2025 ᠣᠨ ᠠᠴᠠ 2029 ᠣᠨ ᠪᠣᠯᠲᠠᠯᠠᠬᠢ 5 ᠵᠢᠯ ᠳᠠᠷᠠᠭᠠᠯᠠᠨ ︽ᠭᠤᠴᠢᠨ︾ ᠦᠭᠡᠢ᠂ ᠥᠭᠡᠷ᠎ᠡ ᠪᠠᠷ | ᠬᠡᠯᠡᠪᠡᠯ ᠬᠥᠬᠡᠭᠡ ᠰᠠᠷ᠎ᠠ ᠶᠢᠨ ᠬᠤᠷᠢ ᠶᠢᠰᠦᠨ ᠠᠴᠠ ᠪᠠᠨ ᠰᠢᠭᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ | ᠤᠷᠤᠨ᠎ᠠ ᠭᠡᠵᠦ ᠬᠡᠯᠡᠵᠦ ᠥᠩᠭᠡᠷᠡᠭᠰᠡᠨ ᠶᠤᠮ᠃ ᠡᠨᠡ ᠬᠡᠳᠦᠨ ᠵᠢᠯ ᠤᠨ ᠭᠤᠴᠢᠨ ᠵᠢᠯ ᠪᠦᠷ ᠶᠠᠭᠠᠬᠢᠬᠰᠠᠨ ᠪᠤᠢ︖ | ᠳᠤᠮᠳᠠᠳᠤ ᠤᠯᠤᠰ ᠤᠨ ᠣᠳᠣᠨ ᠣᠷᠣᠨ ᠤ ᠰᠤᠳᠤᠯᠤᠯ ᠤᠨ ᠨᠡᠶᠢᠭᠡᠮᠯᠢᠭ ᠤᠨ ᠭᠡᠰᠢᠭᠦᠨ ᠲᠢᠶᠠᠨᠵᠢᠨ ᠬᠤᠲᠠ ᠶᠢᠨ | ᠣᠳᠣᠨ ᠣᠷᠣᠨ ᠤ ᠰᠤᠳᠤᠯᠤᠯ ᠤᠨ ᠨᠡᠶᠢᠭᠡᠮᠯᠢᠭ ᠤᠨ ᠬᠡᠷᠡᠭ ᠡᠷᠬᠢᠯᠡᠭᠴᠢ ᠶᠠᠩ ᠵᠢᠩ ᠲᠠᠨᠢᠯᠴᠠᠭᠤᠯᠤᠨ ᠬᠡᠯᠡᠬᠦ ᠳᠡᠭᠡᠨ | ᠬᠥᠬᠡᠭᠡ ᠰᠠᠷ᠎ᠠ ᠭᠡᠳᠡᠭ ᠨᠢ ᠪᠢᠯᠢᠭ ᠤᠨ ᠤᠯᠠᠷᠢᠯ ᠤᠨ ᠠᠷᠪᠠᠨ ᠬᠤᠶᠠᠳᠤᠭᠠᠷ ᠰᠠᠷ᠎ᠠ ᠶᠢᠨ ᠦᠭᠡᠷ᠎ᠡ ᠨᠢᠭᠡᠨ | ᠨᠡᠷᠡᠶᠢᠳᠦᠯ ᠨᠢ ᠪᠤᠯᠬᠤ ᠶᠤᠮ᠃ ᠪᠢᠯᠢᠭ ᠤᠨ ᠤᠯᠠᠷᠢᠯ ᠪᠤᠯ ᠮᠠᠨ ᠤ ᠤᠯᠤᠰ ᠤᠨ ᠤᠯᠠᠮᠵᠢᠯᠠᠯᠲᠤ ᠵᠢᠷᠤᠬᠠᠶ ᠪᠤᠯᠬᠤ | ᠪᠦᠭᠡᠳ ᠰᠠᠷᠠᠨ ᠪᠥᠮᠪᠥᠷᠴᠡᠭ ᠤᠨ ᠳᠡᠯᠡᠬᠡᠢ ᠶᠢᠨ ᠪᠥᠮᠪᠥᠷᠴᠡᠭ ᠢ ᠲᠣᠭᠤᠷᠢᠨ ᠡᠷᠭᠢᠬᠦ ᠦᠶᠡᠯᠡᠯ ᠪᠠ ᠳᠡᠯᠡᠬᠡᠢ ᠶᠢᠨ | ᠪᠥᠮᠪᠥᠷᠴᠡᠭ ᠤᠨ ᠨᠠᠷᠠ ᠶᠢ ᠲᠣᠭᠤᠷᠢᠨ ᠡᠷᠭᠢᠬᠦ ᠦᠶᠡᠯᠡᠯ ᠢ ᠬᠠᠮᠲᠤ ᠳᠤᠨᠢ ᠬᠠᠷᠠᠭᠠᠯᠵᠠᠨ ᠲᠣᠭᠲᠠᠭᠠᠭᠰᠠᠨ ᠨᠢ ᠨᠢᠭᠡ | ᠵᠦᠢᠯ ᠤᠨ ᠠᠷᠭ᠎ᠠ ᠪᠢᠯᠢᠭ ᠤᠨ ᠨᠡᠶᠢᠯᠡᠮᠡᠯ ᠤᠯᠠᠷᠢᠯ ᠪᠣᠯᠤᠨ᠎ᠠ᠃ ᠪᠢᠯᠢᠭ ᠤᠨ ᠤᠯᠠᠷᠢᠯ ᠤᠨ ᠰᠠᠷ᠎ᠠ ᠶᠢ ᠭᠤᠤᠯᠳᠠᠭᠤ | ᠰᠠᠷ᠎ᠠ ᠲᠡᠷᠭᠡᠯᠰᠢᠬᠦ ᠪᠠ ᠬᠡᠯᠳᠡᠶᠢᠭᠡᠰᠢᠬᠦ ᠬᠤᠪᠢᠷᠠᠯᠲᠠ ᠶᠢᠨ ᠦᠶᠡᠯᠡᠯ ᠢᠶᠠᠷ ᠲᠣᠭᠲᠠᠭᠠᠪᠠ᠂ ᠣᠲᠣ ᠦᠶ᠎ᠡ ᠶᠢᠨ ᠣᠳᠣᠨ | ᠣᠷᠣᠨ ᠤ ᠰᠤᠳᠤᠯᠤᠯ ᠳᠤ ᠨᠢᠭᠡᠨᠲᠡ ᠰᠠᠷ᠎ᠠ ᠪᠠ ᠨᠡᠷᠡᠨ ᠤ ᠥᠨᠳᠥᠷ ᠨᠠᠷᠢᠯᠢᠭ ᠪᠠᠶᠢᠷᠢ ᠶᠢᠨ ᠵᠠᠭᠪᠤᠷ ᠢ ᠦᠨᠳᠦᠰᠦᠯᠡᠨ | ᠪᠦᠬᠦ᠋ᠢᠯᠡ ᠰᠠᠷᠠᠨ ᠤ ᠳᠦᠷᠰᠦ ᠶᠢᠨ ᠬᠤᠪᠢᠷᠠᠯᠲᠠ ᠶᠢᠨ ᠦᠶᠡᠯᠡᠯ ᠢ ᠪᠠᠷᠤᠭ 29.5306 ᠡᠳᠦᠷ ᠭᠡᠵᠦ | ᠣᠨᠣᠪᠴᠢᠲᠠᠶ ᠪᠤᠳᠤᠵᠤ ᠭᠠᠷᠭᠠᠵᠠᠶ᠃ ᠨᠢᠭᠡ ᠰᠠᠷ᠎ᠠ ᠶᠢᠨ ᠡᠳᠦᠷ ᠤᠨ ᠲᠤᠭ᠎ᠠ ᠶᠢ ᠪᠦᠬᠦᠯᠢ ᠲᠤᠭ᠎ᠠ ᠪᠠᠷ ᠢᠯᠡᠳᠬᠡᠬᠦ | ᠪᠤᠯᠬᠤᠷ ᠵᠠᠷᠢᠮ ᠳᠠᠭᠠᠨ ᠪᠠᠭ᠎ᠠ ᠰᠠᠷ᠎ᠠ ︵29 ᠡᠳᠦᠷ︶ ᠵᠠᠷᠢᠮ ᠳᠠᠭᠠᠨ ᠶᠡᠭᠡ ᠰᠠᠷ᠎ᠠ ︵30 ᠡᠳᠦᠷ︶ ᠭᠠᠷᠳᠠᠭ | ᠪᠦᠭᠡᠳ ᠶᠡᠭᠡ ᠪᠠᠭ᠎ᠠ ᠰᠠᠷ᠎ᠠ ᠶᠢᠨ ᠭᠠᠷᠬᠤ ᠨᠢ ᠶᠡᠭᠡ ᠰᠠᠷ᠎ᠠ ᠪᠠᠭ᠎ᠠ ᠰᠠᠷ᠎ᠠ ᠪᠤᠶᠤ ᠪᠠᠭ᠎ᠠ ᠰᠠᠷ᠎ᠠ ᠶᠡᠭᠡ ᠰᠠᠷ᠎ᠠ ᠶᠢᠨ | ᠬᠤᠭᠤᠷᠣᠨᠳᠣᠬᠢ ᠵᠠᠢ ᠪᠠᠷ ᠵᠢᠭᠰᠠᠭᠠᠬᠰᠠᠨ ᠪᠢᠰᠢ᠂ ᠪᠠᠰᠠ ᠵᠠᠯᠭᠠᠭ᠎ᠠ ᠪᠠᠷ ᠬᠡᠳᠦᠨ ᠶᠡᠭᠡ ᠰᠠᠷ᠎ᠠ ᠪᠤᠶᠤ ᠵᠠᠯᠭᠠᠭ᠎ᠠ ᠪᠠᠷ | ᠬᠡᠳᠦᠨ ᠪᠠᠭ᠎ᠠ ᠰᠠᠷ᠎ᠠ ᠪᠣᠯᠬᠤ ᠪᠠᠶᠢᠳᠠᠯ ᠭᠠᠷᠴᠤ ᠮᠡᠳᠡᠨ᠎ᠡ᠂ ᠡᠭᠦᠨ ᠢ ᠨᠠᠷᠢᠨ ᠣᠨᠣᠪᠴᠢᠲᠠᠢ ᠪᠣᠳᠣᠵᠦ ᠲᠣᠭᠲᠠᠭᠠᠬᠤ | ᠬᠡᠷᠡᠭᠲᠡᠢ᠃ ᠬᠡᠷᠪᠡ ᠬᠦᠭᠡᠭᠡ ᠰᠠᠷ᠎ᠠ ᠨᠢ ᠶᠠᠭ ᠰᠠᠶᠢᠬᠠᠨ ᠪᠢᠯᠢᠭ ᠤᠨ ᠤᠯᠠᠷᠢᠯ ᠤᠨ ᠪᠠᠭ᠎ᠠ ᠰᠠᠷ᠎ᠠ 29 ᠡᠳᠦᠷ | ᠲᠤᠬᠢᠶᠠᠪᠠᠯ ᠬᠠᠷᠢᠨ ᠬᠦᠭᠡᠭᠡ ᠰᠠᠷ᠎ᠠ ᠶᠢᠨ ᠭᠤᠴᠢᠨ ︵ᠠᠷᠠᠳ ᠤᠨ ᠬᠡᠯᠡᠯᠭᠡ ᠪᠠᠷ ᠪᠢᠲᠡᠭᠦᠨ ᠭᠡᠳᠡᠭ︶ ᠪᠠᠶᠢᠬᠤ ᠦᠭᠡᠢ | ᠶᠤᠮ᠂ ᠪᠦᠷᠢᠳᠭᠡᠯ ᠢ ᠦᠨᠳᠦᠰᠦᠯᠡᠪᠡᠯ᠂ ᠬᠤᠶᠢᠰᠢᠳᠠ ᠶᠢᠨ 26 ᠵᠢᠯ ᠳᠤ᠂ ᠳᠠᠷᠤᠶ 2050 ᠣᠨ ᠪᠤᠯᠳᠠᠯ᠎ᠠ | ᠭᠤᠴᠢᠨ ᠲᠠᠢ ᠵᠢᠯ ᠨᠡᠶᠢᠲᠡ 14 ᠤᠳᠠᠭ᠎ᠠ ᠭᠠᠷᠤᠨ᠎ᠠ᠃ |