ᠬᠦᠭᠵᠢᠶᠡᠨ ᠨᠠᠷᠭᠢᠶᠠᠨ ᠲᠠᠢ ︽ᠭᠠᠴᠠᠭᠠᠨ ᠤ ᠰᠢᠭᠰᠢᠶ᠎ᠡ︾ ᠮᠣᠷᠢᠨ ᠤᠷᠤᠯᠳᠤᠭᠠᠨ ᠬᠥᠷᠴᠥ ᠢᠷᠡᠬᠦ | ᠲᠠᠰᠢᠷᠠᠮ ᠢᠶᠠᠷ ᠬᠡᠦᠬᠡᠳ ᠤᠨ ᠵᠦᠵᠦᠭᠡ ᠰᠣᠨᠢᠷᠬᠠᠵᠤ | ᠡᠨᠡ ᠭᠠᠷᠠᠭ ᠤᠨ ᠡᠴᠥᠰ ᠢᠶᠠᠨ ᠭᠤᠶᠤ ᠥᠩᠭᠡᠷᠡᠭᠦᠯᠥᠶᠡ | ᠳᠣᠮᠤᠴᠤᠤᠯ ᠮᠤᠷᠢ ᠤᠷᠤᠯᠳᠤᠬᠤ ᠲᠠᠯᠠᠪᠠᠢ ᠳᠤ ᠬᠤᠷᠳᠤᠴᠠ ᠪᠤᠯᠤᠨ ᠤᠷᠮ᠎ᠠ ᠰᠡᠳᠬᠢᠯᠭᠡ ᠶᠢ ᠮᠡᠳᠡᠷᠡᠵᠦ | ᠪᠢᠴᠢᠬᠠᠨ ᠨᠠᠶᠢᠵᠠ ᠨᠠᠷ ᠴᠦ ᠬᠡᠤᠬᠡᠳ ᠤᠨ ᠵᠦᠴᠦᠬᠡ ᠶᠢᠨ ᠲᠤᠭᠯᠠᠯᠳᠠ ᠠᠴᠠ ᠦᠪᠡᠷ ᠤᠨ ᠬᠡᠰᠡᠨ ᠪᠠᠶᠠᠷ | ᠪᠠᠶᠠᠰᠬᠤᠯᠠᠩᠳᠤ ᠤᠷᠤᠨ ᠵᠠᠢ ᠪᠠᠨ ᠣᠯᠵᠤ | ᠬᠥᠭᠡᠷᠦᠬᠦᠨ ᠳᠦᠷᠢ᠂ ᠰᠣᠨᠢᠷᠬᠠᠯᠲᠠᠢ ᠦᠢᠯᠡ ᠶᠠᠪᠤᠳᠠᠯ ᠢᠶᠠᠷ | ᠪᠢᠴᠢᠬᠠᠨ ᠨᠠᠶᠢᠵᠠ ᠨᠠᠷ ᠢ ᠵᠡᠭᠦᠳᠦ ᠵᠡᠷᠭᠡᠯᠭᠡᠨ ᠮᠡᠳᠥ ᠬᠡᠦᠬᠡᠳ ᠤᠨ ᠦᠯᠢᠭᠡᠷ ᠤᠨ ᠶᠢᠷᠲᠢᠨᠴᠦ ᠳᠤ | ᠣᠷᠣᠭᠤᠯᠬᠤ ᠪᠣᠯᠣᠨ᠎ᠠ | ︽ᠴᠠᠰᠤᠳᠤ ᠴᠠᠭᠠᠨ ᠭᠦᠩᠵᠦ︾ | ᠴᠠᠭ᠄ 4 ᠰᠠᠷ᠎ᠠ ᠶᠢᠨ 18 ᠤ ᠣᠷᠣᠢ ᠶᠢᠨ 19᠄ 00 | ᠭᠠᠵᠠᠷ᠄ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠣᠭᠯᠠᠯᠲᠠ ᠶᠢᠨ ᠲᠥᠪ ︵ᠲᠠᠯ᠎ᠠ ᠨᠤᠲᠤᠭ ᠤᠨ | ᠸᠢᠶᠧᠨᠠ︶ | ᠠᠭᠤᠯᠭ᠎ᠠ᠄ ᠬᠡᠦᠬᠡᠳ ᠤᠨ ᠵᠦᠴᠦᠭᠡ ︽ᠴᠠᠰᠤᠳᠤ ᠴᠠᠭᠠᠨ ᠭᠦᠩᠵᠦ︾ ᠨᠢ ᠰᠣᠩᠭᠤᠳᠠᠭ ᠬᠡᠦᠬᠡᠳ ᠤᠨ | ᠦᠯᠢᠭᠡᠷ ᠤᠨ ᠰᠠᠭᠤᠷᠢᠨ ᠳᠡᠭᠡᠷ᠎ᠡ ᠵᠣᠷᠢᠭᠲᠠᠢ ᠪᠠᠷ ᠰᠢᠨ᠎ᠡ ᠶᠢ ᠡᠭᠦᠳᠴᠦ᠂ ᠪᠥᠭᠦ ᠰᠡᠳᠬᠢᠯ ᠢᠶᠠᠷ ᠬᠥᠳᠡᠯᠥᠯᠴᠡᠭᠦ | ᠮᠠᠶ᠋ᠢᠭ ᠢᠶᠠᠷ ᠳᠠᠮᠵᠢᠨ᠂ ᠬᠡᠦᠬᠡᠳ ᠤᠳ ᠲᠤ ᠨᠢᠭᠡ ᠤᠳᠠᠭᠠᠨ ᠤ ᠭᠠᠶᠢᠬᠠᠮᠰᠢᠭᠳᠤ ᠤᠷᠠᠯᠢᠭ ᠤᠨ ᠠᠶᠠᠯᠠᠯ ᠠᠪᠴᠢᠷᠠᠬᠤ | ᠪᠣᠯᠣᠨ᠎ᠠ᠃ ᠵᠦᠴᠦᠭᠡ ᠶᠢᠨ ᠳᠣᠲᠣᠷ᠎ᠠ ᠴᠠᠰᠤᠳᠤ ᠴᠠᠭᠠᠨ ᠭᠦᠩᠵᠦ ᠰᠠᠶᠢᠨ ᠰᠠᠶᠢᠬᠠᠨ ᠤᠭ ᠰᠠᠨᠠᠭ᠎ᠠ ᠪᠠᠨ ᠪᠠᠲᠤ | ᠰᠠᠬᠢᠵᠤ᠂ ᠳᠣᠯᠣᠭᠠᠨ ᠣᠳᠣᠢ ᠬᠥᠮᠦᠨ ᠲᠠᠢ ᠭᠠᠷ ᠬᠤᠯᠪᠤᠯᠴᠠᠨ ᠬᠠᠷᠢᠶᠠᠯ ᠢ ᠢᠯᠠᠨ ᠲᠠᠪᠠᠭᠰᠠᠨ ᠦᠰᠦᠨ | ᠪᠦᠵᠢᠯᠲᠠ ᠶᠢᠨ ᠦᠯᠢᠭᠡᠷ ᠢᠶᠠᠷ ᠦᠨᠡᠨ ᠴᠠᠶᠢᠯᠭᠠᠨ ᠭᠤᠶᠤ ᠠᠭᠤᠯᠤᠭᠳᠠᠬᠤᠨ ᠢ ᠠᠮᠢᠳᠤᠯᠢᠭ ᠢᠶᠠᠷ ᠲᠠᠶᠢᠯᠪᠤᠷᠢᠯᠠᠵᠤ᠂ | ᠣᠯᠠᠨ ᠤ ᠠᠩᠬᠠᠷᠣᠯ ᠢ ᠲᠠᠲᠠᠪᠠ᠃ | ︽ᠭᠤᠷᠪᠠᠨ ᠳᠣᠷᠤᠢ︾ | ᠴᠠᠭ᠄ 4 ᠰᠠᠷ᠎ᠠ ᠶᠢᠨ 19 ᠤ ᠡᠳᠦᠷ ᠤᠨ ᠤᠷᠤᠢ ᠶᠢᠨ 19᠄ 00 | ᠭᠠᠵᠠᠷ᠄ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠲᠣᠭᠯᠠᠯᠲᠠ ᠶᠢᠨ ᠲᠥᠪ ︵ᠲᠠᠯ᠎ᠠ ᠨᠤᠲᠤᠭ ᠤᠨ | ᠸᠢᠶᠧᠨᠠ︶ | ᠠᠭᠤᠯᠭ᠎ᠠ᠄ ᠬᠡᠦᠬᠡᠳ ᠤᠨ ᠵᠦᠴᠦᠭᠡ ︽ᠭᠤᠷᠪᠠᠨ ᠳᠣᠷᠤᠢ︾ ᠪᠣᠯ ᠣᠯᠠᠨ ᠪᠥᠭᠦᠳᠡ ᠶᠢᠨ ᠮᠡᠳᠡᠳᠡᠭ | ᠰᠣᠩᠭᠤᠳᠠᠭ ᠶᠣᠭᠲᠠ ᠦᠯᠢᠭᠡᠷ ᠪᠣᠯᠤᠨ᠎ᠠ᠂ ᠣᠢ ᠳᠣᠲᠣᠷ᠎ᠠ ᠭᠠᠭ᠋ᠠᠢ ᠡᠵᠢ ᠪᠣᠯᠤᠨ ᠭᠤᠷᠪᠠᠨ ᠳᠣᠷᠣᠢ ᠠᠮᠢᠳᠤᠷᠠᠵᠤ᠂ | ᠬᠠᠷᠭᠢᠰ ᠬᠡᠷᠴᠡᠭᠡᠢ ᠬᠥᠬᠡ ᠴᠢᠨ᠋ᠸ᠎ᠠ ᠪᠣᠯᠤᠨ ᠬᠤᠯᠵᠢᠨ ᠦᠨᠡᠭᠡ ᠵᠠᠪᠰᠢᠶᠠᠨ ᠣᠯᠵᠤ ᠲᠡᠲᠡᠨ ᠢ ᠢᠳᠡᠬᠦ ᠪᠠᠷ ᠴᠢᠷᠮᠠᠶᠢᠵᠠᠢ | ᠃ ᠭᠠᠭ᠋ᠠᠶ ᠡᠵᠢ ᠭᠤᠷᠪᠠᠨ ᠳᠣᠷᠤᠢ ᠶᠢᠨ ᠪᠡᠶ᠎ᠡ ᠪᠠᠨ ᠳᠠᠭᠠᠭᠠᠬᠤ ᠴᠢᠳᠠᠪᠤᠷᠢ ᠶᠢ ᠪᠣᠯᠪᠠᠰᠤᠷᠠᠭᠤᠯᠵᠤ᠂ ᠲᠡᠳᠡᠨ ᠤ | ᠠᠵᠢᠯᠴᠢ ᠬᠥᠳᠡᠯᠮᠦᠷᠢᠴᠢ ᠵᠠᠩ ᠴᠢᠨᠠᠷ ᠢ ᠬᠥᠮᠥᠵᠢᠭᠦᠯᠬᠦ ᠶᠢᠨ ᠲᠥᠯᠥᠭᠡ᠂ ᠭᠤᠷᠪᠠᠨ ᠳᠣᠷᠤᠢ ᠶᠢ ᠥᠪᠡᠷ ᠥᠪᠡᠷ ᠢᠶᠠᠷ | ᠨᠢ ᠭᠡᠷ ᠢ ᠨᠢ ᠪᠠᠷᠢᠭᠤᠯᠬᠤ ᠪᠠᠷ ᠪᠤᠯᠵᠠᠢ᠃ ᠬᠥᠬᠡ ᠴᠢᠨ᠋ᠸ᠎ᠠ ᠨᠢᠭᠡᠳᠥᠭᠡᠷ ᠳᠣᠷᠣᠢ ᠶᠢᠨ ᠡᠪᠡᠰᠤᠨ ᠭᠡᠷ ᠢ ᠬᠡᠶᠢᠰᠭᠡᠵᠥ᠂ | ᠬᠤᠶᠠᠳᠤᠭᠠᠷ ᠳᠣᠷᠤᠢ ᠶᠢᠨ ᠮᠣᠳᠤᠨ ᠭᠡᠷ ᠢ ᠰᠢᠲᠠᠭᠠᠵᠤ᠂ ᠭᠤᠷᠪᠠᠳᠤᠭᠠᠷ ᠳᠣᠷᠤᠢ ᠶᠢᠨ ᠴᠢᠯᠠᠭᠤᠨ ᠭᠡᠷ ᠨᠢ ᠬᠥᠬᠡ | ᠴᠢᠨ᠋ᠸ᠎ᠠ ᠪᠣᠯᠤᠨ ᠦᠨᠡᠭᠡ ᠶᠢ ᠬᠤᠷᠢᠭᠯᠠᠵᠤ ᠲᠠᠶᠢᠯᠤᠨ᠂ ᠡᠴᠦᠰ ᠲᠡᠭᠡᠨ ᠠᠩᠴᠢᠨ ᠢᠷᠡᠵᠦ ᠬᠥᠬᠡ ᠴᠢᠨ᠋ᠸ᠎ᠠ ᠪᠣᠯᠤᠨ | ᠦᠨᠡᠭᠡ ᠶᠢ ᠶᠠᠯᠠᠯᠠᠨ ᠰᠢᠢᠳᠭᠡᠵᠡᠢ᠃ | ᠳᠣᠮᠤᠴᠤᠤᠯ ᠪᠠ ᠪᠢᠴᠢᠬᠠᠨ ᠨᠠᠶᠢᠵᠠ ᠨᠠᠷ | ᠲᠠᠷᠬᠠᠨ ᠮᠤᠤᠮᠢᠩᠭᠠᠨ ᠳᠤ ᠢᠷᠡᠵᠥ | ᠭᠠᠷᠠᠭ ᠤᠨ ᠡᠴᠥᠰ ᠢᠶᠠᠨ ᠭᠡᠷ ᠪᠥᠯᠢ ᠪᠠᠷ ᠢᠶᠠᠨ ᠰᠠᠶᠢᠬᠠᠨ ᠥᠩᠭᠡᠷᠡᠭᠦᠯᠥᠶᠡ | |