AI ᠲᠠᠯ᠎ᠠ ᠨᠤᠲᠤᠭ ᠤᠨ ᠭᠡᠷᠡᠯᠲᠦ ᠰᠤᠪᠤᠳ ᠲᠠᠢ ᠠᠭᠤᠯᠵᠠᠭᠠᠳ ᠶᠠᠮᠠᠷ ᠭᠠᠯ ᠤᠨ ᠣᠴᠢ ᠡᠭᠦᠰᠳᠡᠭ ᠪᠣᠢ᠃ | ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠬᠠᠮ ᠵᠠᠭᠤᠴᠢᠯᠠᠭᠤᠷ ᠤᠨ ᠲᠥᠪ ︽AI ᠳᠠᠷᠬᠠᠨ | ᠮᠤᠤᠮᠢᠩᠭᠠᠨ ᠢ ᠳᠠᠭᠤᠯᠠᠵᠤ · AI ᠳᠠᠷᠬᠠᠨ ᠮᠤᠤᠮᠢᠩᠭᠠᠨ ᠢ ᠵᠢᠷᠤᠭᠯᠠᠬᠤ︾ ᠶᠢ ᠣᠨᠴᠠᠭᠠᠶᠢᠯᠠᠨ ᠲᠦᠯᠦᠪᠯᠡᠨ | ᠬᠦᠴᠦᠯᠡᠨ ᠦᠢᠯᠡᠳᠴᠦ᠂ ᠡᠮᠦᠨ᠎ᠡ ᠵᠠᠬ᠎ᠠ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢᠶᠠᠷ ᠨᠤᠲᠤᠭ ᠤᠰᠤᠨ ᠤ | ᠭᠤᠸ᠎ᠠ ᠰᠠᠢᠬᠠᠨ ᠢ ᠲᠠᠶᠢᠯᠪᠦᠷᠢᠯᠠᠪᠠ᠃ | ᠠᠳᠡ AI ᠪᠣᠯ ᠪᠢᠳᠡᠨ ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠪᠠᠭᠠᠵᠢ ᠪᠣᠯᠬᠤ ᠪᠠᠷ ᠪᠠᠷᠠᠬᠤ | ᠦᠭᠡᠢ᠂ ᠨᠡᠩ ᠴᠦ ᠨᠤᠲᠤᠭ ᠤᠰᠤᠨ ᠤ ᠬᠠᠶᠢᠷ᠎ᠠ ᠰᠡᠳᠭᠢᠯᠭᠡ ᠶᠢ ᠢᠯᠡᠳᠭᠡᠬᠦ ᠰᠢᠨ᠎ᠡ ᠠᠴᠢᠶᠠᠯᠠᠪᠤᠷᠢ ᠪᠣᠯᠤᠨ᠎ᠠ᠃ | AI᠂ ᠲᠤᠤ ᠮᠠ ᠭᠧᠦ ᠶᠢᠨ ᠲᠠᠷᠢᠶᠠᠴᠢᠨ ᠠᠶᠢᠯ ᠤᠨ ᠲᠣᠭᠤᠭᠠᠨ ᠭᠡᠷ ᠤᠨ ᠤᠲᠤᠭ᠎ᠠ᠂ ᠰᠢᠯᠦᠭ ᠵᠢᠷᠤᠭ | ᠲᠠᠯ᠎ᠠ ᠨᠤᠲᠤᠭ ᠤᠨ ᠥᠷᠯᠥᠭᠡ ᠶᠢᠨ ᠮᠠᠨᠠᠨ᠂ ᠰᠢᠷᠠᠮᠦᠷᠡᠨ ᠤ ᠣᠳᠣᠨ ᠣᠭᠲᠠᠷᠭᠤᠢ ᠶᠢ ᠪᠦᠷ ᠤᠷᠤᠰᠬᠤ ᠮᠤᠨᠲ᠋ᠠᠵᠢ | ᠪᠣᠯᠭᠠᠨ ᠬᠤᠪᠢᠷᠠᠭᠤᠯᠪᠠ᠃ | ᠪᠢᠳᠡ ᠬᠠᠮᠲᠤ ᠪᠠᠷ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠭᠡᠷᠡᠯ ᠭᠢᠯᠪᠠᠭ᠎ᠠ ᠶᠢ ᠬᠡᠷᠡᠭᠯᠡᠵᠦ᠂ ᠨᠤᠲᠤᠭ | ᠣᠷᠣᠨ ᠤ ᠪᠠᠨ ᠰᠠᠶᠢᠬᠠᠨ ᠢ ᠳᠠᠬᠢᠨ ᠲᠠᠨᠢᠵᠤ᠂ ᠬᠠᠮᠲᠤ ᠪᠠᠷ ᠹᠠᠨ ᠭᠤᠣ ᠶᠢᠨ ᠪᠢᠷ ᠤᠨ ᠳᠣᠣᠷᠠᠬᠢ ᠳᠠᠷᠬᠠᠨ | ᠮᠤᠤᠮᠢᠩᠭᠠᠨ ᠢ ᠦᠵᠡᠶ᠎ᠡ᠃ | ᠬᠡᠤᠬᠡᠨ ᠠᠭᠤᠯᠠᠨ ᠳᠤ᠂ ᠪᠠᠲᠤᠬᠠᠭᠠᠯᠭ᠎ᠠ ᠶᠢᠨ ᠶᠠᠫᠣᠨ ᠢ ᠡᠰᠡᠷᠭᠦᠴᠡᠬᠦ ᠵᠡᠪᠰᠡᠭᠲᠦ ᠪᠣᠰᠣᠯᠭ᠎ᠠ ᠶᠢᠨ | ᠳᠤᠷᠠᠰᠬᠠᠯ ᠤᠨ ᠬᠥᠰᠢᠶ᠎ᠡ ᠰᠦᠨᠳᠡᠷᠯᠡᠵᠦ ᠪᠠᠶᠢᠯ᠎ᠠ᠃ ᠡᠨᠡ ᠬᠦ ᠥᠷᠯᠥᠭ ᠬᠥᠰᠢᠶ᠎ᠡ ᠨᠢ 1936 ᠣᠨ ᠤ ᠡᠯ᠎ᠡ | ᠦᠨᠳᠦᠰᠦᠲᠡᠨ ᠨᠦᠭᠦᠳ ᠤᠨ ᠠᠷᠠᠳ ᠲᠦᠮᠡᠨ ᠤ ᠶᠠᠫᠣᠨ ᠢ ᠡᠰᠡᠷᠭᠦᠴᠡᠬᠦ ᠪᠠᠭᠠᠲᠤᠷᠯᠢᠭ ᠦᠢᠯᠡ ᠠᠵᠢᠯᠯᠠᠭ᠎ᠠ ᠶᠢ | ᠴᠡᠭᠡᠵᠢᠯᠡᠵᠦ᠂ AI ᠨᠢ ᠹᠠᠨ ᠭᠤᠤ ᠶᠢᠨ ᠪᠢᠴᠢᠯᠭᠡ ᠶᠢ ᠳᠠᠬᠢᠨ ᠰᠡᠶᠢᠯᠦᠭᠰᠡᠨ ᠢᠶᠠᠷ ᠪᠠᠷᠠᠬᠤ ᠦᠭᠡᠢ᠂ ᠨᠡᠩ ᠴᠤ | ᠳᠠᠷᠬᠠᠨ ᠮᠤᠤᠮᠢᠩᠭᠠᠨ ᠤ ᠲᠠᠯ᠎ᠠ ᠨᠤᠲᠤᠭ ᠲᠤ ᠥᠨᠢ ᠡᠭᠦᠷᠢᠳᠡ ᠶᠢᠨ ᠪᠠᠭᠠᠲᠤᠷᠯᠢᠭ ᠰᠢᠯᠦᠭ ᠣᠷᠣᠭᠤᠯᠵᠠᠢ᠃ | AI ᠨᠢ ᠹᠠᠨ ᠭᠤᠣ ᠶᠢᠨ ᠥᠳᠭᠡᠨ ᠦᠩᠭᠡᠲᠡᠢ ᠪᠢᠴᠢᠯᠭᠡ ᠶᠢ ᠰᠢᠷᠠᠮᠦᠷᠡᠨ ᠲᠠᠯ᠎ᠠ ᠨᠤᠲᠤᠭ ᠲᠤ ᠣᠷᠣᠭᠤᠯᠵᠣ᠂ | AI ᠥᠩᠭᠡ ᠪᠣᠳᠤᠭ ᠤᠨ ᠠᠷᠭ᠎ᠠ ᠪᠠᠷ ᠠᠳᠤᠭᠤᠨ ᠰᠦᠷᠦᠭ ᠤᠨ ᠳᠠᠪᠬᠢᠬᠤ ᠬᠥᠭ ᠠᠶᠠᠰ ᠢ ᠳᠠᠬᠢᠨ ᠪᠠᠢᠭᠤᠯᠵᠤ᠂ | ᠳᠠᠷᠬᠠᠨ ᠮᠤᠤᠮᠢᠩᠭᠠᠨ ᠤ ᠳᠣᠮᠤᠭ ᠶᠠᠷᠢᠶ᠎ᠠ ᠶᠢ ᠳᠦᠷᠰᠦ ᠰᠢᠩᠭᠡᠭᠡᠯᠲᠡ ᠪᠣᠯᠣᠨ ᠲᠣᠰᠣᠨ ᠪᠣᠳᠤᠭ ᠤᠨ ᠳᠤᠮᠳᠠ ᠳᠠᠬᠢᠨ | ᠠᠮᠢᠯᠠᠭᠤᠯᠪᠠ᠃ | AI ᠲᠣᠯᠪᠣᠲᠤ ᠬᠤᠲᠠ ᠶᠢᠨ ᠬᠡᠷᠡᠮ ᠢ ᠲᠣᠭᠠᠴᠢᠯᠠᠭᠰᠠᠨ ᠵᠢᠷᠤᠭ ᠳᠡᠭᠡᠷ᠎ᠡ ᠨᠠᠷᠠᠨ ᠬᠤᠸᠠᠷ ᠤᠨ ᠮᠡᠲᠦ | ᠠᠮᠢᠵᠢᠷᠠᠯ ᠤᠨ ᠬᠦᠴᠦᠨ ᠲᠠᠢ ᠪᠣᠯᠭᠠᠵᠤ᠂ ᠰᠢᠷᠣᠢ ᠳᠤ ᠬᠠᠩᠳᠠᠭᠰᠠᠨ ᠣᠷᠣᠮ ᠨᠢᠭᠡᠪᠦᠷᠢ ᠨᠢ ᠴᠥᠮ ᠦᠰᠦᠷᠦᠩᠭᠦᠢ | ᠲᠡᠦᠬᠡ ᠶᠢᠨ ᠱᠤᠭᠤᠮ ᠪᠣᠯᠵᠤ᠂ ᠳᠠᠷᠤᠭ᠎ᠠ ᠪᠠᠶᠢᠯᠳᠣᠭᠴᠢ ᠶᠢᠨ ᠤᠯᠠ ᠮᠥᠷ ᠢ ᠠᠯᠲᠠᠨ ᠥᠩᠭᠡ ᠶᠢᠨ ᠮᠥᠷ ᠪᠣᠯᠭᠠᠵᠤ | ᠂ ᠤᠨᠲᠠᠯᠭ᠎ᠠ ᠶᠢᠨ ᠬᠠᠵᠠᠭᠤ ᠶᠢᠨ ᠬᠡᠷᠡᠮ ᠢ ᠰᠭᠤᠭᠳᠠᠯ ᠤᠨ ᠪᠦᠯᠦᠭ ᠤᠨ ᠪᠢᠴᠢᠯᠭᠡ ᠳᠤᠮᠳᠠ ᠰᠡᠷᠬᠦᠪᠡ᠃ | ᠤᠯᠠᠭᠠᠨ ᠳᠠᠪᠬᠤᠷᠭ᠎ᠠ ᠶᠢᠨ ᠭᠠᠵᠠᠷ ᠤᠨ ᠭᠠᠳᠠᠷᠭᠤ ᠶᠢᠨ ᠠᠳᠣᠷᠢᠯ ᠳᠤ 7000 ᠵᠢᠯ ᠤᠨ ᠬᠠᠳᠠᠨ | ᠵᠢᠷᠤᠭ ᠤᠨ ᠨᠢᠭᠤᠴᠠ ᠺᠣᠳ᠋ ᠨᠢᠭᠤᠭᠳᠠᠵᠤ᠂ AI ᠨᠢ ᠡᠷᠲᠡᠨ ᠤ ᠵᠢᠷᠤᠭ ᠲᠤ ᠰᠢᠷᠪᠢᠯᠲᠡ ᠬᠢᠵᠦ᠂ ᠬᠦᠷᠡᠯ ᠴᠠᠭ | ᠦᠶ᠎ᠡ ᠶᠢᠨ ᠨᠡᠭᠦᠳᠡᠯᠴᠢᠨ ᠪᠣᠯᠤᠨ ᠣᠳᠣᠨ ᠭᠠᠷᠠᠭ ᠤᠨ ᠬᠤᠭᠤᠷᠣᠨᠳᠣᠬᠢ ᠶᠠᠷᠢᠶ᠎ᠠ ᠬᠡᠯᠡᠯᠴᠡᠭᠡ ᠶᠢ ᠲᠠᠢᠯᠬᠤ ᠪᠣᠯᠤᠨ᠎ᠠ᠃ | ᠣᠳᠣᠨ ᠣᠭᠲᠠᠷᠭᠤᠢ ᠶᠢᠨ ᠠᠵᠢᠭᠯᠠᠯᠲᠠ ᠶᠢᠨ ᠥᠷᠲᠡᠭᠡ ᠪᠣᠯᠤᠨ ᠬᠠᠳᠠᠨ ᠵᠢᠷᠤᠭ ᠣᠭᠲᠠᠷᠭᠤᠢ ᠶᠢᠨ ᠨᠦᠬᠡᠨ ᠵᠠᠮ | ᠪᠣᠯᠵᠤ᠂ ᠨᠢᠭᠤᠷ ᠪᠦᠷᠢ ᠬᠠᠳᠠᠨ ᠵᠢᠷᠤᠭ ᠨᠢ ᠴᠦᠮ ᠳᠡᠯᠡᠬᠡᠢ ᠶᠢᠨ ᠪᠥᠮᠪᠥᠷᠴᠡᠭ ᠤᠨ ᠯᠤᠭᠱᠢᠭᠤᠨ ᠰᠢᠯᠦᠭ ᠢ ᠶᠠᠷᠢᠵᠤ | ᠪᠠᠶᠢᠨ᠎ᠠ᠃ | AI ᠡᠷᠭᠢᠯᠳᠦᠭᠡ ᠪᠢᠴᠢᠯᠭᠡ ᠪᠠᠷ ᠨᠠᠭᠠᠳᠤᠮ ᠤᠨ ᠶᠡᠭᠡ ᠬᠤᠷᠠᠯ ᠢ ᠳᠠᠬᠢᠨ ᠢᠯᠡᠷᠡᠭᠰᠡᠨ ᠭᠱᠠᠨ ᠵᠠᠭᠤᠷ᠎ᠠ᠂ | ᠡᠬᠢᠯᠡᠯᠲᠡ ᠶᠢᠨ ᠶᠣᠰᠣᠯᠠᠯ ᠤᠨ ᠤᠭᠲᠤᠬᠤ ᠪᠥᠵᠢᠭ ᠤᠨ ᠬᠡᠯᠪᠡᠷᠢ ᠨᠢ ᠵᠢᠷᠤᠭ ᠤᠨ ᠪᠥᠰ ᠳᠡᠭᠡᠷ᠎ᠡ ᠥᠩᠭᠡ | ᠢᠯᠭᠠᠷᠠᠮ᠎ᠠ ᠭᠢᠯᠠᠯᠵᠠᠵᠤ᠂ ᠤᠯᠠᠮᠵᠢᠯᠠᠯᠲᠤ ᠥᠪᠡᠳᠡᠭᠰᠢ ᠴᠤᠭᠯᠠᠭᠠᠨ ᠨᠢ ᠡᠭᠦᠨ ᠠᠴᠠ ᠪᠣᠯᠵᠤ ᠴᠠᠭ ᠣᠷᠣᠨ ᠵᠠᠢ | ᠠᠯᠤᠰᠯᠠᠭᠰᠠᠨ ᠤᠷᠠᠯᠢᠭ ᠤᠨ ᠰᠢᠨ᠎ᠡ ᠰᠤᠷᠤᠭᠴᠢ ᠶᠢ ᠣᠯᠪᠠ᠃ | ᠠᠪᠣᠭᠠᠢ ᠭᠤᠣᠯ ᠨᠢ ᠳᠠᠷᠬᠠᠨ ᠮᠤᠤᠮᠢᠩᠭᠠᠨ ᠤ ᠲᠠᠯ᠎ᠠ ᠨᠤᠲᠤᠭ ᠢᠶᠠᠷ ᠤᠷᠤᠰᠴᠤ᠂ ᠶᠠᠭ ᠯᠠ ᠴᠡᠩᠬᠡᠷ ᠬᠥᠬᠡ | ᠲᠣᠷᠭᠠᠨ ᠪᠦᠰᠡ ᠮᠡᠲᠦ᠂ ᠹᠠᠨ ᠭᠤᠤ ᠶᠢᠨ ᠬᠡᠪ ᠨᠠᠮᠪᠠ ᠪᠦᠬᠦᠢ ᠪᠢᠴᠢᠯᠭᠡ ᠳᠤᠤᠷ᠎ᠠ᠂ ᠭᠤᠣᠯ ᠤᠨ ᠤᠰᠤ ᠨᠢ | ᠭᠢᠯᠠᠯᠵᠠᠵᠤ ᠪᠠᠶᠢᠭ᠎ᠠ ᠠᠯᠲᠠᠨ ᠲᠣᠯᠪᠤ ᠮᠡᠲᠦ᠂ ᠭᠤᠣᠯ ᠤᠨ ᠭᠠᠳᠠᠷᠭᠤ ᠨᠢ ᠬᠠᠷᠠᠪᠲᠤᠷ ᠬᠥᠬᠡ ᠪᠣᠯᠤᠨ ᠾᠷᠣᠮ ᠰᠢᠷ᠎ᠠ | ᠰᠢᠷᠦᠭᠦᠨ ᠪᠢᠴᠢᠯᠭᠡ ᠪᠠᠷ ᠪᠢᠯᠬᠠᠵᠤ᠂ ᠳᠠᠷᠬᠠᠨ ᠮᠤᠤᠮᠢᠩᠭᠠᠨ ᠤ ᠲᠠᠯ᠎ᠠ ᠨᠤᠲᠤᠭ ᠤᠨ ᠰᠥᠨᠢ ᠶᠢ ᠤᠷᠤᠰᠬᠤ ᠭᠠᠯ ᠤᠨ | ᠳᠥᠯᠥ ᠪᠣᠯᠭᠠᠨ ᠨᠤᠴᠤᠭᠠᠵᠠᠢ᠃ | ᠣᠯᠠᠨ ᠰᠤᠮᠤᠨ ᠤ ᠡᠷᠲᠡᠨ ᠤ ᠬᠤᠲᠠ ᠹᠠᠨ ᠭᠤᠣ ᠶᠢᠨ ᠬᠡᠪ ᠨᠠᠮᠪᠠ ᠶᠢᠨ ᠦᠵᠡᠭᠦᠯᠦᠯᠭᠡ ᠳᠣᠣᠷ᠎ᠠ᠂ ᠠᠯᠠᠭ | ᠰᠢᠷᠤᠢ ᠬᠤᠲᠠ ᠶᠢᠨ ᠬᠡᠷᠡᠮ ᠨᠢ ᠦᠰᠦᠷᠦᠯᠲᠡ ᠣᠯᠭᠤᠭᠰᠠᠨ ᠵᠣ ᠶᠢᠨ ᠴᠢᠯᠠᠭᠤ ᠪᠣᠯᠤᠨ ᠵᠦᠷᠵᠢ ᠶᠢᠨ ᠰᠢᠷᠭᠠᠯ | ᠪᠣᠯᠵᠤ᠂ ᠲᠠᠯ᠎ᠠ ᠨᠤᠲᠤᠭ ᠤᠨ ᠪᠣᠯᠪᠠᠰᠤᠨ ᠤ ᠤᠯᠠᠷᠢᠯ ᠤᠨ ᠡᠷᠡᠰ ᠶᠡᠭᠡ ᠬᠤᠪᠢᠷᠠᠯ ᠢ ᠲᠣᠭᠠᠴᠢᠪᠠ᠂ AI ᠨᠢ ᠡᠨᠡ | ᠪᠠᠭᠤᠷᠢ ᠲᠣᠪᠷᠠᠭ ᠢ ᠳᠠᠷᠬᠠᠨ ᠮᠤᠤᠮᠢᠩᠭᠠᠨ ᠤ ᠲᠠᠯ᠎ᠠ ᠨᠤᠲᠤᠭ ᠲᠤ ᠥᠨᠢᠳᠡ ᠤᠨᠲᠠᠷᠠᠰᠢ ᠦᠭᠡᠢ ᠭᠠᠯ ᠤᠨ ᠳᠥᠯᠥ | ᠪᠣᠯᠭᠠᠭᠰᠠᠨ ᠪᠠᠶᠢᠨ᠎ᠠ᠃ | ᠳᠤᠮᠳᠠᠳᠤ ᠮᠣᠩᠭᠤᠯ ᠤᠨ ᠬᠢᠯᠢ ᠬᠢᠵᠠᠭᠠᠷ ᠤᠨ ᠴᠢᠬᠤᠯᠠ ᠬᠦᠢᠰᠦ ᠪᠣᠯᠤᠭᠰᠠᠨ ᠤ ᠬᠤᠪᠢ ᠳᠤ᠂ ᠮᠠᠨᠳᠤᠯ | ᠪᠣᠭᠤᠮᠲᠠ ᠨᠢ ᠨᠡᠭᠦᠳᠡᠯ ᠠᠷᠠᠯᠵᠢᠶ᠎ᠠ ᠬᠤᠳᠠᠯᠳᠤᠭᠠᠨ ᠤ ᠵᠢᠷᠤᠭ ᠰᠢᠭ᠋ ᠪᠠᠶᠢᠵᠤ᠂ ᠮᠣᠷᠢᠨ ᠬᠤᠭᠤᠷ ᠤᠨ ᠳᠠᠭᠤᠨ | ᠪᠣᠯᠤᠨ ᠠᠭᠤᠷ ᠤᠨ ᠱᠤᠤᠭᠢᠯ ᠤᠨ ᠳᠠᠭᠤᠨ ᠠᠳᠡ ᠴᠤᠤᠷᠢᠶᠠᠲᠤᠵᠤ᠂ ︽ᠨᠢᠭᠡ ᠪᠦᠰᠡ ᠨᠢᠭᠡ ᠵᠠᠮ︾ ᠤᠨ | ᠥᠷᠨᠢᠩᠭᠦᠶ ᠪᠠᠶᠢᠳᠠᠯ ᠢ ᠭᠡᠷᠡᠴᠢᠯᠡᠵᠦ᠂ ᠣᠲᠣ ᠦᠶ᠎ᠡ ᠶᠢᠨ ᠠᠷᠠᠯᠵᠢᠶ᠎ᠠ ᠬᠤᠳᠠᠯᠳᠤᠭᠠᠨ ᠤ ᠪᠣᠯᠪᠠᠰᠤᠨ ᠬᠢᠭᠡᠳ | ᠤᠮᠠᠷᠠᠲᠤ ᠬᠢᠯᠢ ᠶᠢᠨ ᠰᠣᠶᠣᠯ ᠰᠣᠯᠪᠢᠴᠠᠨ ᠭᠡᠷᠡᠯᠲᠦᠵᠦ᠂ ᠬᠢᠯᠢ ᠬᠢᠵᠠᠭᠠᠷ ᠤᠨ ᠭᠠᠵᠠᠷ ᠣᠷᠣᠨ ᠤ ᠴᠡᠴᠡᠭᠯᠡᠨ | ᠬᠥᠭᠵᠢᠭᠰᠡᠨ ᠰᠢᠨ᠎ᠡ ᠪᠠᠶᠢᠳᠠᠯ ᠢ ᠬᠠᠮᠲᠤ ᠪᠠᠷ ᠵᠢᠷᠤᠭᠯᠠᠵᠤ ᠪᠠᠶᠢᠨ᠎ᠠ᠃ | ᠴᠠᠭᠠᠨ ᠰᠠᠯᠬᠢᠨ ᠬᠥᠳᠡᠯᠭᠡᠭᠦᠷ ᠨᠢ ᠠᠯᠲᠠᠨ ᠰᠢᠷᠭᠠᠯ ᠲᠠᠯ᠎ᠠ ᠳᠡᠭᠡᠷ᠎ᠡ ᠣᠳᠣ ᠦᠶ᠎ᠡ ᠶᠢᠨ ᠨᠠᠷᠠᠨ ᠬᠤᠸᠠᠷ | ᠪᠣᠯᠵᠤ᠂ ᠡᠷᠭᠢᠯᠳᠦᠵᠦ ᠪᠠᠶᠢᠭ᠎ᠠ ᠨᠠᠪᠴᠢ ᠨᠢ ᠣᠳᠣᠨ ᠰᠠᠷᠠᠨ ᠰᠦᠨᠢ ᠶᠢᠨ ᠲᠡᠭᠷᠢ ᠶᠢᠨ ᠣᠶᠣᠳᠠᠯ ᠲᠠᠢ ᠢᠵᠢᠯᠢ | ᠳᠠᠪᠳᠠᠮᠵᠢ ᠲᠠᠢ ᠪᠠᠶᠢᠳᠠᠭ᠃ ᠦᠷᠭᠦᠯᠵᠢᠯᠡᠭᠰᠡᠨ ᠬᠡᠷᠡᠯ ᠴᠡᠨᠡᠭ ᠤᠨ ᠴᠠᠬᠢᠯᠭᠠᠨ ᠥᠷᠲᠡᠭᠡ ᠨᠢ | ᠭᠸᠤᠮᠧᠲᠷ ᠶᠢᠨ ᠥᠩᠭᠡ ᠶᠢᠨ ᠬᠡᠰᠡᠭ ᠪᠣᠯᠵᠣ᠂ ᠲᠠᠯ᠎ᠠ ᠨᠤᠲᠤᠭ ᠤᠨ ︽ᠰᠢᠨ᠎ᠡ ᠡᠨᠧᠷᠭᠢ ᠶᠢᠨ | ᠪᠤᠭᠤᠳᠠᠶ ᠶᠢᠨ ᠲᠠᠷᠢᠶ᠎ᠠ︾ ᠶᠢ ᠡᠭᠦᠳᠴᠦ᠂ ᠳᠠᠷᠬᠠᠨ ᠮᠤᠤᠮᠢᠩᠭᠠᠨ ᠤ ᠲᠠᠯ᠎ᠠ ᠨᠤᠲᠤᠭ ᠤᠨ ᠤᠯᠠᠮᠵᠢᠯᠠᠯᠲᠤ ᠮᠠᠯᠴᠢᠨ | ᠳᠠᠭᠤᠤ ᠬᠢᠭᠡᠳ ᠴᠡᠪᠡᠷ ᠡᠨᠧᠷᠭᠢ ᠶᠢᠨ ᠡᠶ᠎ᠡ ᠵᠣᠬᠢᠴᠠᠯ ᠲᠠᠢ ᠬᠠᠮᠲᠤ ᠣᠷᠣᠰᠢᠬᠤ ᠪᠣᠯᠤᠨ᠎ᠠ᠃ | ᠣᠶᠢᠷ᠎ᠠ ᠶᠢᠨ ᠵᠢᠯ ᠠᠴᠠ ᠨᠠᠭᠠᠰᠢ ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤ ᠴᠡᠪᠡᠷ ᠡᠨᠧᠷᠭᠢ ᠶᠢᠨ ᠠᠵᠤ | ᠦᠢᠯᠡᠰ ᠢ ᠭᠤᠤᠯᠳᠠᠯᠭ᠎ᠠ ᠲᠠᠢ ᠬᠥᠭᠵᠢᠭᠦᠯᠵᠦ᠂ ᠰᠠᠯᠬᠢᠨ ᠬᠦᠴᠦᠨ ᠤ ᠴᠠᠬᠢᠯᠭᠠᠨ ᠤ ᠪᠠᠶᠢᠭᠤᠯᠤᠯᠲᠠ᠂ ᠬᠡᠷᠡᠯ ᠸᠣᠯᠲ | ᠵᠡᠷᠭᠡ ᠲᠥᠷᠥᠯ ᠵᠦᠢᠯ ᠢ ᠪᠥᠲᠥᠭᠡᠨ ᠪᠠᠶᠢᠭᠤᠯᠵᠤ᠂ ᠠᠵᠤ ᠦᠢᠯᠡᠳᠪᠦᠷᠢ ᠶᠢᠨ ᠪᠦᠲᠦᠴᠡ ᠶᠢ ᠳᠣᠤᠷ᠎ᠠ | ᠨᠡᠭᠦᠷᠡᠰᠦᠲᠥ᠋ᠷᠥᠭᠴᠢᠲᠦ᠂ ᠤᠶᠤᠨᠴᠢᠯᠠᠨ ᠲᠠᠰ ᠳᠡᠪᠰᠢᠭᠦᠯᠬᠦ ᠶᠢ ᠠᠬᠢᠭᠤᠯᠪᠠ᠃ | AI ᠬᠢᠭᠡᠳ ᠲᠠᠯ᠎ᠠ ᠨᠤᠲᠤᠭ ᠤᠨ ᠮᠥᠷᠭᠦᠯᠳᠦᠭᠡᠨ ᠨᠢ ᠳᠠᠷᠬᠠᠨ ᠮᠤᠤᠮᠢᠩᠭᠠᠨ ᠤ ᠣᠳᠣᠨ ᠣᠭᠲᠠᠷᠭᠤᠢ ᠶᠢ | ᠹᠠᠨ ᠭᠤᠤ ᠶᠢᠨ ᠥᠩᠭᠡ ᠲᠠᠢ ᠪᠣᠯᠭᠠᠵᠤ᠂ ᠮᠠᠯᠴᠢᠳ ᠤᠨ ᠳᠠᠭᠤᠤ ᠶᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ | ᠳᠠᠯᠠᠪᠴᠢ ᠳᠡᠭᠡᠷ᠎ᠡ ᠰᠠᠭᠤᠯᠭᠠᠵᠣ᠂ ᠡᠨᠡ ᠨᠢ ᠵᠥᠪᠬᠡᠨ ᠨᠤᠲᠤᠭ ᠤᠨ ᠭᠤᠶᠣ ᠰᠠᠶᠢᠬᠠᠨ ᠳᠠᠬᠢᠨ ᠲᠠᠶᠢᠯᠪᠦᠷᠢ | ᠪᠣᠯᠬᠤ ᠪᠠᠷ ᠪᠠᠷᠠᠬᠤ ᠦᠭᠡᠢ᠂ ᠨᠡᠩ ᠴᠦ ᠤᠯᠠᠮᠵᠢᠯᠠᠯ ᠪᠠ ᠢᠷᠡᠭᠡᠳᠦᠢ ᠶᠢᠨ ᠨᠢᠭᠡᠨ ᠤᠳᠠᠭᠠᠨ ᠤ ᠭᠦᠨ | ᠰᠡᠳᠭᠢᠯᠭᠡ ᠲᠠᠢ ᠶᠠᠷᠢᠯᠴᠠᠭ᠎ᠠ ᠪᠣᠯᠤᠨ᠎ᠠ᠃ | ᠪᠢᠳᠡᠨ ᠬᠠᠮᠲᠣ ᠪᠠᠷ᠂ ᠲᠠᠷᠬᠠᠨ ᠮᠤᠤᠮᠢᠩᠭᠠᠨ ᠤ ᠨᠢᠭᠡ ᠢᠮᠠᠬᠤ ᠦᠩᠭᠡ ᠦᠵᠡᠮᠵᠢ᠂ ᠨᠢᠭᠡ ᠪᠠᠳᠠᠭ ᠦᠯᠢᠭᠡᠷ | ᠳᠣᠮᠤᠭ ᠢ ᠰᠢᠨ᠎ᠡ ᠶᠢ ᠡᠭᠦᠳᠬᠦ ᠪᠠ ᠤᠯᠠᠮᠵᠢᠯᠠᠨ ᠵᠠᠯᠭᠠᠮᠵᠢᠯᠠᠬᠤ ᠶᠠᠪᠣᠴᠠ ᠳᠤ ᠦᠨᠢᠳᠡ ᠬᠢᠯᠠᠯᠵᠠᠭᠤᠯᠤᠨ᠎ᠠ᠃ | ᠪᠢᠳᠡ᠂ ᠳᠠᠷᠬᠠᠨ ᠮᠤᠤᠮᠢᠩᠭᠠᠨ ᠳᠤ ᠲᠠᠨ ᠢ ᠬᠦᠯᠢᠶᠡᠵᠦ ᠪᠠᠶᠢᠨ᠎ᠠ᠃ |