ᠭᠡᠭᠡᠷ᠎ᠡ ᠠᠴᠠ ᠲᠡᠭᠦᠬᠦ ᠦᠭᠡᠢ ᠂ ᠬᠤᠳᠠᠯᠳᠤᠨ ᠠᠪᠬᠤ ᠦᠭᠡᠢ ᠂ ᠲᠤᠷ᠎ᠠ ᠪᠠᠷ ᠢᠳᠡᠬᠦ ᠦᠭᠡᠢ︕
ᠨᠡᠶᠢᠲᠡᠯᠡᠭᠰᠡᠨ ᠴᠠᠭ᠄
2024/8/23
   ᠣᠶᠢᠷ᠎ᠠ ᠳᠤ ᠴᠥᠭᠡᠨ ᠪᠤᠰᠤ ᠰᠠᠭᠤᠭᠠᠯᠢ ᠠᠷᠠᠳ    ᠳᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠡᠷᠬᠢᠨ ᠲᠣᠭᠤᠷᠢᠨ ᠳᠤ ᠬᠦᠷᠴᠦ   ᠬᠡᠭᠡᠷ᠎ᠡ ᠶᠢᠨ ᠮᠥᠭᠦ ᠲᠡᠬᠦᠵᠦ ᠪᠠᠶᠢᠨ᠎ᠠ ᠃   ᠨᠠᠶᠢᠷᠠᠭᠤᠯᠤᠭᠴᠢ ᠠᠳᠡ ᠥᠷᠭᠡᠨ ᠣᠯᠠᠨ ᠰᠠᠭᠤᠭᠠᠯᠢ ᠠᠷᠠᠳ ᠲᠤ ᠰᠠᠨᠠᠭᠤᠯᠵᠤ ᠪᠠᠶᠢᠨ᠎ᠠ ︕      ᠬᠤᠷ᠎ᠠ ᠪᠣᠷᠣᠭᠠᠨ ᠨᠡᠮᠡᠭᠳᠡᠬᠦ ᠶᠢ ᠳᠠᠭᠠᠯᠳᠤᠨ᠂ ᠬᠡᠭᠡᠷ᠎ᠡ ᠶᠢᠨ ᠪᠠᠺᠲ᠋ᠧᠷᠢ ᠦᠷᠡᠵᠢᠬᠦ ᠤᠯᠠᠷᠢᠯ ᠪᠣᠯᠪᠠ᠃ ᠬᠡᠭᠡᠷ᠎ᠡ ᠶᠢᠨ ᠬᠤᠤᠷᠳᠤ ᠮᠥᠭᠦ ᠨᠢ ᠬᠡᠭᠡᠷ᠎ᠡ ᠵᠢᠨ‌ᠢᠳᠡᠵᠦ ᠪᠣᠯᠬᠤ ᠮᠥᠭᠦ ᠶᠢᠨ ᠬᠡᠯᠪᠡᠷᠢ ᠲᠠᠢ ᠲᠦᠢᠯ ᠤᠨ ᠠᠳᠠᠯᠢᠪᠲᠤᠷ ᠪᠠᠶᠢᠳᠠᠭ᠂ ᠢᠯᠭᠠᠨ ᠲᠠᠨᠢᠬᠤ ᠳᠤ ᠬᠢᠯᠪᠠᠷ ᠪᠤᠰᠤ ᠪᠠᠶᠢᠵᠤ᠂ ᠬᠤᠤᠷᠳᠠᠭᠳᠠᠭᠰᠠᠨ ᠤ ᠳᠠᠷᠠᠭ᠎ᠠ ᠡᠮᠴᠢᠯᠡᠬᠦ ᠳᠤ ᠨᠠᠷᠢᠨ ᠪᠤᠳᠤᠯᠢᠶᠠᠨᠲᠠᠶ᠂ ᠦᠬᠦᠯ ᠤᠨ ᠨᠤᠷᠮ᠎ᠠ ᠮᠠᠰᠢ ᠥᠨᠳᠥᠷ᠂ ᠡᠶᠢᠮᠤ ᠠᠴᠠ ᠬᠡᠭᠡᠷ᠎ᠡ ᠶᠢᠨ ᠪᠠᠺᠲ᠋ᠧᠷᠢ ᠳᠤ ᠬᠤᠣᠷᠳᠠᠭᠳᠠᠬᠤ ᠬᠡᠷᠡᠭ ᠪᠠᠶᠢᠨ ᠳᠠᠬᠢᠨ ᠭᠠᠷᠴᠤ ᠪᠠᠶᠢᠨ᠎ᠠ᠃ ᠬᠤᠤᠷ ᠲᠠᠢ ᠬᠡᠭᠡᠷ᠎ᠡ ᠶᠢᠨ ᠪᠠᠺᠲ᠋ᠧᠷᠢ ᠳᠤ ᠬᠤᠣᠷᠳᠠᠭᠳᠠᠬᠤ ᠬᠡᠷᠡᠭ ᠡᠭᠦᠰᠬᠦ ᠶᠢ ᠪᠦᠲᠦᠮᠵᠢᠲᠡᠶ ᠰᠡᠷᠭᠡᠶᠢᠯᠡᠵᠦ᠂ ᠠᠷᠠᠳ ᠣᠯᠠᠨ ᠤ ᠪᠡᠶ᠎ᠡ ᠮᠠᠬᠠᠪᠣᠳ ᠤᠨ ᠡᠷᠡᠭᠦᠯ ᠮᠡᠨᠳᠦ ᠪᠠ ᠠᠮᠢ ᠨᠠᠰᠤᠨ ᠤ ᠠᠮᠤᠷ ᠲᠦᠪᠰᠢᠨ ᠢ ᠦᠨᠡᠨ ᠬᠦ ᠪᠠᠲᠤᠯᠠᠬᠤ ᠶᠢᠨ ᠲᠥᠯᠥᠭᠡ᠂ ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠣᠨᠴᠠᠭᠠᠶᠢᠯᠠᠨ ᠥᠷᠭᠡᠨ ᠣᠯᠠᠨ ᠬᠡᠷᠡᠭᠯᠡᠭᠴᠢᠳ ᠲᠤ ᠳᠣᠤᠷᠠᠬᠢ ᠮᠡᠲᠦ ᠰᠠᠨᠠᠭᠤᠯᠤᠮᠵᠢ ᠥᠭᠪᠡ᠄    ᠨᠢᠭᠡ᠂ ᠬᠡᠭᠡᠷ᠎ᠡ ᠶᠢᠨ ᠮᠦᠬᠦ ᠲᠡᠭᠦᠭᠦ ᠦᠭᠡᠢ᠃ ᠥᠷᠭᠡᠨ ᠣᠯᠠᠨ ᠲᠦᠮᠡᠨ ᠰᠤᠨᠢᠷᠬᠠᠯ ᠪᠤᠶᠤ ᠲᠦᠷ ᠵᠠᠭᠤᠷ᠎ᠠ ᠶᠢᠨ ᠠᠮᠠᠨ ᠲᠠᠵᠢᠶᠠᠯ ᠠᠴᠠ  ᠪᠤᠯᠵᠤ ᠭᠡᠭᠡᠷ᠎ᠡ ᠶᠢᠨ ᠮᠦᠬᠦ ᠪᠤᠶᠤ ᠢᠷᠡᠯᠲᠡ ᠨᠢ ᠲᠣᠳᠣᠷᠬᠠᠢ ᠦᠭᠡᠢ ᠮᠦᠬᠦ ᠶᠢ ᠲᠡᠭᠦᠵᠦ ᠪᠣᠯᠬᠤ ᠦᠭᠡᠢ᠃     ᠬᠤᠶᠠᠷ᠂  ᠢᠷᠡᠯᠲᠡ ᠨᠢ ᠲᠣᠳᠣᠷᠬᠠᠶ ᠦᠭᠡᠶ ᠬᠡᠭᠡᠷ᠎ᠡ ᠶᠢᠨ  ᠮᠦᠭᠦ ᠬᠤᠳᠠᠯᠳᠤᠨ ᠠᠪᠬᠤ ᠦᠭᠡᠶ ᠃ ᠬᠡᠭᠡᠷ᠎ᠡ ᠶᠢᠨ  ᠮᠦᠭᠦ ᠬᠤᠳᠠᠯᠳᠤᠨ ᠠᠪᠬᠤ ᠳᠤ ᠵᠢᠩᠬᠢᠨᠢ ᠠᠷᠭ᠎ᠠ ᠵᠠᠮ᠂ ᠭᠡᠷᠡᠴᠢ ᠦᠨᠡᠮᠯᠡᠯ ᠪᠦᠷᠢᠨ ᠭᠦᠢᠴᠡᠳ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ᠂ ᠬᠡᠲᠦ ᠳᠡᠯᠭᠡᠭᠦᠷ ᠵᠡᠷᠭᠡ ᠶᠢ ᠰᠣᠩᠭᠤᠵᠤ᠂ ᠪᠣᠷᠣᠯᠠᠭᠤᠯᠤᠭᠴᠢ ᠶᠢᠨ ᠬᠢᠷᠢ ᠬᠡᠮ ᠪᠠ ᠦᠢᠯᠡᠳᠬᠦᠨ ᠤ ᠢᠷᠡᠯᠲᠡ ᠶᠢ ᠨᠠᠷᠢᠨ ᠪᠠᠶᠢᠴᠠᠭᠠᠨ ᠰᠢᠯᠭᠠᠨ᠎ᠠ᠃     ᠭᠤᠷᠪᠠ᠂ ᠠᠶᠤᠯᠭᠦᠢ ᠴᠢᠨᠠᠷ ᠢ ᠲᠣᠭᠲᠠᠭᠠᠬᠤ ᠶᠢᠨ ᠠᠷᠭ᠎ᠠ ᠦᠭᠡᠶ ᠬᠡᠭᠡᠷ᠎ᠡ ᠶᠢᠨ ᠮᠦᠬᠦ ᠶᠢ ᠲᠤᠷ᠎ᠠ ᠪᠠᠷ ᠢᠳᠡᠵᠦ ᠪᠤᠯᠬᠤ ᠦᠭᠡᠢ᠃ ᠭᠡᠷ ᠪᠦᠯᠢ ᠬᠡᠭᠡᠷ᠎ᠡ  ᠶᠢᠨ ᠮᠥᠭᠦ ᠶᠢ ᠢᠳᠡᠬᠦ ᠳᠤ ᠪᠠᠨ ᠬᠢᠴᠢᠶᠡᠭᠡᠷᠠᠢ᠃ ᠬᠠᠮᠲᠤ  ᠪᠠᠷ ᠴᠤᠭᠯᠠᠷᠠᠨ ᠬᠤᠭᠤᠯᠠᠯᠠᠬᠤ᠂ ᠢᠳᠡᠭᠡᠨ ᠤᠮᠳᠠᠭᠠᠨ ᠤ ᠦᠢᠯᠡᠴᠢᠯᠡᠭᠡ᠂ ᠵᠠᠩ ᠦᠢᠯᠡ ᠶᠢᠨ ᠵᠢᠭᠤᠯᠴᠢᠯᠠᠯ ᠳᠤ ᠬᠡᠭᠡᠷ᠎ᠡ ᠶᠢᠨ ᠮᠦᠬᠦ ᠶᠢ ᠢᠳᠡᠵᠦ ᠪᠣᠯᠬᠤ ᠦᠭᠡᠢ᠂ ᠬᠡᠭᠡᠷ᠎ᠡ ᠶᠢᠨ ᠪᠠᠺᠲ᠋ᠧᠷᠢ ᠶᠢᠨ ᠬᠤᠤᠷᠳᠠᠯᠭ᠎ᠠ ᠶᠢᠨ ᠬᠡᠷᠡᠭ ᠭᠠᠷᠬᠤ ᠠᠴᠠ ᠵᠠᠶᠢᠯᠠᠰᠬᠢᠵᠦ᠂ ᠢᠳᠡᠭᠡᠨ ᠤᠮᠳᠠᠭᠠᠨ ᠤ ᠬᠡᠷᠡᠭᠯᠡᠭᠡᠨ ᠤ ᠠᠮᠤᠷ ᠲᠦᠪᠰᠢᠨ ᠢ ᠪᠠᠲᠤᠯᠠᠨ᠎ᠠ᠃     ᠬᠡᠷᠡᠭᠯᠡᠭᠴᠢᠳ ᠨᠠᠶᠢᠵᠠ ᠨᠦᠭᠦᠳ‌ᠨᠠᠷ ᠡ᠂ ᠠᠮᠢ ᠨᠠᠰᠤ ᠡᠷᠡᠭᠦᠯ ᠮᠡᠨᠳᠦ ᠠᠯᠢᠪᠠ ᠠᠴᠠ ᠡᠷᠬᠢᠮ᠃ ᠥᠷᠭᠡᠨ ᠣᠯᠠᠨ ᠬᠡᠷᠡᠭᠯᠡᠭᠴᠢᠳ ᠨᠠᠶᠢᠵᠠ ᠨᠠᠷ ᠤᠨ ᠥᠪᠡᠷ ᠢ ᠪᠠᠨ ᠰᠡᠷᠭᠡᠶᠢᠯᠡᠬᠦ ᠤᠬᠠᠮᠰᠠᠷ ᠢᠶᠠᠨ ᠴᠢᠩᠭᠠᠳᠬᠠᠵᠤ᠂  ᠢᠷᠡᠯᠲᠡ ᠨᠢ ᠲᠣᠳᠣᠷᠬᠠᠶ ᠦᠭᠡᠢ ᠬᠡᠭᠡᠷ᠎ᠡ ᠶᠢᠨ ᠮᠦᠬᠦ  ᠶᠢ ︽  ᠲᠡᠭᠦᠬᠦ ᠦᠭᠡᠢ᠂ ᠬᠤᠳᠠᠯᠳᠤᠨ ᠠᠪᠬᠤ ᠦᠭᠡᠢ᠂  ᠲᠤᠷ᠎ᠠ ᠪᠠᠷ ᠢᠳᠡᠬᠦ ᠦᠭᠡᠢ︾ ᠂  ᠠᠶᠤᠯᠬᠦᠢ ᠴᠢᠨᠠᠷ ᠢ ᠨᠤᠲᠠᠯᠠᠬᠤ ᠶᠢᠨ ᠠᠷᠭ᠎ᠠ ᠦᠭᠡᠢ ᠬᠡᠭᠡᠷ᠎ᠡ ᠶᠢᠨ ᠮᠦᠬᠦ ᠶᠢ  ᠲᠤᠷ᠎ᠠ ᠪᠠᠷ ᠲᠤᠷᠰᠢᠬᠤ ᠦᠬᠡᠢ ᠪᠠᠶᠢᠵᠤ ᠂  ᠪᠢᠳᠠᠨ ᠤ ︽ᠢᠳᠡᠭᠡᠨ ᠤᠮᠳᠠᠭᠠᠨ ᠤ ᠠᠮᠤᠷ ᠲᠦᠪᠰᠢᠨ︾ ᠢ ᠬᠠᠮᠲᠤ ᠪᠠᠷ ᠰᠠᠬᠢᠨ ᠬᠠᠮᠠᠭᠠᠯᠠᠬᠤ ᠶᠢ ᠤᠷᠢᠶᠠᠯᠠᠪᠠ᠃
 
ᠢᠷᠡᠯᠲᠡ᠄ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号