᠠᠭ ᠤᠨ  ᠠᠳᠠᠯᠢᠳᠬᠠᠯ      ᠮᠣᠷᠢᠨ ᠨᠢᠷᠤᠭᠤᠨ ᠳᠡᠭᠡᠷ᠎ᠡ᠂  ᠬᠠᠶᠢᠷ᠎ᠠ ᠰᠡᠳᠭᠢᠯ ᠲᠠᠭᠠᠯᠠᠮᠵᠢᠲᠠᠢ᠃ ᠬᠡᠨ ᠢᠷᠠᠭᠤ ᠰᠠᠶᠢᠬᠠᠨ ᠣᠪᠣᠷ ᠪᠠᠶᠢᠳᠠᠯ ᠢᠶᠠᠷ᠂ ᠵᠣᠯ ᠵᠢᠷᠭᠠᠯᠲᠠᠢ ᠪᠠᠷ ᠬᠠᠷᠢᠯᠴᠠᠨ ᠬᠥᠳᠡᠯᠦᠯᠴᠡᠵᠦ᠂ ︽ᠬᠠᠮᠤᠭ ᠤᠨ ᠭᠤᠶᠤ ᠮᠣᠷᠢᠨ ᠨᠢᠷᠤᠭᠤᠨ ᠳᠡᠭᠡᠷᠡᠬᠢ ᠢᠨᠠᠭ ᠠᠮᠠᠷᠠᠭ︾ ᠭᠡᠮᠡᠭᠳᠡᠬᠦ ᠪᠤᠢ︖ ᠲᠠᠯ᠎ᠠ ᠨᠤᠲᠤᠭ  ᠤᠨ ᠬᠠᠮᠤᠭ ᠷᠣᠮᠠᠨᠲ᠋ᠢᠭ ᠢ ᠬᠠᠮᠳᠤ ᠪᠠᠷ ᠰᠣᠨᠢᠷᠬᠠᠶ᠎ᠠ︕      ᠣᠨᠴᠠᠯᠢᠭᠲᠤ ᠲᠠᠷᠢᠶᠠᠯᠠᠩ ᠤᠨ ᠪᠦᠲᠦᠭᠡᠭᠳᠡᠬᠦᠨ ᠤ ᠦᠵᠡᠭᠦᠯᠦᠯᠭᠡ      ᠠᠯᠲᠠᠨ ᠰᠢᠷᠭᠠᠯ ᠪᠤᠭᠤᠳᠠᠢ᠂  ᠨᠠᠷᠢᠯᠢᠭ ᠬᠠᠯᠢᠰᠤᠳᠤ ᠨᠦᠢᠯ ᠪᠤᠭᠤᠳᠠᠢ᠂ ᠪᠦᠭᠡᠷᠡᠩᠬᠡᠢ ᠲᠦᠮᠦᠰᠦ ᠵᠡᠷᠭᠡ ᠶᠢ ᠪᠦᠭᠡᠮ ᠪᠦᠭᠡᠮ ᠢᠶᠠᠷ ᠤᠪᠤᠭᠠᠯᠠᠨ᠎ᠠ᠃ ᠵᠢᠩᠬᠢᠨᠢ ᠪᠠᠶᠢᠭᠠᠯᠢᠯᠢᠭ ᠴᠢᠯᠠᠭᠤᠨ ᠲᠡᠭᠡᠷᠮ᠎ᠡ ᠪᠠᠷ ᠨᠤᠬᠤᠬᠰᠠᠨ ᠭᠤᠯᠢᠷ ᠠᠴᠠ ᠠᠩᠬᠢᠯᠤᠭᠤᠨ ᠦᠨᠦᠷ ᠬᠠᠩᠬᠤᠯᠤᠨ᠂ ᠰᠠᠷᠭᠠᠢ ᠴᠡᠴᠡᠭ  ᠤᠨ ᠠᠮᠲᠠᠲᠤ ᠠᠷᠢᠬᠢ ᠠᠩᠬᠢᠯᠤᠮ᠎ᠠ ᠦᠨᠦᠷ  ᠰᠡᠩᠬᠢᠨᠡᠨ᠂ ᠪᠠᠰᠠ ᠨᠠᠷᠠᠨ ᠤ ᠭᠡᠷᠡᠯ  ᠳᠤ ᠢᠳᠡᠰᠢᠨ ᠲᠤᠰᠤᠨ ᠤ  ᠦᠨᠦᠷ  ᠦᠨᠦᠷᠳᠦᠭᠳᠡᠨ᠎ᠡ︕ ᠠᠵᠢᠯᠲᠠᠳ ᠠᠴᠠ ᠨᠢᠭᠤᠴᠠ ᠶᠢ ᠣᠯᠵᠤ ᠰᠤᠨᠤᠰᠤᠭᠰᠠᠨ ᠨᠢ᠄  ᠲᠤᠤ ᠮᠠ ᠭᠧᠦ ᠶᠢᠨ  ᠦᠩ ᠰᠢᠮᠡᠯᠢᠭ ᠬᠥᠷᠥᠰᠥ ᠰᠢᠷᠣᠶ ᠂ ᠲᠤᠩᠭᠠᠯᠠᠭ ᠪᠤᠯᠠᠭ ᠤᠨ ᠤᠰᠤ᠂  ᠨᠠᠷᠠᠨ ᠤ ᠬᠤᠷᠴᠠ ᠭᠡᠷᠡᠯ ᠢᠶᠠᠷ  ᠤᠮᠳᠠᠯᠠᠭᠳᠠᠪᠠᠯ  ᠰᠠᠶ᠋ᠢ  ᠡᠶᠢᠮᠦᠷᠬᠦ  ᠪᠤᠬᠢᠷᠳᠤᠯ ᠦᠬᠡᠢ ᠨᠤᠳᠤᠭ ᠤᠨ ᠤᠨᠴᠠᠯᠢᠭᠳᠤ ᠲᠠᠷᠢᠶᠠᠯᠠᠩ ᠤᠨ ᠪᠦᠲᠦᠭᠡᠭᠳᠡᠬᠦᠨ  ᠤᠷᠭᠤᠵᠤ᠂ ᠡᠷᠡᠭᠦᠯ ᠴᠢᠭᠢᠷᠠᠭ  ᠦᠨᠦᠷ ᠠᠮᠲᠠ ᠨᠢ  ᠠᠶᠠᠭᠠᠨ ᠳᠤ   ᠪᠢᠯᠬᠠᠷᠠᠨ᠎ᠠ︕
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号