108 % ᠪᠠᠷ ᠶᠡᠭᠡ ᠪᠠᠷ ᠥᠰᠴᠡᠶ︕ 2000 ᠲᠦᠮᠡᠨ ᠬᠥᠮᠦᠨ ᠢ ᠳᠠᠪᠠᠪᠠ︕
ᠨᠡᠶᠢᠲᠡᠯᠡᠭᠰᠡᠨ ᠴᠠᠭ᠄
2025/2/14
      ᠬᠤᠳᠠᠯᠳᠤᠭᠠᠨ ᠤ ᠶᠠᠪᠤᠳᠠᠯ ᠤᠨ ᠶᠠᠮᠤᠨ ᠤ ᠪᠥᠬᠦ ᠤᠯᠤᠰ ᠤᠨ ᠴᠠᠬᠢᠯᠭᠠᠨ ᠭᠡᠷᠡᠭᠰᠡᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠵᠢᠴᠢ ᠭᠠᠷ ᠤᠲᠠᠰᠤ ᠵᠡᠷᠭᠡ ᠲᠣᠭᠠᠴᠢᠯᠠᠭᠰᠠᠨ ᠤᠶᠢᠯᠡᠳᠬᠦᠨ ᠬᠤᠳᠠᠯᠳᠤᠨ ᠠᠪᠬᠤ ᠰᠢᠨ᠎ᠡ ᠳ᠋ᠠᠶᠢᠲ᠋ᠠ ᠶᠢᠨ ᠲᠠᠪᠴᠠᠩ ᠠᠴᠠ ᠦᠵᠡᠪᠡᠯ᠂ 1 ᠰᠠᠷ᠎ᠠ ᠶᠢᠨ 20 ᠤ ᠡᠳᠦᠷ ᠤᠨ 0 ᠴᠠᠭ ᠠᠴᠠ 2 ᠰᠠᠷ᠎ᠠ ᠶᠢᠨ 8 ᠤ ᠡᠳᠦᠷ ᠤᠨ 24 ᠴᠠᠭ ᠪᠤᠯᠳᠠᠯ᠎ᠠ᠂ 2009.2 ᠲᠦᠮᠡᠨ ᠬᠡᠷᠡᠭᠯᠡᠭᠴᠢ 2541.4 ᠲᠦᠮᠡᠨ ᠭᠠᠷ ᠤᠲᠠᠰᠤ ᠵᠡᠷᠭᠡ ᠲᠣᠭᠠᠴᠢᠯᠠᠭᠰᠠᠨ ᠤᠶᠢᠯᠡᠳᠬᠦᠨ ᠬᠤᠳᠠᠯᠳᠤᠨ ᠠᠪᠬᠤ ᠨᠥᠬᠦᠪᠥᠷᠢ ᠶᠢ ᠭᠤᠶᠤᠴᠢᠯᠠᠪᠠ᠃      1 ᠰᠠᠷ᠎ᠠ ᠶᠢᠨ 15 ᠤ ᠡᠳᠦᠷ᠂ ᠬᠤᠳᠠᠯᠳᠤᠭᠠᠨ ᠤ ᠶᠠᠪᠤᠳᠠᠯ ᠤᠨ ᠶᠠᠮᠤᠨ ᠨᠢ ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ︽ᠭᠠᠷ ᠤᠲᠠᠰᠤ᠂ ᠬᠠᠪᠲᠠᠭᠠᠶ ᠺᠣᠮᠫᠢᠦ᠋ᠲ᠋ᠧᠷ᠂ ᠤᠶᠤᠨᠲᠤ ᠭᠠᠷ ᠴᠠᠭ ︵ᠪᠠᠭᠤᠣ ᠴᠠᠭ︶ ᠬᠤᠳᠠᠯᠳᠤᠨ ᠠᠪᠬᠤ ᠳᠤ ᠨᠥᠬᠦᠪᠥᠷᠢ ᠥᠭᠬᠦ ᠲᠤᠬᠠᠶ ᠬᠡᠷᠡᠭᠵᠢᠭᠦᠯᠬᠦ ᠰᠢᠨ᠎ᠡ ᠲᠥᠰᠦᠯ︾ ᠢ ᠨᠡᠶᠢᠲᠡᠯᠡᠵᠦ᠂ ᠡᠯ᠎ᠡ ᠭᠠᠵᠠᠷ ᠤᠨ ᠨᠥᠬᠦᠪᠥᠷᠢ ᠥᠭᠬᠦ ᠶᠠᠪᠤᠴᠠ ᠪᠠᠨ ᠰᠢᠯᠢᠳᠡᠭᠵᠢᠭᠦᠯᠦᠨ ᠬᠡᠷᠡᠭᠯᠡᠭᠴᠢᠳ ᠲᠤ ᠲᠥᠬᠦᠮ ᠦᠵᠡᠭᠦᠯᠵᠦ᠂ ᠡᠯ᠎ᠡ ᠲᠥᠷᠥᠯ ᠤᠨ ᠪᠡᠶᠡᠴᠢ ᠴᠣᠭᠴᠠ ᠶᠢᠨ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠳᠤ ᠣᠷᠣᠯᠴᠠᠬᠤ ᠶᠢ ᠨᠢᠭᠡ ᠯᠡ ᠠᠳᠠᠯᠢ ᠪᠠᠷ ᠳᠡᠮᠵᠢᠵᠦ᠂ ᠨᠥᠬᠦᠪᠥᠷᠢ ᠥᠭᠬᠦ ᠰᠢᠨ᠎ᠡ ᠲᠥᠰᠦᠯ ᠢ ᠰᠠᠶᠢᠳᠤᠷ ᠬᠡᠷᠡᠭᠵᠢᠭᠦᠯᠬᠦ ᠣᠷᠴᠢᠨ ᠨᠥᠬᠦᠴᠡᠯ ᠢ ᠪᠣᠶ ᠪᠣᠯᠭᠠᠬᠤ ᠲᠤᠬᠠᠶ ᠪᠠᠶᠢᠷᠢᠯᠠᠭᠤᠯᠪᠠ᠃ ᠴᠠᠭᠠᠨ ᠰᠠᠷ᠎ᠠ ᠶᠢᠨ ᠬᠡᠷᠡᠭᠯᠡᠭᠡᠨ ᠤ ᠬᠥᠭᠵᠢᠶᠡᠨᠲᠡᠶ ᠤᠯᠠᠷᠢᠯ ᠢ ᠵᠠᠪᠳᠤᠨ ᠠᠳᠬᠤᠵᠤ᠂ ᠪᠠᠶᠠᠷ ᠤᠨ ᠡᠳᠦᠷ ᠤᠨ ᠬᠡᠷᠡᠭᠯᠡᠭᠡᠨ ᠤ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠬᠤᠳᠠᠯᠳᠤᠭᠠᠨ ᠤ ᠶᠠᠪᠤᠳᠠᠯ ᠤᠨ ᠶᠠᠮᠤᠨ ᠤ ᠬᠢᠨ ᠴᠢᠳᠠᠬᠤ ᠶᠢᠨ ᠬᠢᠷᠢ ᠪᠠᠷ ᠡᠷᠲᠡ ᠬᠢᠬᠦ᠂ ᠴᠢᠳᠠᠬᠤ ᠶᠢᠨ ᠲᠤᠳᠤᠷ᠎ᠠ ᠡᠷᠳᠡ ᠬᠢᠬᠦ ᠠᠴᠠ ᠪᠢᠰᠢ ᠤᠷᠤᠶᠢᠳᠠᠬᠤ ᠦᠭᠡᠢ ᠪᠠᠶᠢᠬᠤ ᠠᠵᠢᠯ ᠤᠨ ᠵᠠᠷᠴᠢᠮ ᠢ ᠪᠠᠷᠢᠮᠲᠠᠯᠠᠨ᠂ ᠠᠵᠢᠯ ᠤᠨ ᠲᠣᠬᠢᠷᠠᠭᠤᠯᠤᠯᠲᠠ ᠪᠠ ᠲᠤᠬᠠᠶᠢᠯᠠᠭᠰᠠᠨ ᠠᠵᠢᠯ ᠤᠨ ᠵᠢᠯᠣᠭᠤᠳᠣᠯᠭ᠎ᠠ ᠪᠠᠨ ᠴᠢᠩᠭᠠᠳᠬᠠᠵᠤ᠂ ᠡᠯ᠎ᠡ ᠭᠠᠵᠠᠷ ᠤᠨ ᠬᠢᠨ ᠢ ᠰᠢᠪᠠᠳᠠᠨ ᠲᠥᠷᠥ ᠶᠢᠨ ᠪᠣᠳᠣᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠲᠦᠷᠭᠡᠳᠬᠡᠪᠡ᠃ 1 ᠰᠠᠷ᠎ᠠ ᠶᠢᠨ 20 ᠤ ᠡᠳᠦᠷ ᠪᠥᠬᠦ ᠤᠯᠤᠰ ᠤᠨ 28 ᠮᠤᠵᠢ ᠨᠢ ᠨᠥᠬᠦᠪᠥᠷᠢ ᠥᠭᠬᠦ ᠲᠥᠷᠥ ᠶᠢᠨ ᠪᠣᠳᠣᠯᠭ᠎ᠠ ᠶᠢ ᠴᠠᠭ ᠲᠤᠬᠠᠶ ᠳᠤᠨᠢ ᠬᠡᠷᠡᠭᠵᠢᠭᠦᠯᠵᠦ᠂ ᠪᠤᠰᠤᠳ ᠭᠠᠵᠠᠷ ᠣᠷᠣᠨ ᠴᠤ ᠵᠠᠯᠭᠠᠭ᠎ᠠ ᠪᠠᠷ ᠨᠠᠶᠢᠳᠠᠪᠤᠷᠢᠵᠢᠭᠤᠯᠤᠨ ᠬᠡᠷᠡᠭᠵᠢᠭᠦᠯᠵᠡᠢ᠃      ᠳᠤᠮᠳᠠᠳᠤ ᠤᠯᠤᠰ ᠤᠨ ᠪᠠᠩᠬᠢ ᠶᠢᠨ ᠬᠤᠯᠪᠣᠭᠠᠨ ᠤ ᠬᠢᠨᠠᠨ ᠬᠡᠮᠵᠢᠭᠰᠡᠨ ᠲᠤᠭ᠎ᠠ ᠪᠠᠷᠢᠮᠲᠠ ᠶᠢ ᠦᠨᠳᠦᠰᠦᠯᠡᠪᠡᠯ ᠂ ᠪᠥᠬᠦ ᠤᠯᠤᠰ ᠤᠨ 6000 ᠭᠠᠷᠤᠶ ᠬᠤᠳᠠᠯᠳᠤᠭᠠᠨ ᠤ ᠡᠷᠦᠬᠡ ᠨᠢ ᠪᠠᠩᠬᠢ ᠶᠢᠨ ᠬᠤᠯᠪᠣᠭ᠎ᠠ ᠪᠠᠷ ᠳᠠᠮᠵᠢᠭᠤᠯᠤᠨ ᠭᠠᠷ ᠤᠲᠠᠰᠤ ᠵᠡᠷᠭᠡ ᠲᠣᠭᠠᠴᠢᠯᠠᠭᠰᠠᠨ ᠤᠶᠢᠯᠡᠳᠬᠦᠨ ᠬᠤᠳᠠᠯᠳᠤᠨ ᠠᠪᠬᠤ ᠳᠤ ᠨᠥᠬᠦᠪᠥᠷᠢ ᠥᠭᠬᠦ ᠰᠢᠨ᠎ᠡ ᠲᠦᠰᠦᠯ  ᠤᠨ ᠠᠵᠢᠯᠯᠠᠭ᠎ᠠ ᠳᠤ ᠣᠷᠣᠯᠴᠠᠵᠤ᠂ ᠨᠥᠬᠦᠪᠥᠷᠢ ᠶᠢᠨ ᠠᠷᠠᠯᠵᠢᠶ᠎ᠠ 626.84 ᠲᠦᠮᠨ ᠪᠤᠯᠵᠤ᠂ ᠪᠣᠷᠣᠯᠠᠭᠤᠯᠭ᠎ᠠ  ᠶᠢᠨ ᠵᠣᠭᠤᠰ ᠤᠨ ᠲᠤᠭ᠎ᠠ ᠨᠢ ᠪᠠᠷᠤᠭ 205.8 ᠳ᠋ᠦᠩᠰᠢᠭᠤᠷ ᠲᠥᠭᠦᠷᠢᠭ ᠲᠤ ᠬᠦᠷᠴᠡᠶ᠃ ᠭᠤᠷᠪᠠᠳᠠᠬᠢ ᠡᠲᠡᠭᠡᠳ ᠤᠨ ᠵᠠᠬ᠎ᠠ ᠳᠡᠯᠭᠡᠭᠦᠷ ᠤᠨ ᠪᠠᠶᠢᠴᠠᠭᠠᠯᠲᠠ ᠶᠢᠨ ᠪᠠᠶᠢᠭᠤᠯᠤᠮᠵᠢ ᠶᠢᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠨᠥᠬᠦᠪᠥᠷᠢ ᠥᠭᠬᠦ ᠰᠢᠨ᠎ᠡ ᠲᠥᠷᠥ ᠶᠢᠨ ᠪᠣᠳᠣᠯᠭ᠎ᠠ ᠨᠢ ᠭᠠᠷ ᠤᠲᠠᠰᠤᠨ ᠤ ᠵᠠᠬ᠎ᠠ ᠳᠡᠯᠭᠡᠭᠦᠷ ᠤᠨ ᠲᠤᠭ᠎ᠠ ᠬᠡᠮᠵᠢᠶ᠎ᠡ ᠶᠢ ᠵᠡᠷᠭᠡ ᠪᠠᠷ ᠨᠡᠮᠡᠭᠳᠡᠭᠦᠯᠵᠦ᠂ ᠴᠠᠭᠠᠨ ᠰᠠᠷ᠎ᠠ ᠠᠴᠠ ᠡᠮᠦᠨᠡᠬᠢ ᠨᠢᠭᠡ ᠭᠠᠷᠠᠭ ᠲᠤ ᠭᠠᠷ ᠤᠲᠠᠰᠤᠨ ᠤ ᠪᠣᠷᠣᠯᠠᠭᠤᠯᠭ᠎ᠠ ᠶᠢᠨ ᠬᠡᠮᠵᠢᠶ᠎ᠡ᠂ ᠪᠣᠷᠣᠯᠠᠭᠤᠯᠭ᠎ᠠ ᠶᠢᠨ ᠲᠤᠭ᠎ᠠ ᠨᠢ ᠭᠠᠷᠠᠬᠠᠨ ᠬᠠᠷᠢᠴᠠᠯ ᠢᠶᠠᠷ ᠲᠣᠰ ᠲᠣᠰ 74% ᠪᠠ 65% ᠪᠠᠷ ᠥᠰᠴᠦ᠂ ᠠᠳᠠᠯᠢ ᠬᠤᠭᠤᠴᠠᠭᠠᠨ ᠤ ᠬᠢ ᠠᠴᠠ ᠪᠠᠨ ᠲᠣᠰ ᠲᠣᠰ 30 % ᠪᠠ 34 % ᠪᠠᠷ ᠥᠰᠴᠡᠶ︔ ᠴᠠᠭᠠᠨ ᠰᠠᠷ᠎ᠠ ᠶᠢᠨ ᠬᠤᠭᠤᠴᠠᠭᠠᠨ ᠳᠤ᠂ 2000 ᠲᠥᠭᠦᠷᠢᠭ ᠠᠴᠠ ᠳᠣᠷᠣᠭᠰᠢ᠂ 2000 — 4000 ᠲᠥᠭᠦᠷᠢᠭ᠂ 4000 — 6000 ᠲᠥᠭᠦᠷᠢᠭ ᠤᠨ ᠦᠨ᠎ᠡ ᠪᠦᠬᠦᠢ ᠭᠠᠷ ᠤᠲᠠᠰᠤᠨ ᠤ ᠪᠣᠷᠣᠯᠠᠭᠤᠯᠭ᠎ᠠ ᠶᠢᠨ ᠬᠡᠮᠵᠢᠶ᠎ᠡ ᠨᠢ ᠲᠦᠷᠦᠭᠦᠦ ᠵᠢᠯ ᠤᠨ ᠴᠠᠭᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭ᠎ᠠ ᠶᠢᠨ ᠬᠢ  ᠠᠴᠠ ᠪᠠᠨ ᠲᠣᠰ ᠲᠣᠰ 10%᠂ 52%᠂ 108 % ᠪᠠᠷ ᠨᠡᠮᠡᠭᠳᠡᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号