ᠣᠶᠢᠷ᠎ᠠ ᠳᠤ᠂ ᠨᠢᠰᠬᠡᠯ ᠤᠨ ᠪᠢᠯᠧᠲ ᠤᠨ ᠦᠨ᠎ᠡ ᠮᠡᠳᠡᠭᠳᠡᠮ᠎ᠡ ᠬᠢᠮᠳᠠᠷᠠᠵᠦ᠂ ᠮᠠᠰᠢ ᠣᠯᠠᠨ ᠬᠥᠮᠦᠨ ᠪᠠᠰᠠ | ᠣᠷᠭᠢᠯ ᠤᠨ ᠬᠤᠭᠤᠴᠠᠭ᠎ᠠ ᠶᠢ ᠵᠥᠷᠢᠭᠦᠯᠦᠨ ᠵᠢᠭᠤᠯᠴᠢᠯᠠᠬᠤ ᠭᠡᠵᠦ ᠪᠠᠶᠢᠨ᠎ᠠ᠃ ᠨᠢᠭᠡ ᠨᠤᠭᠤᠯᠤᠭ᠎ᠠ ᠪᠤᠯᠤᠨ | ᠬᠢᠮᠳᠠᠷᠠᠵᠦ ᠴᠠᠭᠠᠨ ᠰᠠᠷ᠎ᠠ ᠠᠴᠠ ᠳᠠᠷᠠᠭ᠎ᠠ ᠨᠢᠰᠬᠡᠯ ᠤᠨ ᠪᠢᠯᠧᠲ ᠶᠡᠭᠡ ᠪᠠᠷ ᠬᠢᠮᠳᠠᠷᠠᠪᠠ᠃ | ᠰᠦᠯᠵᠢᠶᠡᠨ ᠳᠡᠭᠡᠷᠡᠬᠢ ᠵᠢᠭᠤᠯᠴᠢᠯᠠᠯ ᠤᠨ ᠲᠠᠪᠴᠠᠩ ᠪᠤᠯᠬᠤ ᠲᠦᠡᠭ ᠴᠸᠡᠭ ᠵᠢᠭᠤᠯᠴᠢᠯᠠᠯ ᠤᠨ ᠨᠡᠶᠢᠲᠡᠯᠡᠭᠰᠡᠨ | ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ 2 ᠰᠠᠷ᠎ᠠ ᠶᠢᠨ 7 ᠤ ᠡᠳᠦᠷ ᠠᠴᠠ 3 ᠰᠠᠷ᠎ᠠ ᠶᠢᠨ ᠡᠴᠦᠰ ᠪᠣᠯᠲᠠᠯ᠎ᠠ᠂ | ᠤᠯᠤᠰ ᠤᠨ ᠳᠣᠲᠣᠭᠠᠳᠤ ᠭᠠᠳᠠᠭᠠᠳᠤ ᠶᠢᠨ ᠨᠢᠰᠬᠡᠯ ᠤᠨ ᠪᠢᠯᠧᠲ ᠤᠨ ᠦᠨ᠎ᠡ ᠨᠢ ᠴᠠᠭᠠᠨ ᠰᠠᠷ᠎ᠠ ᠶᠢᠨ | ᠠᠮᠠᠷᠠᠯᠲᠠ ᠶᠢᠨ ᠬᠤᠭᠤᠴᠠᠭᠠᠨ ᠤ ᠬᠢ ᠠᠴᠠ ᠪᠠᠨ ᠴᠥᠮ ᠠᠳᠠᠯᠢ ᠪᠤᠰᠤ ᠬᠡᠮᠵᠢᠶ᠎ᠡ ᠪᠠᠷ ᠬᠢᠮᠳᠠᠷᠠᠵᠦ᠂ ᠬᠡᠰᠡᠭ | ᠬᠠᠯᠠᠮᠰᠢᠯ ᠠᠭᠠᠷ ᠤᠨ ᠠᠶᠠᠯᠠᠯ ᠤᠨ ᠱᠤᠭᠤᠮ ᠤᠨ ᠨᠢᠰᠬᠡᠯ ᠤᠨ ᠪᠢᠯᠧᠲ ᠤᠨ ᠦᠨ᠎ᠡ ᠨᠢ ᠴᠢᠨᠠᠭᠰᠢᠯᠠᠭᠠᠳ | 1 ᠨᠤᠭᠤᠯᠤᠭ᠎ᠠ ᠪᠤᠯᠵᠤ ᠬᠢᠮᠳᠠᠷᠠᠵᠠᠢ᠃ 2 ᠰᠠᠷ᠎ᠠ ᠶᠢᠨ ᠳᠤᠮᠳᠠᠴᠢ ᠪᠠ ᠰᠡᠭᠦᠯᠴᠢ ᠪᠠᠷ᠂ ᠪᠡᠭᠡᠵᠢᠩ — ᠰᠠᠨᠶᠠ᠂ | ᠪᠡᠭᠡᠵᠢᠩ — ᠴᠠᠩᠱᠠ᠂ ᠪᠡᠭᠡᠵᠢᠩ — ᠬᠠᠩᠵᠧᠦ᠂ ᠪᠡᠭᠡᠵᠢᠩ — ᠺᠦᠨᠮᠢᠩ᠂ ᠱᠠᠩᠬᠠᠶ — ᠰᠠᠨᠶᠠ᠂ ᠱᠠᠩᠬᠠᠶ — | ᠮᠦᠭᠳᠡᠨ᠂ ᠱᠠᠩᠬᠠᠶ — ᠬᠠᠷᠪᠢᠨ ᠵᠡᠷᠭᠡ ᠬᠠᠯᠠᠮᠰᠢᠯ ᠠᠭᠠᠷ ᠤᠨ ᠠᠶᠠᠯᠠᠯ ᠤᠨ ᠱᠤᠭᠤᠮ ᠤᠨ ᠨᠢᠰᠬᠡᠯ ᠤᠨ ᠪᠢᠯᠧᠲ | ᠲᠤ ᠴᠦᠮ 1 ᠠᠴᠠ 2 ᠨᠤᠭᠤᠯᠤᠭ᠎ᠠ ᠶᠢᠨ ᠪᠢᠯᠧᠲ ᠪᠠᠶᠢᠵᠤ᠂ ᠪᠢᠯᠧᠲ ᠤᠨ ᠦᠨ᠎ᠡ ᠨᠢ 200 ᠲᠥᠭᠦᠷᠢᠭ | ᠪᠤᠯᠳᠠᠯ᠎ᠠ ᠬᠢᠮᠳᠠᠷᠠᠪᠠ᠃ ᠡᠭᠦᠨ ᠠᠴᠠ ᠭᠠᠳᠠᠨ᠎ᠠ᠂ ᠪᠡᠭᠡᠵᠢᠩ ᠠᠴᠠ ᠰᠠᠨᠶᠠ ᠬᠥᠷᠬᠦ᠂ ᠱᠠᠩᠬᠠᠶ ᠠᠴᠠ ᠰᠠᠨᠶᠠ ᠬᠥᠷᠬᠦ | ᠵᠡᠷᠭᠡ ᠬᠠᠯᠠᠮᠰᠢᠯ ᠠᠭᠠᠷ ᠤᠨ ᠠᠶᠠᠯᠠᠯ ᠤᠨ ᠱᠤᠭᠤᠮ ᠤᠨ ᠪᠢᠯᠧᠲ ᠲᠤ ᠴᠥᠮ 1 ᠠᠴᠠ 2 ᠨᠤᠭᠤᠯᠤᠭ᠎ᠠ ᠶᠢᠨ | ᠪᠢᠯᠧᠲ ᠪᠠᠶᠢᠵᠤ᠂ ᠪᠢᠯᠧᠲ ᠤᠨ ᠦᠨ᠎ᠡ ᠨᠢ 300 ᠲᠥᠭᠦᠷᠢᠭ ᠣᠷᠴᠢᠮ ᠪᠤᠯᠪᠠ᠃ ᠵᠠᠷᠢᠮ ᠠᠭᠠᠷ ᠤᠨ ᠠᠶᠠᠯᠠᠯ ᠤᠨ | ᠬᠦᠢᠰᠦ ᠬᠤᠲᠠ᠂ ᠵᠢᠱᠢᠶᠡᠯᠡᠪᠡᠯ ᠪᠡᠭᠡᠵᠢᠩ᠂ ᠱᠠᠩᠬᠠᠶ᠂ ᠦᠬᠠᠨ᠂ ᠴᠧᠩᠳᠦ᠋᠂ ᠭᠤᠸᠠᠩᠵᠧᠦ᠂ ᠬᠠᠩᠵᠧᠦ ᠵᠡᠷᠭᠡ | ᠭᠠᠵᠠᠷ ᠠᠴᠠ ᠨᠢᠰᠬᠦ ᠨᠢᠰᠬᠡᠯ ᠤᠨ ᠪᠢᠯᠧᠲ ᠲᠤ ᠦᠨᠳᠦᠰᠦᠨ ᠳᠡᠭᠡᠨ ᠪᠦᠷ 200 ᠲᠥᠭᠦᠷᠢᠭ ᠤᠨ ᠪᠢᠯᠧᠲ ᠪᠠᠶᠢᠵᠤ᠂ | ᠪᠢᠯᠧᠲ ᠤᠨ ᠦᠨ᠎ᠡ ᠶᠢ ᠪᠠᠷᠤᠭ ᠪᠦᠷ1ᠨᠤᠭᠤᠯᠤᠭ᠎ᠠ ᠠᠴᠠ ᠲᠤᠷᠤᠬᠰᠢ ᠪᠤᠯᠳᠠᠯ᠎ᠠ ᠬᠢᠮᠳᠠᠷᠠᠭᠤᠯᠵᠠᠢ᠃ |