| 9 ᠰᠡᠷ᠎ᠡ ᠶᠢᠨ 3 ᠤ ᠡᠳᠤᠷ ᠠᠷᠠᠳ ᠤᠨ ᠳᠡᠭᠡᠳᠦ ᠰᠢᠭᠦᠬᠦ ᠬᠤᠷᠢᠶ᠎ᠡ᠂ ᠠᠷᠠᠳ ᠤᠨ ᠳᠡᠭᠡᠳᠦ ᠪᠠᠶᠢᠴᠠᠭᠠᠬᠤ | ᠬᠤᠷᠢᠶ᠎ᠡ ᠬᠠᠮᠲᠤᠷᠠᠨ ︽ᠰᠢᠯᠭᠠᠯᠲᠠ ᠳᠤ ᠭᠡᠮ ᠬᠢᠬᠦ ᠶᠢ ᠵᠤᠬᠢᠶᠠᠨ ᠪᠠᠶᠢᠭᠤᠯᠬᠤ ᠵᠡᠷᠭᠡ ᠡᠷᠡᠭᠦᠦ ᠶᠢᠨ ᠬᠡᠷᠡᠭ ᠢ | ᠬᠦᠢᠴᠡᠳᠬᠡᠬᠦ ᠳᠤ ᠬᠡᠷᠡᠭᠯᠡᠵᠤ ᠪᠤᠯᠬᠤ ᠬᠠᠤᠯᠢ ᠴᠠᠭᠠᠵᠡ ᠶᠢᠨ ᠠᠰᠠᠭᠤᠳᠠᠯ ᠤᠳ ᠤᠨ ᠲᠤᠬᠠᠢ ᠲᠠᠶᠢᠯᠪᠦᠷᠢ︾ | ︵ᠳᠤᠷᠤᠭᠰᠢ ︽ᠲᠠᠶᠢᠯᠪᠦᠷᠢ︾ ᠬᠡᠵᠦ ᠲᠦᠭᠦᠮᠴᠢᠯᠡᠨ᠎ᠡ︶ ᠶᠢ ᠨᠡᠶᠢᠲᠡᠯᠡᠪᠡ᠃ | ᠲᠤᠰ ᠬᠠᠤᠯᠢ ᠴᠠᠭᠠᠵᠠ ᠶᠢᠨ ᠲᠠᠶᠢᠯᠪᠦᠷᠢ ᠶᠢ 2019 ᠤᠨ ᠤ 9 ᠰᠡᠷ᠎ᠡ ᠶᠢᠨ 4 ᠤ ᠡᠳᠤᠷ ᠠᠴᠠ ᠡᠬᠢᠯᠡᠨ | ᠬᠡᠷᠡᠭᠵᠢᠭᠦᠯᠪᠡ᠃ | ︽ᠡᠷᠡᠭᠦᠦ ᠶᠢᠨ ᠬᠠᠤᠯᠢ︾ ᠳᠠᠬᠢ ︽ᠬᠠᠤᠯᠢ ᠴᠠᠭᠠᠵᠠ ᠳᠤ ᠲᠤᠭᠲᠠᠭᠠᠭᠰᠠᠨ ᠤᠯᠤᠰ ᠤᠨ ᠰᠢᠯᠭᠠᠯᠲᠠ︾ ᠶᠢᠨ | ᠳᠤᠮᠳᠠ ᠭᠡᠮ ᠬᠢᠬᠦ ᠶᠢ ᠵᠤᠬᠢᠶᠠᠨ ᠪᠠᠶᠢᠭᠤᠯᠤᠭᠰᠠᠳ ᠢ ᠬᠠᠮᠤᠭ ᠤᠨ ᠦᠨᠳᠦᠷ ᠲᠡᠭᠡᠨ ︽ᠭᠤᠷᠪᠠᠨ ᠵᠢᠯ ᠠᠴᠠ ᠳᠡᠭᠡᠭᠰᠢ | ᠳᠤᠯᠤᠭᠠᠨ ᠵᠢᠯ ᠠᠴᠠ ᠳᠤᠷᠤᠭᠰᠢ ᠬᠤᠭᠤᠴᠠᠭ᠎ᠠ ᠲᠠᠢ ᠬᠤᠷᠢᠬᠤ ᠡᠷᠡᠬᠦᠦ ᠪᠠᠷ ᠰᠢᠳᠬᠡᠬᠦ ᠪᠦᠭᠡᠳ ᠵᠤᠭᠤᠰ ᠢᠶᠠᠷ | ᠲᠤᠷᠭᠠᠨ᠎ᠡ︾ ᠭᠡᠬᠦ ᠠᠭᠤᠯᠭ᠎ᠠ ᠳᠤ ᠪᠤᠲᠠᠲᠠᠢ ᠲᠠᠶᠢᠯᠪᠦᠷᠢᠯᠡᠯᠲᠡ ᠬᠢᠭᠰᠡᠨ ᠪᠠᠶᠢᠨ᠎ᠡ᠃ | 1. ᠶᠠᠮᠠᠷ ᠰᠢᠯᠭᠠᠯᠲᠡ ᠨᠢ ︽ᠬᠠᠦᠯᠢ ᠴᠠᠭᠠᠵᠡ ᠳᠤ ᠲᠤᠬᠳᠠᠭᠠᠭᠰᠡᠨ ᠤᠯᠤᠰ ᠤᠨ ᠰᠢᠯᠭᠠᠯᠲᠠ︾ ᠳᠤ | ᠬᠠᠷᠢᠶᠠᠯᠠᠭᠳᠠᠬᠤ ᠪᠤᠢ︖ | ︽ᠡᠷᠡᠭᠦᠦ ᠶᠢᠨ ᠬᠠᠤᠯᠢ︾ ᠶᠢᠨ ᠲᠤᠭᠲᠠᠭᠠᠯ ᠢ ᠦᠨᠳᠦᠰᠦᠯᠡᠪᠡᠯ᠂ ᠰᠢᠯᠭᠠᠯᠲᠠ ᠳᠤ ᠭᠡᠮ ᠬᠢᠬᠦ ᠵᠤᠬᠢᠶᠠᠨ | ᠪᠠᠶᠢᠭᠤᠯᠤᠭᠰᠡᠨ ᠶᠡᠯ᠎ᠡ᠂ ᠬᠠᠤᠯᠢ ᠪᠤᠰᠤ ᠪᠠᠷ ᠰᠢᠯᠭᠠᠯᠲᠡ ᠶᠢᠨ ᠰᠡᠳᠤᠪ ᠪᠡ ᠬᠠᠷᠢᠭᠤᠯᠲᠡ ᠶᠢ ᠬᠤᠳᠠᠯᠳᠤᠭᠰᠠᠨ᠂ | ᠬᠠᠩᠭᠠᠬᠰᠡᠨ ᠶᠡᠯ᠎ᠡ ᠪᠠ ᠤᠷᠤᠯᠠᠨ ᠰᠢᠯᠭᠠᠭᠰᠡᠨ ᠶᠡᠯ᠎ᠡ ᠶᠢᠨ ᠬᠡᠷᠡᠭᠯᠡᠬᠡᠨ ᠳᠤ ᠲᠤᠬᠢᠷᠠᠬᠤ ᠬᠦᠷᠢᠶ᠎ᠡ ᠬᠡᠪᠴᠢᠶ᠎ᠡ ᠪᠤᠯ | ︽ᠬᠠᠤᠯᠢ ᠴᠠᠭᠠᠵᠠ ᠳᠤ ᠲᠤᠬᠳᠠᠭᠠᠭᠰᠡᠨ ᠤᠯᠤᠰ ᠤᠨ ᠰᠢᠯᠭᠠᠯᠲᠡ︾ ᠪᠤᠯᠤᠨ᠎ᠡ᠃ | ︽ᠲᠠᠶᠢᠯᠪᠦᠷᠢ︾ ᠳᠤ ᠤᠯᠤᠰ ᠤᠨ ᠨᠢᠭᠡᠲᠦᠯᠲᠠᠢ ᠰᠢᠯᠭᠠᠯᠲᠠ ᠵᠡᠷᠭᠡ 4 ᠲᠦᠷᠦᠯ ᠤᠨ ᠰᠢᠯᠭᠠᠯᠲᠠ ᠳᠤ ᠭᠡᠮ | ᠬᠢᠭᠰᠡᠨ ᠢ ᠶᠡᠯ᠎ᠡ ᠬᠢᠭᠰᠡᠨ ᠳᠤ ᠲᠤᠭᠠᠴᠨᠨᠡ ᠭᠡᠵᠦ ᠲᠤᠳᠤᠷᠬᠠᠢ ᠲᠤᠬᠳᠠᠭᠠᠪᠡ᠃ ᠲᠤᠬᠠᠶᠢᠯᠠᠪᠡᠯ᠄ | ︵1︶ ᠡᠩ ᠤᠨ ᠶᠡᠭᠡ ᠲᠡᠭᠡᠲᠦ ᠰᠤᠷᠭᠠᠭᠤᠯᠢ ᠶᠢᠨ ᠰᠤᠷᠤᠭᠴᠢ ᠡᠯᠰᠡᠬᠦ ᠰᠢᠯᠭᠠᠯᠲᠡ᠂ ᠠᠰᠫᠢᠷᠠᠨᠲ ᠡᠯᠰᠡᠬᠦ | ᠰᠢᠯᠭᠠᠯᠲᠠ᠂ ᠳᠡᠭᠡᠳᠦ ᠵᠡᠷᠭᠡ ᠶᠢᠨ ᠰᠤᠷᠭᠠᠠ ᠬᠦᠮᠦᠵᠢᠯ ᠤᠨ ᠦᠪᠡᠷ ᠲᠡᠭᠡᠨ ᠰᠤᠷᠬᠤ ᠰᠢᠯᠭᠠᠯᠲᠠ᠂ ᠨᠠᠰᠤᠨ ᠳᠤ | ᠬᠦᠷᠦᠭᠰᠡᠳ ᠤᠨ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢ ᠡᠯᠰᠡᠬᠦ ᠰᠢᠯᠭᠠᠯᠲᠡ︔ | ︵2︶ ᠲᠦᠪ ᠪᠠ ᠤᠷᠤᠨ ᠨᠤᠲᠤᠭ ᠤᠨ ᠠᠯᠪᠠᠲᠠᠨ ᠤᠷᠢᠵᠦ ᠬᠡᠷᠡᠭᠯᠡᠬᠦ ᠰᠢᠯᠭᠠᠯᠲᠠ︔ | ︵3︶ ᠤᠯᠤᠰ ᠤᠨ ᠬᠠᠤᠯᠢ ᠴᠠᠭᠠᠵᠠ ᠶᠢᠨ ᠲᠤᠬᠠᠶᠢᠯᠠᠬᠰᠡᠨ ᠠᠵᠢᠯ ᠤᠨ ᠬᠢᠷᠢ ᠬᠡᠮ ᠤᠨ ᠨᠢᠭᠡᠲᠦᠯᠲᠠᠢ | ᠰᠢᠯᠭᠠᠯᠲᠠ᠂ ᠤᠯᠤᠰ ᠤᠨ ᠪᠠᠭᠰᠢ ᠶᠢᠨ ᠬᠢᠷᠢ ᠬᠡᠮ ᠤᠨ ᠰᠢᠯᠭᠠᠯᠲᠠ᠂ ᠳᠠᠩᠰᠠᠯᠠᠭᠤᠯᠤᠭᠰᠠᠨ ᠨᠢᠭᠲᠠᠯᠠᠠ | ᠪᠤᠳᠤᠭᠴᠢ ᠶᠢᠨ ᠤᠯᠤᠰ ᠤᠨ ᠨᠢᠭᠡᠲᠦᠯᠲᠠᠢ ᠰᠢᠯᠭᠠᠯᠲᠠ᠂ ᠨᠢᠭᠲᠠᠯᠠᠠ ᠪᠤᠳᠤᠭᠴᠢ ᠶᠢᠨ ᠲᠤᠰᠬᠠᠢ ᠮᠡᠷᠭᠡᠵᠢᠯ ᠤᠨ ᠬᠢᠷᠢ | ᠬᠡᠮ ᠤᠨ ᠰᠢᠯᠭᠠᠯᠲᠠ᠂ ᠡᠳ᠋ ᠬᠦᠷᠦᠩᠭᠡ ᠶᠢᠨ ᠦᠨᠡᠯᠡᠨ ᠵᠢᠱᠢᠭᠴᠢ ᠶᠢᠨ ᠬᠢᠷᠢ ᠬᠡᠮ ᠤᠨ ᠰᠢᠯᠭᠠᠯᠲᠠ᠂ ᠡᠮᠴᠢ ᠶᠢᠨ ᠬᠢᠷᠢ | ᠬᠡᠮ ᠤᠨ ᠰᠢᠯᠭᠠᠯᠲᠡ᠂ ᠲᠤᠰᠬᠠᠢ ᠡᠮ ᠨᠠᠶᠢᠷᠠᠬᠴᠢ ᠶᠢᠨ ᠲᠤᠬᠠᠶᠢᠯᠠᠬᠰᠡᠨ ᠠᠵᠢᠯ ᠤᠨ ᠬᠢᠷᠢ ᠬᠡᠮ ᠤᠨ ᠰᠢᠯᠭᠠᠯᠲᠠ᠂ | ᠳᠠᠩᠰᠠᠯᠠᠭᠤᠯᠤᠭᠰᠠᠨ ᠪᠠᠷᠢᠯᠭᠠᠴᠢᠨ ᠤ ᠰᠢᠯᠭᠠᠯᠲᠠ ᠵᠡᠷᠭᠡ ᠲᠤᠰᠬᠠᠢ ᠮᠡᠷᠭᠡᠵᠢᠯ ᠤᠨ ᠬᠢᠷᠢ ᠬᠡᠮ ᠤᠨ ᠰᠢᠯᠭᠠᠯᠲᠡ︔ | ︵4︶ ᠲᠦᠪ ᠤᠨ ᠪᠤᠶᠤ ᠤᠷᠤᠨ ᠨᠤᠲᠤᠭ ᠤᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠵᠢᠴᠢ ᠠᠵᠢᠯ | ᠲᠦᠷᠦᠯ ᠤᠨ ᠬᠢᠨ ᠠᠴᠠ ᠬᠠᠤᠯᠢ ᠴᠠᠭᠠᠵᠠ ᠪᠠᠷ ᠵᠤᠬᠢᠶᠠᠨ ᠪᠠᠶᠢᠭᠤᠯᠤᠭᠰᠡᠨ ᠪᠤᠰᠤᠳ ᠤᠯᠤᠰ ᠤᠨ ᠰᠢᠯᠭᠠᠯᠲᠡ᠃ | ᠡᠭᠦᠨ ᠤ ᠰᠠᠭᠤᠷᠢᠨ ᠲᠡᠭᠡᠷ᠎ᠡ᠂ ᠲᠡᠭᠡᠷ᠎ᠡ ᠳᠤᠷᠠᠳᠤᠭᠰᠠᠨ ᠰᠢᠯᠭᠠᠯᠲᠠ ᠳᠤ ᠬᠤᠯᠪᠤᠭᠳᠠᠭᠰᠠᠨ ᠤᠨᠴᠠᠭᠠᠢ | ᠲᠦᠷᠦᠯ ᠤᠨ ᠰᠤᠷᠤᠭᠴᠢ ᠡᠯᠰᠡᠬᠦ᠂ ᠤᠨᠴᠠᠭᠠᠢ ᠮᠡᠷᠭᠡᠵᠢᠯ ᠤᠨ ᠰᠤᠷᠢᠯᠲᠠ᠂ ᠨᠢᠭᠤᠷᠳᠠᠨ ᠰᠢᠯᠭᠠᠯᠲᠠ ᠵᠡᠷᠭᠡ ᠰᠢᠯᠭᠠᠯᠲᠠ | ᠪᠤᠯ ︽ᠬᠠᠤᠯᠢ ᠴᠠᠭᠠᠵᠠ ᠳᠤ ᠲᠤᠭᠲᠠᠭᠠᠭᠰᠠᠨ ᠤᠯᠤᠰ ᠤᠨ ᠰᠢᠯᠭᠠᠯᠲᠠ︾ ᠳᠤ ᠬᠠᠷᠢᠶᠠᠯᠠᠬᠳᠠᠨᠡ ᠭᠡᠵᠦ ︽ᠲᠠᠶᠢᠯᠪᠦᠷᠢ︾ | ᠶᠢᠨ ᠨᠢᠭᠡᠳᠦᠭᠡᠷ ᠵᠦᠢᠯ ᠤᠨ ᠭᠤᠷᠪᠠᠳᠤᠭᠠᠷ ᠠᠭᠤᠯᠭ᠎ᠠ ᠳᠤ ᠲᠤᠭᠲᠠᠭᠠᠪᠠ᠃ | 2. ᠶᠠᠮᠠᠷ ᠪᠡᠶᠢᠲᠡᠯ ᠨᠢ ︽ᠤᠶᠢᠯᠠ ᠪᠠᠶᠢᠲᠡᠯ ᠨᠢ ᠬᠦᠨᠲᠦ ᠨᠤᠴᠢᠲᠠᠢ︾ ᠲᠤ ᠳᠤᠭᠠᠴᠠᠭᠳᠠᠬᠤ ᠪᠤᠢ︖ | ᠬᠠᠮᠢᠶ᠎ᠡ ᠪᠦᠬᠦᠢ ᠬᠠᠤᠯᠢ ᠴᠠᠭᠠᠵᠠ ᠶᠢᠨ ᠲᠠᠶᠢᠯᠪᠦᠷᠢ ᠳᠤ ︽ᠦᠢᠯᠡ ᠪᠠᠶᠢᠲᠡᠯ ᠨᠢ ᠬᠦᠨᠳᠦ ᠨᠤᠴᠢᠲᠠᠢ︾ ᠭᠡᠬᠦ | ᠪᠠᠶᠢᠲᠡᠯ ᠳᠤ ᠲᠤᠰᠬᠠᠶᠢᠯᠠᠨ ᠲᠠᠶᠢᠯᠪᠦᠷᠢᠯᠡᠯᠲᠡ ᠬᠢᠪᠡ᠃ | ᠪᠠᠶᠢᠲᠡᠯ ᠨᠢᠭᠡ᠄ ᠡᠩ ᠤᠨ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢ ᠡᠯᠰᠡᠬᠦ ᠰᠢᠯᠭᠠᠯᠲᠠ᠂ ᠠᠰᠫᠢᠷᠠᠨᠲ | ᠡᠯᠰᠡᠬᠦ ᠰᠢᠯᠭᠠᠯᠲᠠ᠂ ᠤᠯᠤᠰ ᠤᠨ ᠠᠯᠪᠠᠲᠠᠨ ᠤᠷᠢᠵᠦ ᠬᠡᠷᠡᠭᠯᠡᠬᠦ ᠰᠢᠯᠭᠠᠯᠲᠡ ᠳᠤ ᠭᠡᠮ ᠬᠢᠭᠰᠡᠡ | ᠡᠩ ᠤᠨ ᠶᠡᠭᠡ ᠳᠡᠭᠡᠳᠦ ᠰᠤᠷᠭᠠᠭᠤᠯᠢ ᠶᠢᠨ ᠰᠤᠷᠤᠭᠴᠢ ᠡᠯᠰᠡᠬᠦ ᠰᠢᠯᠭᠠᠯᠲᠠ᠂ ᠠᠰᠫᠢᠷᠠᠨᠲ ᠡᠯᠰᠡᠬᠦ | ᠰᠢᠯᠭᠠᠯᠲᠠ᠂ ᠤᠯᠤᠰ ᠤᠨ ᠠᠯᠪᠠᠲᠠᠨ ᠤᠷᠢᠵᠦ ᠬᠡᠷᠡᠭᠯᠡᠬᠦ ᠰᠢᠯᠭᠠᠯᠲᠡ ᠨᠢ ᠨᠡᠶᠢᠭᠡᠮ ᠨᠡᠶᠢᠲᠡ ᠶᠢᠨ ᠠᠩᠬᠠᠷᠤᠯ | ᠳᠦᠪᠯᠡᠷᠡᠵᠤ ᠪᠠᠶᠢᠲᠡᠯ ᠶᠡᠭᠡ᠂ ᠨᠦᠯᠦᠭᠡ ᠶᠡᠭᠡ᠂ ᠬᠤᠯᠪᠤᠭᠳᠠᠬᠤ ᠬᠡᠪᠴᠢᠶ᠎ᠡ ᠦᠷᠭᠡᠨ᠃ ᠡᠨᠡᠬᠦ ᠭᠤᠷᠪᠠᠨ ᠲᠦᠷᠦᠯ ᠤᠨ | ᠰᠢᠯᠭᠠᠯᠲᠠ ᠳᠤ ᠭᠡᠮ ᠬᠢᠬᠦ ᠶᠢ ᠵᠤᠬᠢᠶᠠᠨ ᠪᠠᠶᠢᠭᠤᠯᠪᠡᠯ ︽ᠦᠢᠯᠡ ᠪᠠᠶᠢᠲᠡᠯ ᠨᠢ ᠬᠦᠨᠳᠦ ᠨᠤᠴᠢᠲᠠᠢ︾ ᠬᠡᠵᠦ | ᠲᠤᠬᠳᠠᠭᠠᠪᠡ᠃ | ᠪᠠᠶᠢᠲᠡᠯ ᠬᠤᠶᠠᠷ᠄ ᠰᠢᠯᠭᠠᠯᠲᠠ ᠶᠢ ᠬᠤᠶᠢᠰᠢᠯᠠᠭᠤᠯᠬᠤ᠂ ᠦᠭᠡᠶᠢᠰᠬᠡᠯᠭᠡᠬᠦ ᠳᠤ ᠬᠦᠷᠦᠭᠦᠯᠦᠭᠰᠡᠨ ᠪᠤᠶᠤ | ᠪᠡᠯᠡᠳᠭᠡᠯ ᠰᠡᠳᠤᠪ ᠬᠡᠷᠡᠭᠯᠡᠭᠰᠡᠨ | ᠰᠢᠯᠭᠠᠯᠲᠠ ᠳᠤ ᠭᠡᠮ ᠬᠢᠭᠰᠡᠨ ᠠᠴᠠ ᠰᠢᠯᠭᠠᠯᠲᠠ ᠶᠢ ᠬᠤᠶᠢᠰᠢᠯᠠᠭᠤᠯᠬᠤ᠂ ᠦᠬᠡᠶᠢᠰᠬᠡᠯᠬᠡᠬᠦ ᠳᠤ | ᠬᠦᠷᠦᠭᠦᠯᠦᠭᠰᠡᠨ ᠪᠤᠶᠤ ᠪᠡᠯᠡᠳᠭᠡᠯ ᠰᠡᠳᠦᠪ ᠬᠡᠷᠡᠭᠯᠡᠯᠭᠰᠡᠨ ᠢ ︽ᠲᠠᠶᠢᠯᠪᠦᠷᠢ︾ ᠳᠤ ︽ᠦᠢᠯᠡ ᠪᠠᠶᠢᠲᠡᠯ ᠨᠢ ᠬᠦᠨᠳᠦ | ᠨᠤᠴᠢᠲᠠᠢ︾ ᠭᠡᠵᠤ ᠲᠤᠳᠤᠷᠬᠠᠢ ᠲᠤᠭᠲᠠᠭᠠᠪᠠ᠃ | ᠪᠠᠶᠢᠲᠡᠯ ᠭᠤᠷᠪᠠ᠄ ᠤᠯᠠᠨ ᠤᠳᠠᠭ᠎ᠠ ᠵᠤᠬᠢᠶᠠᠨ ᠪᠠᠶᠢᠭᠤᠯᠤᠭᠰᠡᠨ ᠵᠢᠴᠢ ᠬᠦᠮᠦᠨ ᠤ ᠲᠤᠭ᠎ᠠ᠂ ᠮᠠᠰᠢᠨ ᠲᠤᠨᠤᠭ | ᠨᠢ ᠪᠠᠷᠢᠮᠵᠢᠶᠠᠨ ᠳᠤ ᠬᠦᠷᠦᠭᠰᠡᠨ | ᠰᠢᠯᠭᠠᠯᠲᠠ ᠳᠤ ᠭᠡᠮ ᠬᠢᠬᠦ ᠶᠢ ᠤᠯᠠᠨ ᠤᠳᠠᠭ᠎ᠠ ᠵᠤᠬᠢᠶᠠᠨ ᠪᠠᠶᠢᠭᠤᠯᠤᠭᠰᠡᠨ᠂ 30 ᠬᠦᠮᠦᠨ ᠤᠳᠠᠭ᠎ᠠ ᠠᠴᠠ | ᠳᠡᠭᠡᠭᠰᠢ ᠶᠢ ᠵᠤᠬᠢᠶᠠᠨ ᠪᠠᠶᠢᠭᠤᠯᠤᠨ ᠭᠡᠮ ᠬᠢᠭᠰᠡᠨ᠂ ᠵᠢᠴᠢ 50 ᠠᠴᠠ ᠳᠡᠭᠡᠭᠰᠢ ᠬᠡᠮ ᠬᠢᠬᠦ ᠮᠠᠰᠢᠨ ᠳᠤᠨᠤᠭ | ᠬᠠᠩᠭᠠᠭᠰᠠᠨ ᠢ ︽ᠦᠢᠯᠡ ᠪᠠᠶᠢᠲᠡᠯ ᠨᠢ ᠬᠦᠨᠳᠦ ᠨᠤᠴᠢᠲᠠᠢ︾ ᠭᠡᠵᠤ ︽ᠲᠠᠶᠢᠯᠪᠦᠷᠢ︾ ᠳᠤ ᠲᠤᠳᠤᠷᠬᠠᠢ ᠲᠤᠬᠳᠠᠭᠠᠪᠡ᠃ | ᠪᠠᠶᠢᠲᠡᠯ ᠳᠦᠷᠪᠡ᠄ ᠬᠠᠤᠯᠢ ᠪᠤᠰᠤ ᠪᠠᠷ ᠤᠯᠤᠭᠰᠠᠨ ᠮᠦᠡᠭᠭᠦ ᠨᠢ 30 ᠲᠦᠮᠡᠨ ᠲᠦᠭᠦᠷᠢᠭ ᠠᠴᠠ ᠲᠡᠭᠡᠭᠰᠢ | ᠬᠦᠷᠦᠭᠰᠡᠨ | ᠰᠢᠯᠭᠠᠯᠲᠠ ᠳᠤ ᠭᠡᠮ ᠬᠢᠬᠦ ᠶᠢ ᠵᠤᠬᠢᠶᠠᠨ ᠪᠠᠶᠢᠭᠤᠯᠤᠭᠰᠡᠨ ᠶᠡᠯ᠎ᠡ ᠶᠢ ᠴᠢᠩᠭ᠎ᠠ ᠵᠠᠯᠬᠠᠭᠠᠨ ᠰᠢᠳᠭᠡᠬᠦ ᠶᠢ | ᠪᠤᠳᠤᠯᠬᠢᠯᠠᠵᠤ᠂ ᠬᠠᠤᠯᠢ ᠪᠤᠰᠤ ᠪᠠᠷ ᠤᠯᠤᠭᠰᠠᠨ ᠮᠦᠡᠭᠭᠦ ᠨᠢ 30 ᠲᠦᠮᠡᠨ ᠲᠦᠭᠦᠷᠢᠭ ᠠᠴᠠ ᠳᠡᠭᠡᠭᠰᠢ ᠬᠦᠷᠦᠭᠰᠡᠨ ᠢ | ︽ᠦᠢᠯᠡ ᠪᠠᠶᠢᠲᠡᠯ ᠨᠢ ᠬᠦᠨᠳᠦ ᠨᠤᠴᠢᠲᠠᠢ︾ ᠭᠡᠵᠤ ︽ᠲᠠᠶᠢᠯᠪᠦᠷᠢ︾ ᠳᠤ ᠲᠤᠳᠤᠷᠬᠠᠢ ᠲᠤᠬᠳᠠᠭᠠᠪᠡ᠃ | 3. ᠶᠠᠮᠠᠷ ᠲᠤᠨᠤᠭ ᠨᠢ ︽ᠭᠡᠮ ᠬᠢᠬᠦ ᠲᠤᠨᠤᠭ︾ ᠲᠤ ᠲᠤᠭᠠᠴᠠᠭᠳᠠᠬᠤ ᠪᠤᠢ︖ | ︵1︶ ︽ᠭᠡᠮ ᠬᠢᠬᠦ ᠲᠤᠨᠤᠭ︾ ᠢ ᠮᠠᠭᠠᠳᠯᠠᠨ ᠲᠤᠭᠲᠠᠭᠠᠬᠤ ᠪᠠᠷᠢᠮᠵᠢᠶ᠎ᠡ᠄ ᠬᠠᠭᠤᠷᠮᠠᠭᠯᠠᠬᠤ ᠪᠠᠷ ᠳᠠᠮᠵᠢᠨ | ᠰᠢᠯᠭᠠᠯᠲᠠ ᠶᠢᠨ ᠲᠠᠯᠠᠪᠤᠷ ᠤᠨ ᠪᠠᠶᠢᠴᠠᠭᠠᠯᠲᠡ ᠠᠴᠠ ᠮᠤᠯᠳᠤᠷᠠᠬᠤ | ᠰᠢᠯᠭᠠᠯᠲᠠ ᠶᠢᠨ ᠲᠠᠯᠠᠪᠦᠷ ᠤᠨ ᠭᠡᠮ ᠬᠢᠬᠦ ᠠᠴᠠ ᠰᠡᠷᠭᠡᠶᠢᠯᠡᠬᠦ ᠠᠮᠤᠷ ᠲᠦᠪᠰᠢᠨ ᠤ ᠬᠠᠮᠢᠶᠠᠷᠤᠯᠲᠡ ᠶᠢᠨ | ᠠᠷᠭ᠎ᠠ ᠠᠪᠴᠡᠯ ᠠᠴᠠ ᠵᠠᠶᠢᠯᠠᠰᠬᠢᠬᠦ ᠪᠤᠶᠤ ᠳᠠᠪᠠᠭᠰᠠᠨ᠂ ᠰᠢᠯᠭᠠᠯᠲᠡ ᠶᠢᠨ ᠰᠡᠳᠤᠪ ᠪᠠ ᠬᠠᠷᠢᠭᠤᠯᠲᠠ ᠶᠢ ᠤᠯᠬᠤ᠂ | ᠲᠡᠮᠳᠡᠭᠯᠡᠬᠦ᠂ ᠳᠠᠮᠵᠢᠭᠤᠯᠬᠤ᠂ ᠬᠦᠯᠢᠶᠡᠨ ᠠᠪᠬᠤ᠂ ᠬᠠᠳᠠᠭᠠᠯᠠᠬᠤ ᠵᠡᠷᠭᠡ ᠴᠢᠳᠠᠮᠵᠢᠲᠠᠢ ᠫᠷᠦᠭᠷᠡᠮ᠂ ᠪᠠᠭᠠᠵᠢ ᠲᠤᠨᠤᠭ᠂ | ᠵᠢᠴᠢ ᠲᠤᠰᠬᠠᠢ ᠬᠡᠮ ᠬᠢᠬᠦ ᠳᠤ ᠬᠡᠷᠡᠭᠯᠡᠳᠡᠭ ᠫᠷᠦᠭᠷᠠᠮ᠂ ᠪᠠᠭᠠᠵᠢ ᠳᠤᠨᠤᠭ ᠢ ᠡᠷᠡᠭᠦᠦ ᠶᠢᠨ ᠬᠠᠤᠯᠢ ᠶᠢᠨ ᠬᠤᠶᠠᠷ ᠵᠠᠭᠤ | ᠨᠠᠶᠠᠨ ᠳᠦᠷᠪᠡᠳᠦᠭᠡᠷ ᠵᠦᠢᠯ ᠤᠨ ᠬᠤᠶᠠᠳᠤᠭᠠᠷ ᠠᠭᠤᠯᠭ᠎ᠠ ᠳᠤ ᠲᠤᠭᠲᠠᠭᠠᠭᠰᠠᠨ ︽ᠭᠡᠮ ᠬᠢᠬᠦ ᠲᠤᠨᠤᠭ︾ ᠢᠶᠠᠷ | ᠮᠠᠭᠠᠳᠯᠠᠨ ᠲᠤᠬᠳᠠᠭᠠᠨ᠎ᠡ ᠭᠡᠵᠦ ︽ᠲᠠᠶᠢᠯᠪᠦᠷᠢ︾ ᠳᠤ ᠲᠤᠭᠲᠠᠭᠠᠪᠠ᠃ | ᠬᠠᠭᠤᠷᠮᠠᠭᠯᠠᠨ ᠦᠢᠯᠡᠳᠬᠦ ᠪᠠᠷ ᠳᠠᠮᠵᠢᠨ ᠰᠢᠯᠭᠠᠯᠲᠠ ᠶᠢᠨ ᠲᠠᠯᠠᠪᠦᠷ ᠤᠨ ᠪᠠᠶᠢᠴᠠᠭᠠᠯᠲᠡ ᠠᠴᠠ ᠮᠤᠯᠳᠤᠷᠠᠬᠤ | ᠪᠦᠭᠡᠳ ᠰᠢᠯᠭᠠᠯᠲᠡ ᠶᠢᠨ ᠰᠡᠳᠤᠪ ᠪᠡ ᠬᠠᠷᠢᠭᠤᠯᠲᠡ ᠶᠢ ᠳᠠᠮᠵᠢᠭᠤᠯᠬᠤ᠂ ᠬᠦᠯᠢᠶᠡᠨ ᠠᠪᠴᠤ ᠪᠤᠯᠬᠤ ᠳᠤᠪᠴᠢ ᠶᠢᠨ | ᠬᠡᠯᠪᠡᠷᠢ ᠲᠠᠢ ᠲᠤᠭᠠᠴᠢᠯᠠᠭᠰᠠᠨ ᠭᠡᠷᠡᠯ ᠵᠢᠷᠤᠭ ᠤᠨ ᠮᠠᠰᠢᠨ ᠵᠡᠷᠭᠡ ᠲᠤᠨᠤᠭ ᠲᠦᠬᠦᠭᠡᠷᠦᠮᠵᠢ ᠪᠦᠬᠦᠨ ᠢ ︽ᠭᠡᠮ ᠬᠢᠬᠦ | ᠲᠤᠨᠤᠭ︾ ᠢᠶᠠᠷ ᠮᠠᠭᠠᠳᠯᠠᠨ ᠲᠤᠬᠳᠠᠭᠠᠨ᠎ᠡ ᠭᠡᠵᠦ ᠠᠷᠠᠳ ᠤᠨ ᠳᠡᠭᠡᠳᠦ ᠰᠢᠭᠦᠬᠦ ᠬᠤᠷᠢᠶ᠎ᠡ ᠶᠢᠨ ᠬᠠᠮᠢᠶ᠎ᠡ ᠪᠦᠬᠦᠢ | ᠬᠠᠷᠢᠭᠤᠴᠠᠯᠭᠠᠲᠡᠨ ᠠᠴᠠ ᠲᠠᠨᠢᠯᠴᠠᠭᠤᠯᠪᠡ᠃ | ︵2︶ ︽ᠭᠡᠮ ᠬᠢᠬᠦ ᠲᠤᠨᠤᠭ︾ ᠶᠢᠨ ᠮᠠᠭᠠᠳᠯᠠᠨ ᠲᠤᠭᠲᠠᠭᠠᠬᠤ ᠦᠨᠳᠦᠰᠦᠯᠡᠯ᠄ ᠮᠤᠵᠢ ᠶᠢᠨ ᠱᠠᠲᠤᠨ ᠤ ᠰᠠᠯᠠᠭ᠎ᠠ | ᠮᠦᠴᠢᠷ ᠵᠢᠴᠢ ᠬᠤᠯᠪᠤᠭᠳᠠᠯ ᠪᠦᠬᠦᠢ ᠲᠤᠭᠲᠠᠭᠠᠯ | ᠭᠡᠮ ᠬᠢᠬᠦ ᠲᠤᠨᠤᠭ ᠮᠦᠨ ᠡᠰᠡᠬᠦ ᠶᠢ ᠮᠠᠭᠠᠳᠯᠠᠨ ᠲᠤᠭᠲᠠᠭᠠᠬᠤ ᠳᠡᠰ ᠳᠠᠷᠠᠭᠠᠯᠠᠯ ᠢ ᠨᠢᠭᠡᠲᠦᠯᠲᠠᠢ | ᠪᠤᠯᠭᠠᠬᠤ ᠶᠢᠨ ᠲᠤᠰᠠᠳᠠ᠂ ︽ᠡᠷᠡᠭᠦᠦ ᠶᠢᠨ ᠬᠠᠤᠯᠢ ᠶᠢᠨ ᠬᠤᠶᠠᠷ ᠵᠠᠭᠤ ᠨᠠᠶᠠᠨ ᠳᠦᠷᠪᠡᠳᠦᠭᠡᠷ ᠵᠦᠢᠯ ᠤᠨ | ᠬᠤᠶᠠᠳᠤᠭᠠᠷ ᠠᠭᠤᠯᠭ᠎ᠠ ᠶᠢᠨ ᠲᠤᠭᠲᠠᠭᠠᠯ ᠢᠶᠠᠷ ︿ᠭᠡᠮ ᠬᠢᠬᠦ ᠲᠤᠨᠤᠭ﹀ ᠮᠦᠨ ᠡᠰᠡᠬᠦ ᠶᠢ ᠮᠠᠭᠠᠳᠯᠠᠨ ᠲᠤᠭᠲᠠᠭᠠᠬᠤ | ᠳᠤ ᠬᠦᠴᠢᠷ ᠪᠤᠯ᠂ ᠮᠤᠵᠢ ᠶᠢᠨ ᠱᠠᠲᠤᠨ ᠠᠴᠠ ᠳᠡᠭᠡᠭᠰᠢᠬᠢ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠪᠤᠶᠤ | ᠰᠢᠯᠭᠠᠯᠲᠠ ᠶᠢᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠨᠡᠶᠢᠲᠡᠯᠡᠭᠰᠡᠨ ᠮᠡᠳᠡᠭᠦᠯᠦᠯᠲᠡ ᠶᠢ ᠦᠨᠳᠦᠰᠦᠯᠡᠵᠦ᠂ | ᠪᠤᠰᠤᠳ ᠭᠡᠷᠡᠴᠢ ᠪᠠᠷᠢᠮᠲᠠ ᠲᠠᠢ ᠤᠶᠠᠯᠳᠤᠭᠤᠯᠤᠨ ᠮᠠᠭᠠᠳᠯᠠᠨ ᠲᠤᠬᠳᠠᠭᠠᠨ᠎ᠡ︔ ᠲᠠᠩᠨᠠᠭᠤᠯ ᠤᠨ ᠳᠤᠰᠬᠠᠢ ᠬᠡᠷᠡᠭᠯᠡᠬᠦ | ᠪᠠᠭᠠᠵᠢ ᠬᠡᠷᠡᠭᠰᠡᠯ᠂ ᠬᠤᠯᠠᠭᠠᠶᠢᠯᠠᠵᠦ ᠰᠣᠨᠣᠰᠬᠤ ᠪᠠ ᠰᠡᠬᠦᠳᠡᠷᠯᠡᠬᠦ ᠲᠤᠰᠬᠠᠢ ᠬᠡᠷᠡᠭᠯᠡᠬᠦ ᠪᠠᠭᠠᠵᠢ ᠬᠡᠷᠡᠭᠰᠡᠯ᠂ ︿ᠬᠠᠭᠤᠷᠮᠠᠭ | ᠳᠠᠮᠵᠢᠭᠤᠯᠬᠤ ᠦᠷᠲᠡᠭᠡ﹀ ᠵᠡᠷᠭᠡ ᠪᠠᠭᠠᠵᠢ ᠬᠡᠷᠡᠭᠰᠡᠯ ᠲᠠᠢ ᠬᠤᠯᠪᠤᠭᠳᠠᠭᠰᠡᠨ ᠢ ᠬᠤᠯᠪᠤᠭᠳᠠᠯ ᠪᠦᠬᠦᠢ ᠲᠤᠭᠲᠠᠭᠠᠯ ᠢ | ᠦᠨᠳᠦᠰᠦᠯᠡᠨ ᠮᠠᠭᠠᠳᠯᠠᠨ ᠲᠤᠬᠳᠠᠭᠠᠨ᠎ᠡ︾ ᠭᠡᠵᠦ ︽ᠲᠠᠶᠢᠯᠪᠦᠷᠢ︾ ᠶᠢᠨ ᠭᠤᠷᠪᠠᠳᠤᠭᠠᠷ ᠵᠦᠢᠯ ᠤᠨ ᠬᠤᠶᠠᠳᠤᠭᠠᠷ | ᠠᠭᠤᠯᠭ᠎ᠠ ᠳᠤ ᠲᠤᠭᠲᠠᠭᠠᠪᠠ᠃ | 4. ᠰᠢᠯᠭᠠᠯᠲᠠ ᠡᠬᠢᠯᠡᠬᠦ ᠠᠴᠠ ᠡᠮᠦᠨ᠎ᠡ ᠪᠠᠶᠢᠴᠠᠭᠠᠵᠦ ᠮᠡᠳᠡᠭᠳᠡᠭᠰᠡᠨ ᠪᠤᠯ ᠬᠡᠷᠡᠭ ᠦᠢᠯᠡᠳᠦᠭᠰᠡᠨ ᠳᠤ | ᠲᠤᠭᠠᠴᠠᠬᠳᠠᠨᠡ ᠤᠤ ᠦᠭᠡᠢ ᠤᠤ︖ | ᠰᠢᠯᠭᠠᠯᠲᠠ ᠳᠤ ᠭᠡᠮ ᠬᠢᠬᠦ ᠶᠢ ᠵᠤᠬᠢᠶᠠᠨ ᠪᠠᠶᠢᠭᠤᠯᠬᠤ ᠵᠢᠴᠢ ᠪᠤᠰᠤᠳ ᠤᠨ ᠰᠢᠯᠭᠠᠯᠲᠠ ᠳᠤ ᠬᠡᠮ ᠬᠢᠬᠦ ᠶᠢ | ᠵᠤᠬᠢᠶᠠᠨ ᠪᠠᠶᠢᠭᠤᠯᠬᠤ ᠶᠡᠯ᠎ᠡ ᠬᠢᠬᠦ ᠳᠤ ᠬᠡᠮ ᠬᠢᠬᠦ ᠪᠠᠭᠠᠵᠢ ᠲᠤᠨᠤᠭ ᠬᠠᠩᠭᠠᠬᠤ ᠪᠤᠶᠦ ᠪᠤᠰᠤᠳ ᠲᠡᠮᠵᠢᠯᠭᠡ | ᠦᠵᠡᠭᠦᠯᠬᠦ ᠪᠤᠯ ᠰᠢᠯᠭᠠᠯᠲᠡ ᠳᠤ ᠬᠡᠮ ᠬᠢᠬᠦ ᠶᠢ ᠵᠤᠬᠢᠶᠠᠨ ᠪᠠᠶᠢᠭᠤᠯᠤᠭᠰᠡᠨ ᠶᠡᠯ᠎ᠡ ᠪᠤᠯᠵᠦ ᠪᠦᠷᠢᠯᠳᠦᠬᠦ ᠶᠢᠨ | ᠴᠢᠬᠤᠯᠠ ᠤᠶᠢᠯᠠ ᠠᠵᠢᠯᠯᠠᠭ᠎ᠠ ᠪᠤᠯᠤᠨ᠎ᠡ᠃ ᠰᠢᠯᠭᠠᠯᠲᠠ ᠳᠤ ᠬᠡᠮ ᠬᠢᠬᠦ ᠶᠢ ᠵᠤᠬᠢᠶᠠᠨ ᠪᠠᠶᠢᠭᠤᠯᠤᠭᠰᠡᠨ ᠦᠢᠯᠡ | ᠠᠵᠢᠯᠠᠯᠭ᠎ᠠ ᠨᠢ ᠪᠤᠲᠠᠲᠠᠢ ᠲᠡᠭᠡᠷ᠎ᠡ ᠪᠠᠨ ᠨᠢᠭᠡᠨᠲᠡ ᠰᠢᠯᠭᠠᠯᠲᠠ ᠶᠢᠨ ᠡᠮᠬᠢ ᠲᠢᠭᠯᠢᠮ ᠢ ᠬᠦᠨᠳᠦ ᠨᠤᠴᠢᠲᠠᠢ | ᠰᠠᠮᠠᠭᠤᠷᠠᠭᠤᠯᠤᠭᠰᠠᠨ ᠪᠤᠯ ᠳᠠᠷᠤᠢ ᠶᠡᠯ᠎ᠡ ᠬᠢᠭᠰᠡᠨ ᠬᠡᠮᠵᠢᠶᠠᠨ ᠳᠤ ᠬᠦᠷᠦᠭᠰᠡᠨ ᠢᠶᠠᠷ ᠮᠠᠭᠠᠳᠯᠠᠨ ᠲᠤᠭᠲᠠᠭᠠᠵᠦ᠂ ᠭᠡᠮ | ᠬᠢᠬᠦ ᠶᠢᠨ ᠵᠤᠷᠢᠯᠭ᠎ᠠ ᠨᠢ ᠪᠠᠶᠠᠯᠡᠭᠲᠡᠭᠰᠡᠨ ᠡᠰᠡᠬᠦ ᠨᠢ ᠶᠡᠯ᠎ᠡ ᠪᠤᠯᠵᠦ ᠪᠦᠷᠢᠯᠳᠦᠬᠦ ᠶᠢ ᠨᠦᠯᠦᠭᠡᠯᠡᠬᠦ ᠦᠭᠡᠢ᠃ | ︽ᠰᠢᠯᠭᠠᠯᠲᠠ ᠳᠤ ᠭᠡᠮ ᠬᠢᠭᠰᠡᠨ ᠦᠢᠯᠡ ᠠᠵᠢᠯᠯᠠᠭ᠎ᠠ ᠨᠢ ᠬᠠᠤᠯᠢ ᠳᠦᠷᠢᠮ ᠳᠤ ᠲᠤᠬᠳᠠᠭᠠᠭᠰᠡᠨ ᠤᠯᠤᠰ ᠤᠨ | ᠰᠢᠯᠭᠠᠯᠲᠡ ᠶᠢᠨ ᠰᠡᠳᠤᠪ ᠪᠡ ᠬᠠᠷᠢᠭᠤᠯᠲᠡ ᠶᠢ ᠬᠠᠤᠯᠢ ᠪᠤᠰᠤ ᠪᠠᠷ ᠬᠤᠳᠠᠯᠳᠤᠭᠰᠠᠨ ᠪᠤᠶᠤ ᠬᠠᠨᠭ᠍ᠭᠠᠭᠰᠠᠨ ᠪᠠᠶᠢᠪᠡᠯ᠂ | ᠰᠡᠳᠤᠪ ᠤᠨ ᠪᠦᠷᠢᠨ ᠭᠦᠢᠴᠡᠳ ᠪᠤᠶᠤ ᠬᠠᠷᠢᠭᠤᠯᠲᠠ ᠶᠢᠨ ᠪᠠᠷᠢᠮᠵᠢᠶ᠎ᠡ ᠬᠠᠷᠢᠭᠤᠯᠲᠠ ᠲᠠᠢ ᠪᠦᠷᠢᠮᠤᠰᠤᠨ ᠨᠢᠭᠡᠲᠦᠯ | ᠦᠭᠡᠢ ᠴᠤ ᠬᠡᠰᠡᠨ ᠰᠢᠯᠭᠠᠯᠲᠡ ᠶᠢᠨ ᠰᠡᠳᠤᠪ ᠪᠡ ᠬᠠᠷᠢᠭᠤᠯᠲᠡ ᠶᠢ ᠬᠠᠤᠯᠢ ᠪᠤᠰᠤ ᠪᠠᠷ ᠬᠤᠳᠠᠯᠳᠤᠭᠰᠠᠨ ᠪᠤᠶᠤ | ᠬᠠᠨᠭ᠍ᠭᠠᠭᠰᠠᠨ ᠶᠡᠯ᠎ᠡ ᠪᠠᠷ ᠮᠠᠭᠠᠳᠯᠠᠨ ᠲᠤᠭᠲᠠᠭᠠᠬᠤ ᠶᠢ ᠨᠦᠯᠦᠭᠡᠯᠡᠬᠦ ᠦᠭᠡᠢ︾ ᠭᠡᠵᠦ ︽ᠲᠠᠶᠢᠯᠪᠦᠷᠢ︾ ᠳᠤ | ᠲᠤᠬᠳᠠᠭᠠᠪᠡ᠃ | ᠰᠢᠯᠭᠠᠯᠲᠠ ᠶᠢᠨ ᠰᠡᠳᠦᠪ ᠪᠠ ᠬᠠᠷᠢᠭᠤᠯᠲᠠ ᠶᠢ ᠬᠠᠤᠯᠢ ᠪᠤᠰᠤ ᠪᠠᠷ ᠬᠤᠳᠠᠯᠳᠤᠭᠰᠠᠨ ᠪᠤᠶᠤ ᠬᠠᠨᠭ᠍ᠭᠠᠭᠰᠠᠨ | ᠶᠡᠯ᠎ᠡ ᠳᠤ ᠴᠤ ︽ᠲᠠᠶᠢᠯᠪᠦᠷᠢ︾ ᠳᠤ ᠬᠤᠶᠠᠷ ᠵᠦᠢᠯ ᠤᠨ ᠡᠷᠡᠭᠦᠦ ᠰᠢᠳᠭᠡᠯ ᠤᠯᠭᠤᠬᠤ ᠪᠠᠷ ᠲᠤᠬᠢᠷᠠᠭᠤᠯᠪᠠ᠃ ᠡᠭᠦᠨ | ᠳᠤ᠂ ᠦᠢᠯᠡ ᠪᠡᠶᠢᠲᠡᠯ ᠨᠢ ᠬᠦᠨᠲᠦ ᠨᠤᠴᠢᠲᠠᠢ ᠪᠠᠶᠢᠪᠡᠯ ᠭᠤᠷᠪᠠᠨ ᠵᠢᠯ ᠠᠴᠠ ᠳᠡᠭᠡᠭᠰᠢ ᠲᠤᠯᠤᠭᠠᠨ ᠵᠢᠯ ᠠᠴᠠ | ᠲᠤᠷᠤᠭᠰᠢ ᠬᠤᠭᠤᠴᠠᠭ᠎ᠠ ᠲᠠᠢ ᠬᠤᠷᠢᠬᠤ ᠪᠦᠭᠡᠳ ᠵᠤᠭᠤᠰ ᠢᠶᠠᠷ ᠲᠤᠷᠭᠠᠨ᠎ᠡ᠃ | 5. ᠤᠷᠤᠯᠠᠨ ᠰᠢᠯᠭᠠᠬᠤ ᠶᠢ ᠬᠡᠷᠬᠢᠨ ᠰᠢᠳᠭᠡᠨ ᠲᠤᠷᠭᠠᠬᠤ ᠪᠤᠢ︖ | ︽ᠪᠤᠰᠤᠳ ᠢ ᠤᠷᠤᠯᠠᠨ ᠰᠢᠯᠭᠠᠬᠤ ᠪᠤᠶᠤ ᠪᠤᠰᠤᠳ ᠢᠶᠠᠷ ᠦᠪᠡᠷ ᠢ ᠪᠠᠨ ᠤᠷᠤᠯᠠᠭᠤᠯᠤᠨ ᠬᠠᠤᠯᠢ ᠳᠦᠷᠢᠮ | ᠳᠤ ᠲᠤᠭᠲᠠᠭᠠᠭᠰᠠᠨ ᠤᠯᠤᠰ ᠤᠨ ᠰᠢᠯᠭᠠᠯᠲᠠ ᠳᠤ ᠤᠷᠤᠯᠴᠠᠭᠤᠯᠤᠨ ᠰᠢᠯᠭᠠᠭᠤᠯᠪᠠᠯ᠂ ᠤᠷᠤᠯᠠᠨ ᠰᠢᠯᠭᠠᠬᠰᠠᠨ ᠶᠡᠯ᠎ᠡ | ᠪᠤᠯᠵᠦ ᠪᠦᠷᠢᠯᠳᠦᠠ᠂ ᠬᠤᠷᠢᠵᠦ ᠬᠦᠳᠡᠯᠮᠦᠷᠢᠯᠡᠭᠦᠯᠬᠦ ᠪᠤᠶᠦ ᠵᠠᠬᠢᠷᠤᠨ ᠬᠠᠮᠢᠶᠠᠷᠬᠤ ᠶᠢ ᠨᠡᠶᠢᠯᠡᠭᠦᠯᠦᠨ ᠰᠢᠳᠭᠡᠬᠦ ᠪᠤᠶᠤ | ᠵᠤᠭᠤᠰ ᠢᠶᠠᠷ ᠲᠤᠷᠭᠠᠨ᠎ᠡ︾ ᠭᠡᠵᠦ ︽ᠡᠷᠡᠭᠦᠦ ᠶᠢᠨ ᠬᠠᠦᠯᠢ︾ ᠳᠤ ᠲᠤᠬᠳᠠᠭᠠᠪᠡ᠃ | ᠤᠷᠤᠯᠠᠨ ᠰᠢᠯᠭᠠᠭᠰᠠᠨ ᠪᠠᠶᠢᠲᠡᠯ ᠪᠠ ᠦᠢᠯᠡ ᠪᠠᠶᠢᠲᠡᠯ ᠨᠢ ᠵᠦᠷᠢᠶ᠎ᠡ ᠲᠠᠢ᠂ ᠬᠤᠯᠪᠤᠭᠳᠠᠭᠰᠠᠨ | ᠰᠢᠯᠭᠠᠯᠲᠠ ᠶᠢᠨ ᠲᠦᠷᠦᠯ ᠵᠦᠢᠯ ᠨᠢ ᠠᠳᠠᠯᠢ ᠪᠤᠰᠤ ᠵᠡᠷᠬᠡ ᠶᠢ ᠪᠤᠳᠤᠯᠬᠢᠯᠠᠵᠤ᠂ ᠴᠢᠩᠭ᠎ᠠ ᠰᠤᠯᠠ ᠡᠷᠡᠬᠦᠦ ᠶᠢᠨ ᠬᠡᠷᠡᠭ | ᠤᠨ ᠲᠦᠷᠦ ᠶᠢᠨ ᠪᠤᠳᠤᠯᠭ᠎ᠠ ᠶᠢ ᠢᠯᠡᠷᠡᠭᠦᠯᠤᠠ᠂ ᠤᠷᠤᠯᠠᠨ ᠰᠢᠯᠭᠠᠭᠰᠠᠳ ᠤᠨ ᠭᠡᠮᠰᠢᠨ ᠵᠠᠰᠠᠷᠠᠬᠤ ᠶᠢ ᠠᠬᠢᠭᠤᠯᠵᠤ᠂ | ᠶᠡᠯ᠎ᠡ ᠬᠢᠭᠰᠡᠨ ᠳᠡᠭᠡᠨ ᠦᠨᠡᠨ ᠬᠦ ᠭᠡᠮᠰᠢᠨ ᠤᠬᠠᠭᠠᠷᠠᠭᠰᠠᠨ ᠢᠯᠡᠷᠡᠯ ᠲᠠᠢ ᠪᠤᠯ ᠬᠠᠤᠯᠢ ᠶᠤᠰᠤᠭᠠᠷ ᠠᠯᠭᠤᠷᠯᠠᠨ | ᠰᠢᠳᠭᠡᠬᠦ ᠪᠠᠷ ᠵᠠᠷᠯᠠᠵᠦ ᠪᠤᠯᠤᠨ᠎ᠡ ᠭᠡᠵᠦ ᠠᠷᠠᠳ ᠤᠨ ᠳᠡᠭᠡᠳᠦ ᠰᠢᠭᠦᠬᠦ ᠬᠤᠷᠢᠶ᠎ᠡ ᠶᠢᠨ ᠬᠠᠮᠢᠶ᠎ᠡ ᠪᠦᠬᠦᠢ | ᠬᠠᠷᠢᠭᠤᠴᠠᠯᠭᠠᠲᠡᠨ ᠠᠴᠠ ᠲᠠᠨᠢᠯᠴᠠᠭᠤᠯᠪᠡ᠃ | ᠡᠭᠦᠨ ᠠᠴᠠ ᠭᠠᠳᠠᠨ᠎ᠡ᠂ ︽ᠲᠠᠶᠢᠯᠪᠦᠷᠢ︾ ᠳᠤ ᠪᠠᠰᠠ ᠬᠠᠤᠯᠢ ᠳᠦᠷᠢᠮ ᠳᠤ ᠲᠤᠭᠲᠠᠭᠠᠭᠰᠠᠨ ᠤᠯᠤᠰ ᠤᠨ | ᠰᠢᠯᠭᠠᠯᠲᠠ ᠠᠴᠠ ᠪᠤᠰᠤᠳ ᠰᠢᠯᠭᠠᠯᠲᠠ ᠶᠢᠨ ᠳᠤᠮᠳᠠ ᠭᠡᠮ ᠬᠢᠭᠰᠡᠨ ᠶᠡᠯ᠎ᠡ ᠶᠢ ᠰᠢᠢᠳᠪᠦᠷᠢᠯᠡᠬᠦ ᠲᠦᠷᠢᠮ ᠲᠤᠬᠳᠠᠭᠠᠯ | ᠢ ᠴᠦ ᠲᠤᠳᠤᠷᠬᠠᠶᠢᠯᠠᠪᠡ᠃ ︵ᠡᠬᠡ ᠪᠢᠴᠢᠭ ᠢ ︽ᠰᠢᠨᠬᠤᠸᠠ ᠰᠦᠯᠵᠢᠶ᠎ᠡ︾ ᠠᠴᠠ ᠤᠷᠴᠢᠭᠤᠯᠤᠨ ᠨᠠᠶᠢᠷᠠᠭᠤᠯᠪᠡ︶ | |