ᠤᠷᠤᠭ ᠰᠠᠯᠬᠤ ᠶᠢ ᠳᠠᠩᠰᠠᠯᠠᠬᠤ
ᠨᠡᠶᠢᠲᠡᠯᠡᠭᠰᠡᠨ ᠴᠠᠭ᠄
2018-03-22
           ᠤᠷᠤᠭ ᠰᠠᠯᠬᠤ   ᠶᠢ ᠳᠠᠩᠰᠠᠯᠠᠬᠤ      ᠪᠠᠶᠢᠭᠤᠯᠭ᠎ᠠ ᠵᠢᠨ‌ᠨᠠᠷᠡᠶᠢᠳᠦᠯ᠄ ᠳᠠᠷᠬᠠᠨ ᠮᠤᠤᠮᠢᠩᠭᠠᠨ ᠬᠤᠰᠢᠭᠤᠨ ᠤ ᠠᠷᠠᠳ ᠤᠨ ᠶᠠᠪᠤᠳᠡᠯ ᠤᠨ ᠲᠤᠪᠴᠢᠶ᠎ᠡ      ᠠᠵᠢᠯ ᠲᠦᠷᠦᠯ ᠤᠨ ᠨᠠᠷᠡᠶᠢᠳᠤᠯ᠄ ᠤᠷᠤᠭ ᠰᠠᠯᠬᠤ ᠶᠢ ᠳᠠᠩᠰᠠᠯᠠᠬᠤ      ᠠᠵᠢᠯ ᠲᠦᠷᠦᠯ ᠤᠨ ᠬᠤᠪᠢᠶᠠᠷᠢ᠄ ᠵᠠᠰᠠᠭ ᠵᠠᠬᠢᠷᠭᠠᠨ ᠤ ᠦᠢᠯᠡᠴᠢᠯᠡᠭᠡ      ᠦᠢᠯᠡᠴᠢᠯᠡᠬᠦ ᠡᠲᠡᠭᠡᠳ᠄ ᠬᠤᠪᠢ ᠬᠦᠮᠦᠨ      ᠲᠤᠨᠲᠠᠭᠠᠬᠰᠡᠨ ᠦᠨᠳᠦᠰᠦᠯᠡᠯ᠄ 1.ᠤᠷᠤᠭ ᠲᠠᠩᠰᠠᠯᠠᠬᠤ ᠠᠵᠢᠯ ᠢ ᠲᠦᠷᠢᠮᠵᠢᠭᠦᠯᠦᠨ᠂ ᠤᠷᠤᠭ ᠬᠤᠷᠢᠮ ᠤᠨ ᠴᠢᠯᠦᠭᠡᠲᠠᠢ ᠪᠠᠶᠢᠬᠤ᠂ ᠨᠢᠭᠡ ᠡᠷᠡᠭᠲᠠᠢ ᠨᠢᠭᠡ ᠡᠬᠡᠨᠡᠷ ᠠᠪᠬᠤ᠂ ᠡᠷᠡᠭᠲᠠᠢ ᠡᠮᠡᠭᠲᠠᠢ ᠡᠷᠬᠡ ᠲᠡᠭᠰᠢ ᠪᠠᠶᠢᠬᠤ ᠵᠠᠷᠭᠡ ᠤᠷᠤᠭ ᠬᠤᠷᠢᠮ ᠤᠨ ᠲᠦᠷᠢᠮ ᠲᠤᠭᠳᠠᠭᠠᠯ ᠤᠨ ᠬᠡᠷᠡᠭᠵᠢᠭᠦᠯᠬᠦ ᠶᠢ ᠪᠠᠲᠤᠯᠡᠨ᠂ ᠤᠷᠤᠬᠯᠠᠬᠤ ᠲᠤᠬᠠᠶᠢᠲᠠᠢ ᠬᠦᠮᠦᠨ ᠤ ᠬᠠᠦᠯᠢ ᠶᠤᠰᠤᠨ ᠤ ᠡᠷᠬᠡ ᠠᠰᠢᠭ ᠢ ᠬᠠᠮᠠᠭᠠᠯᠠᠬᠤ ᠶᠢᠨ ᠲᠦᠯᠦᠭᠡ᠂ ︽ᠪᠦᠭᠦᠲᠡ ᠨᠠᠶᠢᠷᠠᠮᠳᠠᠬᠤ ᠳᠤᠮᠳᠠᠳᠦ ᠠᠷᠠᠳ ᠤᠯᠤᠰ ᠤᠨ ᠤᠷᠤᠭ ᠤᠨ ᠬᠠᠦᠯᠢ︾ ᠢ ᠦᠨᠳᠦᠰᠦᠯᠡᠨ᠂ ︽ᠤᠷᠤᠭ ᠳᠠᠩᠰᠠᠯᠠᠬᠤ ᠲᠦᠷᠢᠮ︾ ᠢ ᠲᠤᠬᠲᠠᠭᠠᠪᠡ᠃ ᠲᠤᠰ ᠲᠦᠷᠢᠮ ᠢ ᠪᠦᠬᠦᠳᠡ ᠨᠠᠶᠢᠷᠠᠮᠳᠠᠬᠤ ᠳᠤᠮᠳᠠᠳᠦ ᠠᠷᠡᠳ ᠤᠯᠤᠰ ᠤᠨ ᠲᠦᠪ ᠤᠨ ᠶᠠᠪᠤᠳᠡᠯ ᠤᠨ ᠬᠤᠷᠢᠶ᠎ᠡ 2003ᠤᠨ ᠤ 8 ᠰᠡᠷ᠎ᠡ ᠶᠢᠨ 8 ᠤ ᠡᠳᠦᠷ ᠲᠠᠷᠬᠠᠭᠠᠵᠦ᠂ 2003 ᠤᠨ ᠤ 10 ᠰᠠᠷ᠎ᠡ ᠶᠢᠨ1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ ᠨᠡᠶᠢᠲᠡ 6 ᠬᠠᠭᠤᠳᠠᠰᠦ 22 ᠵᠤᠷᠪᠤᠰ ᠪᠠᠶᠢᠨ᠎ᠡ᠃      ᠭᠤᠶᠤᠴᠢᠯᠠᠬᠤ ᠨᠦᠭᠦᠴᠡᠯ᠄ ᠨᠢᠭᠡ ᠳᠤ᠂ ᠲᠤᠬᠠᠶᠢᠲᠡᠢ ᠬᠦᠮᠦᠨ ᠬᠤᠶᠠᠷ ᠲᠠᠯ᠎ᠡ ᠪᠠᠷ ᠵᠶ᠋ᠠᠨ‌ᠤᠷᠤᠭ ᠰᠠᠯᠬᠤ ᠪᠠᠷ ᠬᠠᠮᠲᠦ ᠳᠤ ᠨᠢ ᠭᠤᠶᠤᠴᠢᠯᠠᠯ ᠭᠠᠷᠭᠠᠬᠤ ᠬᠡᠷᠡᠭᠲᠠᠢ︔ ᠬᠤᠶᠠᠷ ᠲᠤ᠂ ᠬᠤᠶᠠᠷ ᠡᠲᠡᠭᠡᠳ ᠢᠶᠠᠷ ᠢᠶᠠᠨ ᠴᠦᠮ ᠢᠷᠭᠡᠨ ᠤ ᠡᠷᠬᠡ ᠶᠢᠨ ᠪᠦᠷᠢᠨ ᠦᠢᠯᠡ ᠠᠵᠢᠯᠯᠠᠭ᠎ᠠ ᠶᠢᠨ ᠴᠢᠳᠠᠪᠦᠷᠢ ᠲᠠᠢ ᠪᠠᠶᠢᠬᠤ ᠬᠡᠷᠡᠭᠲᠠᠢ︔ ᠭᠤᠷᠪᠡ ᠳᠤ᠂ ᠲᠤᠬᠠᠶᠢᠲᠠᠢ ᠬᠦᠮᠦᠨ ᠤᠷᠤᠭ ᠰᠠᠯᠬᠤ ᠵᠦᠪᠯᠠᠯᠴᠡᠭᠡᠷ ᠤᠨ ᠪᠢᠴᠢᠭ ᠲᠠᠢ ᠪᠠᠶᠢᠬᠤ ᠬᠡᠷᠡᠭᠲᠠᠢ ︵ᠵᠦᠪᠯᠡᠯᠴᠡᠭᠡᠷ ᠤᠨ ᠪᠢᠴᠢᠭ ᠲᠤ ᠬᠤᠶᠠᠷ ᠲᠠᠯ᠎ᠡ ᠵᠢᠨ‌‍ᠰᠠᠶᠢᠨ ᠳᠤᠷ᠎ᠡ ᠠᠴᠠ ᠪᠠᠨ ᠤᠷᠤᠭ ᠰᠯᠠᠬᠤ ᠰᠠᠨᠠᠭ᠎ᠠ ᠶᠢ ᠢᠯᠡᠳᠭᠡᠭᠰᠡᠨ ᠵᠢᠴᠢ ᠦᠷ᠎ᠡ ᠬᠡᠦᠭᠡᠳ  ᠢᠶᠠᠨ ᠠᠷᠡᠴᠢᠯᠠᠨ ᠲᠡᠵᠢᠭᠡᠬᠦ᠂ ᠡᠳ᠋ ᠬᠤᠭᠰᠢᠯ ᠪᠤᠯᠤᠨ ᠦᠷᠢ ᠰᠢᠷᠢ ᠶᠢᠨ ᠠᠰᠠᠭᠤᠳᠠᠯ ᠢ ᠰᠢᠢᠳᠪᠦᠷᠢᠯᠡᠬᠦ ᠵᠠᠷᠭᠡ ᠵᠦᠢᠯ  ᠢ ᠵᠦᠪᠳᠡᠯᠴᠡᠭᠡᠳ ᠨᠢᠭᠡᠲᠦᠭᠰᠡᠨ ᠰᠠᠨᠡᠯ ᠢ ᠲᠤᠳᠤᠷᠬᠠᠢ ᠲᠡᠮᠲᠡᠭᠯᠡᠨ᠎ᠡ︶︔ ᠲᠦᠷᠪᠡ ᠳᠤ᠂ ᠲᠤᠬᠠᠶᠢᠲᠠᠢ ᠬᠦᠮᠦᠨ‌ᠤᠷᠤᠭ ᠳᠠᠩᠰᠠᠯᠠᠬᠤ ᠭᠠᠵᠠᠷ ᠠᠴᠠ ᠭᠠᠷᠲᠡᠬᠰᠠᠨ ᠤᠷᠤᠭ ᠤᠨ ᠪᠢᠴᠢᠭ ᠪᠠᠶᠢᠬᠤ ᠬᠡᠷᠡᠭᠲᠠᠢ᠃      ᠭᠦᠢᠴᠡᠳᠭᠡᠬᠦ ᠮᠠᠲ᠋ᠧᠷᠢᠶᠠᠯ᠄ 1. ᠲᠤᠰ ᠬᠦᠮᠦᠨ ᠤ ᠡᠷᠦᠭᠡ ᠠᠮᠡ ᠶᠢᠨ ᠲᠡᠪᠲᠡᠷ᠂ ᠪᠡᠶ᠎ᠡ ᠶᠢᠨ ᠦᠨᠡᠮᠯᠡᠯ ᠤᠨ ᠡᠬᠡ ᠪᠡ ᠬᠠᠭᠤᠯᠪᠤᠷᠢ ᠬᠠᠭᠤᠳᠠᠰᠦ︔ 2.ᠲᠤᠰ ᠬᠦᠮᠦᠨ ᠤ ᠤᠷᠤᠭ ᠤᠨ ᠪᠢᠴᠢᠭ 3. ᠲᠤᠬᠠᠶᠢᠲᠠᠢ ᠬᠦᠮᠦᠨ ᠤ ᠬᠤᠶᠠᠷ ᠲᠠᠯ᠎ᠡ ᠢᠶᠠᠷ ᠢᠶᠠᠨ ᠭᠠᠷ ᠤᠨ ᠦᠰᠦᠭ ᠵᠢᠷᠤᠭᠰᠡᠨ ᠤᠷᠤᠭ ᠰᠠᠯᠬᠤ ᠵᠦᠪᠯᠡᠯᠴᠡᠭᠡᠷ ᠤᠨ ᠪᠢᠴᠢᠭ 3 ᠬᠤᠪᠢ ᠳᠠᠷᠤᠮᠯᠠᠨ᠎ᠡ᠃ 4. ᠲᠤᠬᠠᠶᠢᠲᠠᠢ ᠬᠦᠮᠦᠨ ᠬᠤᠶᠠᠷ ᠲᠠᠯ᠎ᠡ ᠶᠢᠨ ᠬᠤᠶᠠᠷ ᠢᠮᠠᠬᠤ ᠶᠢᠨ ᠬᠦᠭᠡ ᠨᠢᠭᠤᠷ ᠤᠨ ᠲᠠᠯ᠎ᠡ ᠶᠢᠨ ᠬᠤᠪᠢ ᠪᠡᠶ᠎ᠡ ᠶᠢᠨ ᠦᠩᠭᠡᠲᠦ ᠰᠠᠭᠦᠳᠡᠷ ᠲᠤᠰ ᠪᠦᠷᠢ 2 ᠬᠠᠭᠤᠳᠠᠰᠦ᠃      ᠭᠦᠢᠴᠡᠳᠭᠡᠬᠦ ᠭᠠᠵᠠᠷ᠄ ᠠᠷᠡᠳ ᠤᠨ ᠶᠠᠪᠤᠲᠠᠯ ᠤᠨ ᠲᠤᠪᠴᠢᠶᠠᠨ ᠤ ᠠᠷᠡᠳ ᠳᠤ ᠳᠦᠭᠦᠮ ᠦᠵᠡᠭᠦᠯᠭᠦ ᠦᠢᠯᠡᠴᠢᠯᠡᠭᠡᠨ ᠤ ᠲᠢᠩᠬᠢᠮ ᠤᠨ ᠤᠷᠤᠭ ᠳᠠᠩᠰᠠᠯᠠᠬᠤ ᠴᠤᠩᠬᠤᠪᠴᠢ      ᠭᠦᠢᠴᠡᠳᠭᠡᠬᠦ ᠴᠠᠭ᠄ ᠠᠵᠢᠯᠯᠠᠬᠤ ᠡᠳᠦᠷ ᠤᠨ 8:30-12:00 14:30-17:30      ᠬᠠᠷᠢᠯᠴᠠᠬᠤ ᠤᠳᠠᠰᠦ᠄ 0472-8424107      ᠭᠦᠢᠴᠠᠳᠭᠡᠬᠦ ᠶᠠᠪᠤᠴᠡ᠄ 1.ᠲᠤᠬᠠᠶᠢᠲᠡᠢ ᠬᠦᠮᠦᠨ ᠦᠨᠡᠮᠯᠡᠯ ᠪᠤᠯᠤᠨ ᠭᠡᠷᠡᠴᠢ ᠮᠠᠲ᠋ᠧᠷᠢᠶᠠᠯ ᠢᠶᠠᠨ ᠲᠤᠰᠢᠶᠠᠬᠤ ᠬᠡᠷᠡᠭᠲᠠᠢ᠃ 2.ᠤᠷᠤᠭ ᠳᠠᠩᠰᠠᠯᠠᠭᠴᠢ ᠬᠠᠮᠢᠶ᠎ᠡ ᠪᠦᠭᠦᠢ ᠦᠨᠡᠮᠯᠡᠯ ᠪᠤᠯᠤᠨ ᠭᠡᠷᠡᠴᠢ ᠮᠠᠲ᠋ᠧᠷᠢᠶᠠᠯ ᠢ ᠪᠠᠶᠢᠴᠠᠭᠠᠨ‌‍ᠰᠢᠯᠭᠠᠨ᠎ᠡ᠃ 3.ᠤᠷᠤᠭ ᠳᠠᠩᠰᠠᠯᠠᠭᠴᠢ ᠠᠴᠠ ᠲᠤᠬᠠᠶᠢᠲᠡᠢ ᠬᠦᠮᠦᠨ ᠳᠤ ᠤᠷᠤᠭ ᠤᠨ ᠬᠠᠦᠯᠢ ᠳᠤ ᠲᠤᠭᠳᠠᠭᠰᠡᠨ ᠤᠷᠤᠭ ᠰᠠᠯᠬᠤ ᠲᠤᠬᠠᠢ ᠨᠦᠬᠦᠴᠡᠯ ᠢ ᠲᠤᠳᠤᠷᠬᠠᠢ ᠲᠠᠶᠢᠯᠪᠦᠷᠢᠯᠠᠵᠤ ᠦᠭᠭᠦᠨ᠎ᠡ᠃ 4.ᠤᠷᠤᠭ ᠳᠠᠩᠰᠠᠯᠠᠭᠴᠢ ᠠᠴᠠ ᠲᠤᠬᠠᠶᠢᠲᠡᠢ ᠬᠦᠮᠦᠨ ᠤ ᠤᠷᠤᠭ ᠰᠠᠯᠬᠤ ᠰᠠᠨᠠᠭ᠎ᠠ ᠢᠯᠡᠳᠭᠡᠯ ᠵᠢᠴᠢ ᠤᠷᠤᠭ ᠰᠠᠯᠬᠤ ᠵᠦᠪᠯᠡᠯᠴᠡᠭᠡᠷ ᠤᠨ ᠠᠭᠤᠯᠭ᠎ᠠ ᠶᠢᠨ ᠲᠤᠬᠠᠢ ᠪᠤᠳᠤᠯ ᠰᠠᠨᠠᠭ᠎ᠠ ᠶᠢ ᠯᠠᠪᠯᠡᠨ‌ᠠᠰᠠᠭᠤᠨ᠎ᠡ᠃ 5. ᠬᠤᠶᠠᠷ ᠡᠲᠡᠭᠡᠳ ᠢᠶᠠᠷ  ᠢᠶᠠᠨ ᠰᠠᠶᠢᠨ ᠳᠤᠷ᠎ᠡ ᠠᠴᠠ ᠪᠠᠨ ᠤᠷᠤᠭ ᠰᠠᠯᠬᠤ ᠪᠦᠭᠡᠳ ᠦᠷ᠎ᠡ ᠬᠡᠦᠭᠡᠳ ᠢᠶᠠᠨ ᠠᠷᠡᠴᠢᠯᠠᠨ ᠲᠡᠵᠢᠭᠡᠬᠦ᠂ ᠡᠳ᠋ ᠬᠤᠭᠰᠢᠯ ᠪᠤᠯᠤᠨ ᠦᠷᠢ ᠰᠢᠷᠢ ᠶᠢᠨ ᠠᠰᠠᠭᠤᠳᠠᠯ ᠢ ᠰᠢᠢᠳᠪᠦᠷᠢᠯᠡᠬᠦ ᠵᠠᠷᠭᠡ ᠵᠦᠢᠯ ᠢ ᠵᠦᠪᠳᠡᠯᠴᠡᠭᠡᠳ᠂ ᠰᠠᠨᠠᠯ ᠨᠢᠭᠡᠲᠦᠯᠲᠡᠢ ᠪᠠᠶᠢᠵᠦ᠂ ︽ᠤᠷᠤᠭ ᠰᠠᠯᠬᠤ ᠶᠢ ᠭᠤᠶᠤᠴᠢᠯᠠᠨ ᠳᠠᠩᠰᠠᠯᠠᠭᠤᠯᠬᠤ ᠢᠯᠡᠷᠬᠡᠶᠢᠯᠡᠯᠲᠠ︾ ᠶᠢ ᠲᠠᠭᠯᠠᠵᠦ᠂ ᠠᠨᠳᠠᠭᠠᠢ ᠬᠢᠨᠠᠭᠴᠢ ᠶᠢᠨ ᠲᠡᠷᠭᠡᠲᠡ ᠭᠠᠷ ᠤᠨ ᠦᠰᠦᠭ ᠵᠢᠷᠤᠬᠤ ᠬᠡᠷᠡᠭᠲᠠᠢ᠃ 6.ᠡᠷ᠎ᠡ ᠡᠮ᠎ᠡ ᠬᠤᠶᠠᠭᠤᠯᠡ ᠪᠡᠶ᠎ᠡ ᠪᠠᠷ ᠵᠶ᠋ᠠᠨ‌ᠤᠷᠤᠭ ᠰᠠᠯᠬᠤ ᠵᠦᠪᠯᠡᠯᠴᠡᠭᠡᠷ ᠲᠡᠭᠡᠷ᠎ᠡ ᠭᠠᠷ ᠤᠨ ᠦᠰᠦᠭ ᠵᠢᠷᠤᠵᠦ᠂ ᠤᠷᠤᠭ ᠳᠠᠩᠰᠠᠯᠠᠭᠴᠢ ᠠᠨᠳᠠᠭᠠᠢ ᠬᠢᠨᠠᠭᠴᠢ ᠪᠤᠯᠤᠨ᠎ᠡ᠃ ᠵᠦᠪᠯᠡᠯᠴᠡᠭᠡᠷ ᠤᠨ ᠪᠢᠴᠢᠭ ᠢ ᠡᠷ᠎ᠡ ᠡᠮ᠎ᠡ ᠬᠤᠶᠠᠭᠤᠯᠡ ᠬᠦᠮᠦᠨ ᠪᠦᠷᠢ ᠨᠢᠭᠡ ᠬᠤᠪᠢ᠂ ᠤᠷᠤᠭ ᠳᠠᠩᠰᠠᠯᠠᠬᠤ ᠭᠠᠵᠠᠷ ᠨᠢᠭᠡ ᠬᠤᠪᠢ ᠳᠠᠩᠰᠠᠯᠡᠨ ᠦᠯᠡᠳᠡᠭᠡᠨ᠎ᠡ᠃ 7.ᠤᠷᠤᠭ ᠳᠠᠩᠰᠠᠯᠠᠭᠴᠢ ᠠᠴᠠ ᠲᠤᠬᠠᠶᠢᠲᠠᠢ ᠬᠦᠮᠦᠨ  ᠤ ᠲᠤᠰᠢᠶᠠᠭᠰᠠᠨ ᠦᠨᠡᠮᠯᠡᠯ᠂ ᠤᠷᠤᠭ ᠰᠠᠯᠬᠤ ᠢ ᠭᠤᠶᠤᠴᠢᠯᠠᠨ ᠳᠠᠩᠰᠠᠯᠠᠭᠤᠯᠬᠤ ᠢᠯᠡᠷᠬᠡᠶᠢᠯᠡᠯᠲᠡ᠂ ᠤᠷᠤᠭ ᠰᠠᠯᠬᠤ ᠵᠦᠪᠯᠡᠯᠴᠡᠭᠡᠷ ᠤᠨ ᠪᠢᠴᠢᠭ ᠵᠠᠷᠭᠡ ᠳᠤ ᠬᠢᠨᠠᠨ ᠪᠠᠶᠢᠴᠠᠭᠠᠯᠲᠡ ᠬᠢᠵᠦ᠂ ᠤᠷᠤᠭ ᠰᠠᠯᠬᠤ ᠨᠦᠬᠦᠴᠡᠯ ᠳᠤ ᠲᠤᠬᠢᠷᠠᠭᠰᠡᠨ‌ᠨᠢ ︽ᠤᠷᠤᠭ ᠰᠠᠯᠬᠤ ᠢ ᠳᠠᠩᠰᠠᠯᠠᠵᠦ ᠬᠢᠨᠠᠨ ᠪᠠᠶᠢᠴᠠᠭᠠᠵᠦ ᠰᠢᠢᠳᠪᠦᠷᠢᠯᠡᠭᠰᠡᠨ ᠬᠦᠰᠦᠨᠦᠭᠲᠦ︾ ᠪᠤᠯᠤᠨ ᠤᠷᠤᠭ ᠰᠠᠯᠬᠤ ᠦᠨᠡᠮᠯᠡᠯ ᠢ ᠲᠠᠭᠯᠡᠨ᠎ᠡ᠃      ᠭᠦᠢᠴᠡᠳᠭᠡᠬᠦ ᠬᠤᠭᠤᠴᠠᠭ᠎ᠠ᠄ ᠲᠠᠷᠤᠶᠢᠬᠠᠨ ᠭᠦᠢᠴᠠᠳᠭᠡᠬᠦ      ᠬᠦ᠊ᠰᠦ᠋ᠨᠦᠭᠲᠦ ᠢ ᠪᠠᠭᠤᠯᠭᠠᠬᠤ᠄ ᠲᠤᠰ ᠵᠦᠢᠯᠡᠰ ᠳᠤ ᠬᠤᠯᠪᠤᠭᠳᠠᠭᠰᠠᠨ ᠬᠦᠰᠦᠨᠦᠭᠲᠦ ᠨᠢ ᠰᠢᠰᠲ᠋ᠧᠮᠴᠢ ᠪᠠᠶᠢᠲᠠᠯ ᠤᠨ ᠦᠯᠦ ᠲᠠᠭᠯᠠᠬᠤ ᠬᠡᠯᠪᠡᠷᠢ᠂ ᠡᠶᠢᠮᠦ ᠠᠴᠠ ᠪᠠᠭᠤᠯᠭᠠᠬᠤ ᠴᠢᠬᠤᠯᠡ ᠦᠭᠡᠢ᠃      ᠬᠠᠷᠢᠭᠤᠴᠠᠬᠤ ᠭᠡᠯᠲᠡᠰ᠄ ᠠᠷᠡᠳ ᠤᠨ ᠶᠠᠪᠤᠳᠡᠯ ᠤᠨ ᠲᠤᠪᠴᠢᠶ᠎ᠡ      ᠰᠦᠢᠳᠭᠡᠯ ᠬᠤᠷᠢᠶᠠᠬᠤ ᠪᠠᠶᠢᠲᠡᠯ᠄ ᠰᠦᠢᠳᠭᠡᠯ ᠬᠤᠷᠢᠶᠠᠬᠤ ᠦᠭᠡᠢ
 
ᠢᠷᠡᠯᠲᠡ᠄ ᠲᠠᠷᠬᠠᠨ ᠮᠤᠤᠮᠢᠩᠭᠠᠨ ᠤ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号