ᠴᠠᠭ ᠮᠥᠴᠡ ᠳᠤ ᠠᠯᠭᠤᠷ ᠤᠷᠤᠭᠰᠢᠯᠠᠬᠤ ᠳᠤ | ᠳᠥᠷᠪᠡᠨ ᠤᠯᠠᠷᠢᠯ ᠢ ᠥᠩᠭᠡᠷᠡᠭᠡᠬᠦ ᠳᠤ | ᠪᠠᠶᠢᠭᠠᠯᠢ ᠶᠢᠨ ᠵᠢᠮ᠎ᠡ ᠬᠠᠤᠯᠢ ᠶᠢᠨ ᠬᠤᠪᠢᠷᠠᠯᠳᠠ ᠶᠢ ᠠᠵᠢᠭᠯᠠᠬᠤ ᠳᠤ | ᠵᠡᠭᠦᠨ ᠪᠠᠷᠠᠭᠤᠨ᠂ ᠬᠠᠪᠤᠷ ᠵᠤᠨ ᠨᠠᠮᠤᠷ ᠡᠪᠦᠯ | ᠣᠷᠣᠨ ᠵᠠᠢ ᠪᠠ ᠴᠠᠭ ᠮᠥᠴᠡ ᠢᠩᠭᠢᠵᠥ ᠲᠠᠭᠠᠷᠠᠯᠳᠤᠬᠤ ᠳᠤ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠠᠮᠤᠭ ᠤᠨ ᠰᠠᠶᠢᠬᠠᠨ ᠴᠠᠭ ᠮᠥᠴᠡ ᠬᠥᠷᠴᠥ ᠢᠷᠡᠳᠡᠭ᠃ | ᠥᠨᠥᠳᠥᠷ᠂ ᠪᠢᠳᠡ AI ᠶᠢ ᠳᠠᠭᠠᠵᠤ᠂ ᠲᠠᠷᠬᠠᠨ ᠮᠤᠤᠮᠢᠩᠭᠠᠨ ᠤ ᠳᠦᠷᠪᠡᠨ ᠤᠯᠠᠷᠢᠯ ᠤᠨ ᠦᠪᠡᠷᠮᠢᠴᠡ ᠭᠤᠸ᠎ᠠ | ᠦᠵᠡᠰᠭᠦᠯᠡᠩ ᠢ ᠡᠷᠢᠯᠬᠢᠯᠡᠶ᠎ᠡ︕ | ᠬᠠᠪᠤᠷ | | | | | ᠬᠠᠪᠤᠷ ᠤᠨ ᠤᠯᠠᠷᠢᠯ ᠳᠠᠬᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠮᠥᠰᠥ ᠴᠠᠰᠤ ᠬᠠᠶᠢᠯᠵᠤ᠂ | ᠲᠠᠯ᠎ᠠ ᠨᠤᠲᠤᠭ ᠠᠭᠠᠵᠢᠮ ᠢᠶᠠᠷ ᠰᠡᠷᠭᠦᠪᠡ᠃ ᠡᠨᠡ ᠪᠣᠯ ᠡᠬᠡ ᠪᠠᠶᠢᠭᠠᠯᠢ ᠪᠣᠯᠤᠨ ᠬᠥᠮᠦᠨ ᠲᠥᠷᠥᠯᠬᠢᠲᠡᠨ ᠤ ᠡᠶ᠎ᠡ | ᠵᠣᠬᠢᠴᠠᠯ ᠲᠠᠢ ᠬᠠᠮᠲᠤ ᠪᠠᠷ ᠣᠷᠣᠰᠢᠭᠰᠠᠨ ᠤ ᠬᠠᠮᠤᠭ ᠤᠨ ᠰᠠᠶᠢᠨ ᠭᠡᠷᠡᠴᠢ ᠮᠥᠨ᠂ ᠥᠩᠭᠡ ᠦᠵᠡᠮᠵᠢ ᠨᠢᠭᠡᠪᠦᠷᠢ ᠨᠢ | ᠴᠥᠮ ᠠᠮᠢ ᠨᠠᠰᠤᠨ ᠤ ᠵᠢᠮ᠎ᠡ ᠶᠣᠰᠣᠨ ᠤ ᠬᠥᠳᠡᠯᠦᠯ ᠬᠢᠭᠡᠳ ᠬᠦᠰᠡᠯ ᠡᠷᠡᠮᠡᠯᠵᠡᠯ ᠤᠨ ᠭᠡᠷᠡᠯ ᠭᠢᠯᠪᠠᠭ᠎ᠠ ᠪᠠᠳᠠᠷᠠᠵᠤ | ᠪᠠᠶᠢᠳᠠᠭ᠃ ᠠᠭᠤᠷ ᠠᠮᠢᠰᠬᠤᠯ ᠳᠣᠯᠠᠭᠠᠷᠠᠬᠤ ᠶᠢ ᠳᠠᠭᠠᠯᠳᠤᠨ᠂ ᠲᠠᠯ᠎ᠠ ᠨᠤᠲᠤᠭ ᠨᠣᠭᠤᠭᠠᠷᠠᠵᠤ᠂ ᠬᠡᠭᠡᠷ᠎ᠡ ᠶᠢᠨ | ᠴᠡᠴᠡᠭ ᠳᠡᠯᠭᠡᠷᠡᠨ᠂ ᠠᠮᠢᠵᠢᠷᠠᠯ ᠤᠨ ᠬᠦᠴᠦᠨ ᠢᠶᠠᠷ ᠪᠢᠯᠬᠠᠵᠤ᠂ ᠬᠠᠪᠤᠷ ᠤᠨ ᠥᠩᠭᠡ ᠦᠵᠡᠮᠵᠢ ᠰᠣᠯᠣᠩᠭᠠᠷᠠᠨ᠎ᠠ᠃ | ᠳᠤᠷᠠᠨ ᠬᠠᠷᠠᠭᠠᠨ ᠳᠠᠬᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠭᠤᠣᠯ ᠮᠥᠷᠡᠨ ᠴᠤ ᠡᠬᠢᠯᠡᠨ ᠬᠠᠶᠢᠯᠵᠤ | ᠂ ᠭᠤᠣᠯ ᠭᠤᠷᠤᠬ᠎ᠠ ᠭᠤᠷᠴᠢᠭᠢᠨᠠᠵᠤ᠂ ᠲᠠᠯ᠎ᠠ ᠨᠤᠲᠤᠭ ᠲᠤ ᠠᠮᠢᠳᠤᠯᠢᠭ ᠰᠠᠶᠢᠬᠠᠨ ᠥᠩᠭᠡ ᠦᠵᠡᠮᠵᠢ ᠶᠢ | ᠨᠡᠮᠡᠷᠢᠯᠡᠭᠰᠡᠨ ᠪᠠᠶᠢᠨ᠎ᠠ᠃ | ᠵᠤᠨ | | | | | | | ᠵᠤᠨ ᠤ ᠤᠯᠠᠷᠢᠯ ᠪᠣᠯ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠠᠮᠤᠭ ᠤᠨ ᠰᠠᠶᠢᠬᠠᠨ ᠤᠯᠠᠷᠢᠯ | ᠪᠣᠯᠤᠨ᠎ᠠ᠃ ᠡᠪᠡᠰᠥ ᠪᠡᠯᠴᠢᠭᠡᠷ ᠵᠦᠯᠭᠡᠷᠡᠵᠤ᠂ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠲᠡᠨᠢᠭᠡᠷ ᠠᠭᠤᠳᠠᠮ | ᠳᠠᠯᠠᠢ ᠮᠡᠳᠥ᠃ ᠬᠦᠬᠡ ᠲᠩᠷᠢ ᠴᠠᠭᠠᠨ ᠡᠭᠦᠯᠡᠨ ᠳᠣᠣᠷ᠎ᠠ᠂ ᠦᠬᠡᠷ ᠬᠤᠨᠢ ᠰᠦᠷᠦᠭᠯᠡᠵᠦ᠂ ᠮᠠᠯᠴᠢᠨ ᠬᠥᠮᠥᠨ ᠤ | ᠤᠶᠠᠩᠭᠠᠳᠥ ᠳᠠᠭᠤᠤ ᠬᠠᠩᠬᠢᠨᠠᠵᠤ᠂ ᠨᠢᠭᠡᠨ ᠭᠤᠶᠤ ᠰᠠᠶᠢᠬᠠᠨ ᠲᠠᠯ᠎ᠠ ᠨᠤᠲᠤᠭ ᠤᠨ ᠬᠠᠭᠤᠳᠠᠰᠤ ᠶᠢ | ᠪᠦᠷᠢᠯᠳᠦᠭᠦᠯᠦᠭᠰᠡᠨ ᠪᠠᠶᠢᠨ᠎ᠠ᠃ ᠵᠤᠨ ᠤ ᠤᠯᠠᠷᠢᠯ ᠤᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠭᠤᠷ | ᠠᠮᠢᠰᠬᠤᠯ ᠰᠡᠷᠢᠭᠦᠨ᠂ ᠵᠤᠰᠠᠯᠠᠩ ᠤᠨ ᠰᠠᠶᠢᠬᠠᠨ ᠭᠠᠵᠠᠷ ᠪᠣᠯᠤᠨ᠎ᠠ᠃ ᠥᠩᠭᠡ ᠢᠯᠭᠠᠷᠠᠭᠰᠠᠨ ᠬᠡᠭᠡᠷ᠎ᠡ ᠶᠢᠨ ᠴᠡᠴᠡᠭ᠂ | ᠬᠥᠬᠡ ᠣᠭᠲᠠᠷᠭᠤᠶ ᠨᠣᠭᠤᠭᠠᠨ ᠡᠪᠡᠰᠦ ᠨᠢ ᠲᠠᠯ᠎ᠠ ᠨᠤᠲᠤᠭ ᠤᠨ ᠭᠤᠶᠤ ᠰᠠᠶᠢᠬᠠᠨ ᠵᠢᠷᠤᠭ ᠢ ᠪᠥᠳᠥᠭᠡᠵᠥ᠂ | ᠬᠥᠮᠦᠰ ᠤᠨ ᠠᠩᠬᠠᠷᠤᠯ ᠢ ᠳᠠᠲᠠᠨ᠎ᠠ᠃ | ᠨᠠᠮᠤᠷ | | | | | ᠨᠠᠮᠤᠷ ᠤᠨ ᠤᠯᠠᠷᠢᠯ ᠳᠠᠬᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠨᠣᠭᠤᠭᠠᠨ ᠲᠠᠯ᠎ᠠ ᠠᠭᠠᠵᠢᠮ ᠢᠶᠠᠷ | ᠰᠢᠷᠠᠯᠠᠵᠤ᠂ ᠠᠯᠲᠠᠨ ᠰᠢᠷᠭᠠᠯ ᠦᠩᠭᠡ ᠲᠠᠢ ᠰᠦᠷᠯᠢᠭ ᠰᠠᠶᠢᠬᠠᠨ ᠦᠵᠡᠭᠳᠡᠯ ᠢᠯᠡᠷᠡᠪᠡ᠃ ᠲᠩᠷᠢ ᠲᠤᠯᠤᠮ᠎ᠠ ᠡᠭᠦᠯᠡ | ᠨᠢᠮᠭᠡᠨ᠂ ᠨᠠᠮᠤᠷ ᠤᠨ ᠰᠠᠯᠬᠢ ᠰᠡᠷᠢᠴᠢᠬᠢᠨᠡᠵᠥ᠂ ᠲᠠᠯ᠎ᠠ ᠨᠤᠲᠤᠭ ᠤᠨ ᠮᠠᠯᠴᠢᠳ ᠡᠯᠪᠡᠭ ᠬᠤᠷᠢᠶᠠᠯᠲᠠ ᠶᠢᠨ | ᠤᠯᠠᠷᠢᠯ ᠢᠶᠠᠨ ᠤᠭᠲᠤᠵᠤ᠂ ᠭᠠᠵᠠᠷ ᠪᠣᠯᠭᠠᠨ ᠳᠤ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠪᠢᠯᠬᠠᠨ᠎ᠠ᠃ ᠦᠬᠡᠷ | ᠬᠤᠨᠢ ᠲᠠᠷᠭᠤ ᠬᠥᠴᠦ ᠲᠠᠢ᠂ ᠮᠠᠯᠴᠢᠳ ᠡᠪᠡᠰᠦ ᠪᠣᠷᠳᠤᠭ᠎ᠠ ᠨᠥᠭᠡᠴᠡᠯᠵᠥ᠂ ᠡᠪᠥᠯ ᠢᠶᠠᠨ ᠥᠩᠭᠡᠷᠡᠭᠦᠯᠬᠦ ᠪᠠᠷ | ᠶᠠᠭᠠᠷᠠᠯᠳᠤᠨ᠎ᠠ᠃ ᠡᠨᠡ ᠦᠶ᠎ᠡ ᠶᠢᠨ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠲᠩᠷᠢ ᠨᠢ ᠴᠡᠯᠮᠡᠭ᠂ ᠲᠠᠯ᠎ᠠ | ᠨᠤᠲᠤᠭ ᠤᠨ ᠥᠩᠭᠡ ᠦᠵᠡᠮᠵᠢ ᠥᠨᠢᠷ ᠰᠠᠶᠢᠬᠠᠨ᠂ ᠶᠠᠭ ᠯᠠ ᠨᠢᠭᠡᠨ ᠲᠣᠰᠣᠨ ᠪᠤᠳᠤᠭ ᠤᠨ ᠵᠢᠷᠤᠭ ᠰᠢᠭ᠋᠂ | ᠬᠥᠮᠦᠰ ᠤᠨ ᠰᠡᠳᠬᠢᠯ ᠢ ᠠᠭᠤᠵᠢᠷᠠᠭᠤᠯᠤᠨ᠎ᠠ᠃ | ᠡᠪᠦᠯ | | | | | ᠡᠪᠦᠯ ᠤᠨ ᠤᠯᠠᠷᠢᠯ ᠳᠠᠬᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠲᠠᠯ᠎ᠠ ᠨᠤᠲᠤᠭ ᠵᠤᠵᠠᠭᠠᠨ | ᠴᠠᠰᠤᠨ ᠳᠤ ᠬᠤᠴᠢᠭᠳᠠᠵᠤ᠂ ᠮᠥᠩᠭᠦᠨ ᠴᠠᠭᠠᠨ ᠥᠩᠭᠡ ᠪᠠᠷ ᠪᠤᠳᠤᠭᠳᠠᠵᠤ᠂ ᠬᠥᠪᠡᠭᠡ ᠬᠢᠵᠠᠭᠠᠷ ᠨᠢ ᠬᠠᠷᠠᠭᠳᠠᠬᠤ | ᠦᠭᠡᠢ ᠴᠠᠭᠠᠨ ᠥᠩᠭᠡ ᠨᠢ ᠬᠡᠦᠬᠡᠳ ᠤᠨ ᠦᠯᠢᠭᠡᠷ ᠤᠨ ᠶᠢᠷᠲᠢᠨᠴᠦ ᠮᠡᠲᠦ᠃ ᠬᠡᠳᠥᠶᠢᠪᠡᠷ ᠬᠠᠬᠢᠷ ᠬᠦᠢᠲᠡᠨ | ᠪᠣᠯᠪᠠᠴᠤ ᠲᠠᠯ᠎ᠠ ᠨᠤᠲᠤᠭ ᠤᠨ ᠨᠠᠮ ᠵᠢᠮ ᠬᠥᠮᠥᠰ ᠲᠤ ᠬᠢᠵᠠᠭᠠᠯᠠᠰᠢ ᠦᠭᠡᠢ ᠠᠮᠤᠷ ᠳᠣᠭᠲᠠᠭᠤᠨ ᠢ ᠠᠪᠴᠢᠷᠠᠵᠤ | ᠥᠭᠴᠡᠢ᠃ ᠡᠨᠡ ᠦᠶ᠎ᠡ ᠳᠤ ᠮᠠᠯᠴᠢᠳ ᠤᠨ ᠠᠮᠢᠳᠤᠷᠠᠯ ᠤᠨ ᠠᠯᠬᠤᠭ᠎ᠠ ᠤᠳᠠᠭᠠᠨ ᠪᠣᠯᠵᠤ᠂ ᠦᠬᠡᠷ ᠬᠤᠨᠢ ᠴᠠᠰᠤᠨ | ᠳᠡᠭᠡᠷ᠎ᠡ ᠢᠳᠡᠰᠢᠯᠡᠨ᠂ ᠬᠥᠯ ᠤᠨ ᠮᠥᠷ ᠢᠶᠠᠨ ᠦᠯᠡᠳᠡᠭᠡᠵᠡᠶ᠃ ᠡᠪᠦᠯ ᠤᠨ ᠤᠯᠠᠷᠢᠯ ᠤᠨ ᠳᠠᠷᠬᠠᠨ ᠮᠤᠤᠮᠢᠩᠭᠠᠨ | ᠬᠤᠯᠪᠣᠭᠠᠲᠤ ᠬᠤᠰᠢᠭᠤ ᠬᠡᠳᠥᠶᠢᠪᠡᠷ ᠵᠤᠨ ᠤ ᠤᠯᠠᠷᠢᠯ ᠠᠴᠠ ᠦᠢᠮᠡᠭᠡᠨ ᠳᠡᠪᠵᠢᠶᠡᠨ ᠴᠥᠭᠡᠨ ᠪᠣᠯᠤᠭᠰᠠᠨ ᠪᠣᠯᠪᠠᠴᠤ | ᠨᠢᠭᠡ ᠬᠤᠪᠢ ᠨᠠᠮ ᠵᠢᠮ ᠪᠣᠯᠤᠨ ᠠᠮᠤᠷ ᠳᠤᠭᠲᠠᠭᠤᠨ ᠨᠡᠮᠡᠭᠳᠡᠵᠥ᠂ ᠶᠠᠭ ᠲᠠᠯ᠎ᠠ ᠨᠤᠲᠤᠭ ᠤᠨ ᠡᠪᠦᠯ ᠤᠨ | ᠡᠳᠦᠷ ᠤᠨ ᠭᠤᠶᠣ ᠰᠠᠢᠬᠠᠨ ᠢ ᠮᠡᠳᠡᠷᠡᠭᠦ ᠭᠤᠴᠤ ᠰᠠᠶᠢᠬᠠᠨ ᠴᠠᠭ ᠮᠥᠴᠡ ᠪᠣᠯᠣᠨ᠎ᠠ᠃ | ᠡᠨᠡ ᠬᠦ ᠠᠮᠢᠳᠤᠯᠢᠭ ᠥᠩᠭᠡ ᠦᠵᠡᠮᠵᠢ ᠨᠦᠭᠦᠳ ᠲᠤ᠂ ᠪᠢᠳᠡ ᠳᠠᠷᠬᠠᠨ ᠮᠤᠤᠮᠢᠩᠭᠠᠨ ᠬᠤᠯᠪᠣᠭᠠᠲᠤ | ᠬᠤᠰᠢᠭᠤᠨ ᠤ ᠳᠥᠷᠪᠡᠨ ᠤᠯᠠᠷᠢᠯ ᠤᠨ ᠬᠤᠪᠢᠷᠠᠯᠲᠠ ᠶᠢᠨ ᠪᠠᠶᠢᠭᠠᠯᠢ ᠶᠢᠨ ᠭᠤᠸ᠎ᠠ ᠰᠠᠶᠢᠬᠠᠨ ᠢ ᠣᠯᠵᠤ | ᠬᠠᠷᠠᠭᠰᠠᠨ ᠢᠶᠠᠷ ᠪᠠᠷᠠᠬᠤ ᠥᠬᠡᠶ᠂ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠲᠦᠮᠡᠨ ᠤ ᠰᠠᠶᠢᠨ | ᠰᠠᠶᠢᠬᠠᠨ ᠠᠮᠢᠳᠤᠷᠠᠯ ᠢ ᠬᠥᠭᠡᠭᠡᠴᠡᠯᠳᠦᠬᠦ ᠳᠤᠮᠳᠠᠬᠢ ᠴᠥᠬᠦᠷᠡᠰᠢ ᠥᠬᠡᠶ ᠴᠢᠷᠮᠠᠶᠢᠯᠭ᠎ᠠ ᠪᠠ ᠣᠯᠤᠭᠰᠠᠨ ᠡᠯᠪᠡᠭ | ᠪᠠᠶᠠᠯᠢᠭ ᠦᠷ᠎ᠡ ᠪᠦᠲᠦᠭᠡᠯ ᠢ ᠨᠠᠩ ᠭᠦᠨᠵᠡᠭᠡᠶ ᠣᠶᠢᠯᠠᠭᠠᠪᠠ᠃ ᠬᠠᠪᠤᠷ ᠤᠨ ᠠᠮᠢᠵᠢᠷᠠᠯ ᠤᠨ ᠬᠦᠴᠦᠨ ᠠᠴᠠ ᠵᠤᠨ ᠤ | ᠰᠠᠶᠢᠬᠠᠨ ᠥᠩᠭᠡ ᠦᠵᠡᠮᠵᠢ ᠬᠦᠷᠲᠡᠯ᠎ᠡ᠂ ᠠᠯᠲᠠᠨ ᠨᠠᠮᠤᠷ ᠤᠨ ᠡᠯᠪᠡᠭ ᠬᠤᠷᠢᠶᠠᠯᠳᠠ ᠠᠴᠠ ᠡᠪᠦᠯ ᠤᠨ ᠡᠳᠦᠷ ᠤᠨ | ᠮᠥᠩᠭᠦᠨ ᠬᠤᠶᠠᠭ ᠬᠦᠷᠲᠡᠯ᠎ᠡ᠂ ᠤᠯᠠᠷᠢᠯ ᠪᠤᠯᠭᠠᠨ ᠳᠤ ᠥᠪᠡᠷᠮᠢᠴᠡ ᠥᠩᠭᠡ ᠪᠤᠳᠤᠭ ᠪᠠ ᠦᠯᠢᠭᠡᠷ ᠵᠡᠭᠦᠳᠥ ᠲᠠᠢ᠃ | ᠬᠠᠪᠤᠷ ᠲᠤ ᠴᠡᠴᠡᠭ ᠤᠷᠭᠤᠵᠤ᠂ ᠨᠠᠮᠤᠷ ᠲᠤ ᠰᠠᠷ᠎ᠠ ᠳᠤᠯᠤᠶᠢᠵᠤ᠂ ᠵᠤᠨ ᠰᠡᠷᠢᠭᠦᠨ ᠦᠯᠢᠶᠡᠵᠥ᠂ ᠡᠪᠦᠯ | ᠴᠠᠰᠤ ᠮᠥᠰᠥᠨ ᠳᠤ ᠬᠤᠴᠢᠭᠳᠠᠨ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠳᠥᠷᠪᠡᠨ ᠴᠠᠭ ᠤᠨ ᠥᠩᠭᠡ ᠦᠵᠡᠮᠵᠢ ᠨᠢ ᠦᠨᠡᠭᠡᠷ | ᠬᠠᠶᠢᠷᠠᠯᠠᠯᠳᠡᠢ | ᠪᠢᠳᠡ ᠬᠠᠮᠲᠤ ᠪᠠᠷ | ᠬᠠᠪᠤᠷ ᠢ ᠤᠶᠠᠩᠭᠠᠯᠠᠵᠤ᠂ ᠵᠤᠨ ᠢ ᠰᠣᠨᠣᠰᠴᠤ᠂ ᠨᠠᠮᠤᠷ ᠢ ᠰᠢᠨᠵᠢᠵᠥ ᠂ ᠡᠪᠥᠯ ᠢ ᠰᠣᠨᠢᠷᠬᠠᠵᠤ | ᠲᠠᠷᠬᠠᠨ ᠮᠤᠤᠮᠢᠩᠭᠠᠨ ᠤ ᠲᠦᠷᠪᠡᠨ ᠴᠠᠭ ᠤᠨ ᠥᠩᠭᠡ ᠦᠵᠡᠮᠵᠢ ᠶᠢ ᠮᠠᠭᠳᠠᠨ ᠳᠠᠭᠤᠯᠠᠶ᠎ᠠ᠃ | |