ᠤᠷᠭᠤᠮᠠᠯ ᠢ ᠬᠠᠮᠠᠭᠠᠯᠠᠬᠤ ᠵᠢᠯᠣᠭᠤᠴᠢ ᠦᠭᠡᠢ ᠨᠢᠰᠬᠡᠯ ᠢᠶᠠᠷ ᠡᠮ ᠣᠷᠣᠭᠤᠯᠬᠤ ᠳᠤ ᠲᠥᠬᠦᠮ ᠲᠦᠳᠡ᠂ | ᠠᠵᠢᠯ ᠤᠨ ᠦᠷ᠎ᠡ ᠪᠦᠲᠦᠮᠵᠢ ᠥᠨᠳᠥᠷ ᠪᠠᠶᠢᠵᠤ᠂ ᠨᠢᠭᠡᠨᠲᠡ ᠲᠠᠷᠢᠮᠠᠯ ᠤᠨ ᠡᠪᠡᠳᠴᠢᠨ ᠬᠤᠷᠣᠬᠠᠢ ᠶᠢᠨ ᠬᠥᠨᠥᠭᠡᠯ ᠢ | ᠰᠡᠷᠭᠡᠶᠢᠯᠡᠨ ᠡᠵᠡᠮᠳᠡᠬᠦ ᠴᠢᠬᠤᠯᠠ ᠠᠷᠭ᠎ᠠ ᠪᠠᠷᠢᠯ ᠪᠣᠯᠤᠭᠰᠠᠨ ᠪᠣᠯᠪᠠᠴᠤ ᠬᠡᠷᠡᠭᠯᠡᠬᠦ ᠳᠤᠮᠳᠠ ᠪᠠᠨ ᠳᠣᠣᠷᠠᠬᠢ | ᠠᠰᠠᠭᠤᠳᠠᠯ ᠢ ᠠᠩᠬᠠᠷᠬᠤ ᠬᠡᠷᠡᠭᠲᠡᠢ᠄ | 1. ᠡᠮ ᠣᠷᠣᠭᠤᠯᠬᠤ ᠣᠷᠴᠢᠨ ᠲᠣᠭᠤᠷᠢᠨ ᠤ ᠠᠶᠤᠯ ᠦᠭᠡᠢ ᠪᠠᠶᠢᠬᠤ᠃ ᠠᠵᠢᠯᠯᠠᠬᠤ ᠠᠴᠠ ᠡᠮᠦᠨ᠎ᠡ ᠡᠷᠬᠢᠨ | ᠲᠣᠭᠤᠷᠢᠨ ᠤ ᠣᠷᠴᠢᠨ ᠲᠣᠭᠤᠷᠢᠨ ᠢ ᠪᠠᠶᠢᠴᠠᠭᠠᠵᠤ᠂ ᠪᠠᠶᠢᠭ᠎ᠠ ᠣᠷᠣᠨ ᠪᠦᠰᠡ ᠨᠢ ᠵᠢᠯᠣᠭᠤᠴᠢ ᠦᠭᠡᠢ ᠨᠢᠰᠬᠡᠯ ᠢᠶᠠᠷ | ᠠᠵᠢᠯᠯᠠᠬᠤ ᠨᠥᠬᠦᠴᠡᠯ ᠳᠤ ᠨᠡᠶᠢᠴᠡᠬᠦ ᠶᠢ ᠦᠨᠡᠨ ᠬᠦ ᠪᠠᠲᠤᠯᠠᠵᠤ᠂ ᠳᠠᠯᠳᠠ ᠠᠶᠤᠯ ᠲᠦᠭᠰᠢᠭᠦᠷᠢ ᠶᠢ ᠶᠡᠷᠦᠩᠬᠡᠶᠢᠯᠡᠨ | ᠦᠨᠡᠯᠡᠨ ᠵᠢᠱᠢᠵᠦ᠂ ᠮᠠᠨᠠᠨ ᠤᠰᠤ ᠶᠢᠨ ᠬᠥᠪᠪᠦᠵᠦ ᠫᠠᠶᠢᠰᠠ ᠶᠢᠨ ᠪᠤᠰᠤ ᠠᠰᠢᠭᠲᠠᠢ ᠠᠮᠢᠳᠤ ᠪᠣᠳᠠᠰ ᠤᠨ ᠬᠤᠣᠷ | ᠬᠥᠨᠥᠭᠡᠯ ᠪᠠ ᠡᠷᠬᠢᠨ ᠲᠣᠭᠤᠷᠢᠨ ᠤ ᠰᠡᠷᠭᠡᠭ ᠲᠠᠷᠢᠮᠠᠯ ᠤᠨ ᠡᠮ ᠤᠨ ᠬᠤᠣᠷ ᠬᠥᠨᠥᠭᠡᠯ ᠤᠴᠠᠷᠠᠭᠤᠯᠬᠤ ᠶᠢ | ᠰᠡᠷᠭᠡᠶᠢᠯᠡᠬᠦ ᠬᠡᠷᠡᠭᠲᠡᠢ᠃ | 2. ᠠᠵᠢᠯ ᠤᠨ ᠫᠠᠷᠠᠮᠧᠳ᠋ᠷ ᠤᠨ ᠪᠠᠶᠢᠷᠢᠯᠠᠭᠤᠯᠤᠯᠲᠠ᠃ ᠡᠪᠡᠳᠴᠢᠨ ᠬᠤᠷᠣᠬᠠᠢ ᠶᠢᠨ ᠭᠠᠮᠰᠢᠭ ᠡᠭᠦᠰᠬᠦ | ᠲᠥᠷᠥᠯ ᠵᠦᠢᠯ᠂ ᠣᠷᠣᠨ ᠪᠠᠶᠢᠷᠢ ᠵᠢᠴᠢ ᠬᠥᠨᠥᠭᠡᠯ ᠤᠨ ᠬᠡᠮᠵᠢᠶ᠎ᠡ᠂ ᠲᠠᠷᠢᠮᠠᠯ ᠤᠨ ᠲᠥᠷᠥᠯ ᠵᠦᠢᠯ ᠪᠣᠯᠣᠨ | ᠦᠷᠡᠵᠢᠯ ᠤᠨ ᠬᠤᠭᠤᠴᠠᠭ᠎ᠠ᠂ ᠡᠮ ᠤᠨ ᠲᠤᠰᠠᠯᠠᠬᠤ ᠡᠮ ᠤᠨ ᠲᠥᠷᠥᠯ ᠵᠦᠢᠯ ᠵᠡᠷᠭᠡ ᠶᠢ ᠦᠨᠳᠦᠰᠦᠯᠡᠨ᠂ ᠲᠠᠯᠠᠪᠠᠶ | ᠨᠢᠭᠡᠴᠢ ᠶᠢᠨ ᠡᠮ ᠣᠷᠣᠭᠤᠯᠬᠤ ᠰᠢᠩᠭᠡᠨ ᠪᠡᠶᠡᠲᠦ ᠶᠢᠨ ᠬᠡᠮᠵᠢᠶ᠎ᠡ ᠶᠢ ᠲᠣᠭᠲᠠᠭᠠᠵᠤ᠂ ᠤᠷᠭᠤᠮᠠᠯ ᠢ ᠬᠠᠮᠠᠭᠠᠯᠠᠬᠤ ᠳᠤ | ᠲᠣᠬᠢᠷᠠᠬᠤ ᠵᠢᠯᠣᠭᠤᠴᠢ ᠦᠭᠡᠢ ᠨᠢᠰᠬᠡᠯ ᠤᠨ ᠬᠡᠯᠪᠡᠷᠢ ᠶᠢ ᠰᠤᠩᠭᠤᠵᠤ᠂ ᠰᠣᠩᠭᠤᠬᠤ ᠳᠤ ᠲᠣᠬᠢᠷᠠᠬᠤ ᠨᠢᠰᠬᠡᠯ ᠤᠨ | ᠬᠡᠯᠪᠡᠷᠢ ᠳᠤ ᠣᠯᠠᠨ ᠡᠷᠭᠢᠯᠳᠦᠭᠡ ᠵᠢᠭᠦᠷ ᠪᠣᠯᠣᠨ ᠳᠠᠩ ᠡᠷᠭᠢᠯᠳᠦᠭᠡ ᠵᠢᠭᠦᠷ ᠢ ᠪᠠᠭᠲᠠᠭᠠᠵᠤ᠂ ᠲᠣᠬᠢᠷᠠᠮᠵᠢᠲᠠᠢ | ᠨᠢᠰᠦᠯᠲᠡ ᠶᠢᠨ ᠥᠨᠳᠥᠷ᠂ ᠬᠤᠷᠳᠤᠴᠠ ᠪᠣᠯᠣᠨ ᠪᠦᠲᠦᠮᠵᠢᠲᠡᠶ ᠰᠦᠷᠴᠢᠭᠦᠷ ᠵᠡᠷᠭᠡ ᠪᠣᠯᠵᠣᠯᠲᠤ ᠲᠤᠭ᠎ᠠ ᠶᠢ | ᠲᠣᠭᠲᠠᠭᠠᠬᠤ ᠶᠢᠨ ᠬᠠᠮᠲᠤ ᠲᠥᠯᠦᠪᠵᠢᠭᠦᠯᠭᠡ ᠶᠢᠨ ᠠᠶᠠᠯᠠᠯ ᠤᠨ ᠱᠤᠭᠤᠮ ᠢ ᠲᠥᠯᠥᠪᠵᠢᠭᠦᠯᠬᠦ ᠬᠡᠷᠡᠭᠲᠡᠢ᠃ | 3. ᠡᠮ ᠨᠠᠶᠢᠷᠠᠯᠭ᠎ᠠ ᠶᠢᠨ ᠬᠡᠯᠪᠡᠷᠢ ᠶᠢᠨ ᠰᠣᠩᠭᠤᠯᠲᠠ᠃ ᠤᠷᠭᠤᠮᠠᠯ ᠢ ᠬᠠᠮᠠᠭᠠᠯᠠᠬᠤ ᠵᠢᠯᠣᠭᠤᠴᠢ ᠦᠭᠡᠢ | ᠨᠢᠰᠬᠡᠯ ᠤᠨ ᠲᠤᠰᠬᠠᠢ ᠬᠡᠷᠡᠭᠯᠡᠬᠦ ᠡᠮ ᠤᠨ ᠬᠡᠯᠪᠡᠷᠢ ᠶᠢ ᠤᠷᠢᠳᠠᠪᠠᠷ ᠰᠣᠩᠭᠤᠵᠤ᠂ ᠳᠠᠷᠠᠭ᠎ᠠ ᠨᠢ ᠪᠢᠴᠢᠯ ᠠᠭᠤᠷᠠᠭ | ᠡᠳ᠋᠂ ᠠᠭᠤᠰᠤᠮᠠᠬᠠᠢ ᠡᠳ᠋᠂ ᠳᠡᠭᠳᠡᠮᠡᠯ ᠬᠥᠪᠥᠮᠡᠯ ᠡᠳ᠋᠂ ᠬᠠᠭᠤᠷᠠᠢ ᠬᠥᠪᠥᠮᠡᠯ ᠡᠳ᠋᠂ ᠤᠰᠤᠨ ᠠᠭᠤᠷᠠᠭ ᠡᠳ᠋᠂ | ᠠᠭᠤᠷᠠᠭ ᠲᠣᠰᠣ᠂ ᠲᠣᠰᠣᠯᠢᠭ ᠡᠳ᠋ ᠵᠡᠷᠭᠡ ᠨᠠᠶᠢᠷᠠᠯᠭ᠎ᠠ ᠶᠢᠨ ᠬᠡᠯᠪᠡᠷᠢ ᠪᠣᠯᠣᠨ᠎ᠠ᠂ ᠡᠰᠡᠬᠦᠯ᠎ᠡ ᠦᠨᠳᠦᠷ ᠲᠠᠷᠠᠬᠠᠢ | ᠴᠢᠭᠢᠭᠯᠢᠭ ᠨᠤᠨᠳᠠᠭ ᠪᠠ ᠤᠰᠤ ᠲᠠᠷᠠᠬᠠᠢ ᠮᠥᠬᠦᠯᠢᠭ ᠡᠳ᠋ ᠢ ᠡᠩ ᠲᠡᠷᠢᠭᠦᠨ ᠳᠤ ᠰᠣᠩᠭᠤᠵᠤ᠂ ᠰᠦᠷᠴᠢᠭᠦᠷ ᠢ | ᠪᠦᠭᠯᠡᠵᠦ ᠰᠦᠷᠴᠢᠬᠦ ᠪᠠ ᠰᠡᠷᠭᠡᠶᠢᠯᠡᠨ ᠵᠠᠰᠠᠬᠤ ᠦᠷ᠎ᠡ ᠪᠦᠲᠦᠮᠵᠢ ᠶᠢ ᠨᠥᠯᠥᠭᠡᠯᠡᠬᠦ ᠠᠴᠠ ᠰᠡᠷᠭᠡᠶᠢᠯᠡᠬᠦ ᠬᠡᠷᠡᠭᠲᠡᠢ᠃ | 4. ᠡᠮ ᠨᠠᠶᠢᠷᠠᠭᠤᠯᠤᠨ ᠵᠣᠬᠢᠶᠠᠬᠤ᠃ ᠱᠣᠰᠢᠭ᠎ᠠ ᠲᠡᠮᠳᠡᠭ ᠢᠶᠠᠷ ᠡᠮ ᠬᠡᠷᠡᠭᠯᠡᠬᠦ ᠶᠢ ᠲᠣᠳᠣᠷᠬᠠᠶᠢᠯᠠᠵᠤ᠂ | ᠬᠡᠷᠡᠭᠯᠡᠬᠦ ᠡᠮ ᠤᠨ ᠬᠡᠮᠵᠢᠶ᠎ᠡ ᠪᠣᠯᠣᠨ ᠡᠮ ᠤᠨ ᠰᠢᠩᠭᠡᠨ ᠤ ᠥᠳᠬᠡᠴᠡ ᠶᠢ ᠳᠤᠷ᠎ᠠ ᠪᠠᠷ ᠢᠶᠠᠨ ᠨᠡᠮᠡᠭᠳᠡᠭᠦᠯᠵᠦ ᠪᠣᠯᠬᠤ | ᠦᠭᠡᠢ᠂ ᠬᠤᠶᠠᠳᠠᠭᠢ ᠤᠳᠠᠭ᠎ᠠ ᠪᠤᠯ ᠨᠠᠶᠢᠷᠠᠭᠰᠠᠨ ᠡᠮ ᠢᠶᠠᠨ ᠰᠢᠩᠭᠡᠯᠡᠬᠦ ᠶᠢᠨ ᠳᠠᠭᠠᠤ ᠳᠠᠷᠤᠢ ᠳᠤᠨᠢ ᠬᠡᠷᠡᠭᠯᠡᠬᠦ | ᠬᠡᠷᠡᠭᠲᠡᠢ︔ ᠡᠮ ᠤᠨ ᠰᠢᠩᠭᠡᠨ ᠳᠤ ᠵᠣᠬᠢᠬᠤ ᠬᠡᠮᠵᠢᠶᠡᠨ ᠤ ᠰᠦᠷᠴᠢᠬᠦ ᠲᠤᠰᠠᠯᠠᠭᠴᠢ ᠡᠮ ᠨᠡᠮᠡᠬᠦ ᠶᠢᠨ ᠬᠠᠮᠲᠤ | ᠬᠤᠯᠢᠯᠳᠤᠭᠤᠯᠤᠨ ᠵᠢᠭᠳᠡ ᠪᠠᠶᠢᠯᠭᠠᠵᠤ᠂ ᠲᠠᠷᠢᠶᠠᠨ ᠡᠮ ᠤᠨ ᠡᠮ ᠤᠨ ᠰᠢᠩᠭᠡᠨ ᠤ ᠴᠢᠳᠠᠪᠬᠢ ᠶᠢ | ᠰᠠᠶᠢᠵᠢᠷᠠᠭᠤᠯᠬᠤ ᠳᠤ ᠬᠡᠷᠡᠭᠯᠡᠵᠦ᠂ ᠮᠠᠨᠠᠨ ᠪᠠᠭᠤᠵᠤ ᠰᠠᠭᠤᠬᠤ᠂ ᠬᠡᠶᠢᠰᠴᠦ ᠰᠢᠯᠵᠢᠬᠦ ᠶᠢ ᠡᠰᠡᠷᠭᠦᠴᠡᠬᠦ᠂ | ᠠᠭᠤᠷᠰᠢᠭᠤᠯᠬᠤ ᠶᠢ ᠡᠰᠡᠷᠭᠦᠴᠡᠬᠦ ᠵᠡᠷᠭᠡ ᠴᠢᠳᠠᠪᠬᠢ ᠶᠢ ᠳᠡᠭᠡᠭᠰᠢᠯᠡᠬᠦᠯᠬᠦ ᠬᠡᠷᠡᠭᠲᠡᠢ᠃ | 5. ᠠᠵᠢᠯᠯᠠᠬᠤ ᠴᠠᠭ ᠠᠭᠤᠷ ᠤᠨ ᠨᠥᠬᠦᠴᠡᠯ᠃ ᠰᠠᠯᠬᠢᠨ ᠤ ᠬᠦᠴᠦ ᠨᠢ ᠭᠤᠷᠪᠠᠨ ᠲᠠᠰ ᠤᠨ ᠳᠣᠲᠣᠷ᠎ᠠ᠂ | ᠳᠤᠯᠠᠭᠠᠨ ᠤ ᠬᠡᠮᠵᠢᠶ᠎ᠡ ᠨᠢ 12 ~ 30 ᠭᠷᠡᠳᠦ᠋ᠰ᠂ ᠬᠠᠷᠢᠴᠠᠩᠭᠤᠢ ᠴᠢᠭᠢᠭ ᠤᠨ ᠬᠡᠮᠵᠢᠶ᠎ᠡ ᠨᠢ 40% ᠠᠴᠠ | ᠳᠡᠭᠡᠭᠰᠢ ᠡᠮ ᠣᠷᠣᠭᠤᠯᠬᠤ ᠠᠵᠢᠯ ᠥᠷᠨᠢᠭᠦᠯᠬᠦ ᠶᠢ ᠰᠠᠨᠠᠭᠤᠯᠵᠤ ᠪᠠᠶᠢᠨ᠎ᠠ᠃ | 6. ᠡᠮ ᠣᠷᠤᠭᠤᠯᠬᠤ ᠠᠵᠢᠯᠯᠠᠭᠠᠨ ᠤ ᠠᠶᠤᠯ ᠦᠭᠡᠢ ᠪᠠᠶᠢᠬᠤ᠃ ᠰᠡᠷᠡᠮᠵᠢ ᠶᠢᠨ ᠫᠠᠶᠢᠰᠠ ᠪᠣᠰᠬᠠᠵᠤ᠂ | ᠷᠠᠳᠢᠣ᠋ ᠨᠡᠪᠲᠡᠷᠡᠭᠦᠯᠭᠡ ᠪᠠᠷ ᠠᠵᠢᠯᠯᠠᠬᠤ ᠴᠠᠭ ᠢ ᠮᠡᠳᠡᠭᠳᠡᠵᠦ᠂ ᠠᠵᠢᠯᠯᠠᠬᠤ ᠭᠠᠵᠠᠷ ᠲᠤ ᠬᠠᠮᠢᠶ᠎ᠠ ᠦᠭᠡᠢ ᠬᠥᠮᠥᠨ | ᠣᠷᠣᠬᠤ ᠶᠢ ᠴᠠᠭᠠᠵᠠᠯᠠᠬᠤ ᠬᠡᠷᠡᠭᠲᠡᠢ︔ ᠵᠢᠯᠣᠭᠤᠴᠢ ᠦᠭᠡᠢ ᠨᠢᠰᠬᠡᠯ ᠨᠢᠰᠴᠦ ᠪᠠᠭᠤᠬᠤ ᠦᠶᠡᠰ ᠬᠠᠷᠰᠢ ᠰᠠᠭᠠᠳ ᠪᠠ | ᠬᠥᠮᠥᠰ ᠠᠴᠠ ᠬᠤᠯᠠ ᠵᠠᠶᠢᠳᠠᠬᠤ ᠬᠡᠷᠡᠭᠲᠡᠢ︔ ᠠᠵᠢᠯᠯᠠᠵᠤ ᠪᠠᠶᠢᠭ᠎ᠠ ᠬᠥᠮᠥᠰ ᠴᠢᠬᠤᠯᠠ ᠪᠦᠬᠦᠢ ᠬᠠᠮᠠᠭᠠᠯᠠᠯᠲᠠ ᠶᠢᠨ | ᠬᠡᠷᠡᠭᠰᠡᠯ ᠡᠮᠦᠰᠴᠦ᠂ ᠰᠦᠷᠴᠢᠬᠦ ᠳᠣᠣᠷ᠎ᠠ ᠪᠠᠶᠢᠷᠢᠨ ᠳᠤ ᠣᠷᠣᠬᠤ ᠠᠴᠠ ᠵᠠᠶᠢᠯᠠᠰᠬᠢᠵᠦ᠂ ᠠᠵᠢᠯᠯᠠᠬᠤ ᠦᠶ᠎ᠡ ᠳᠤ | ᠲᠠᠮᠠᠬᠢ ᠲᠠᠲᠠᠬᠤ ᠪᠠ ᠢᠳᠡᠭᠡᠨ ᠤᠮᠳᠠᠭᠠᠨ ᠢ ᠴᠠᠭᠠᠵᠠᠯᠠᠬᠤ ᠬᠡᠷᠡᠭᠲᠡᠢ᠃ | 7. ᠠᠵᠢᠯ ᠤᠨ ᠦᠷ᠎ᠡ ᠪᠦᠲᠦᠮᠵᠢ ᠶᠢ ᠲᠣᠭᠤᠷᠢᠨ ᠪᠠᠶᠢᠴᠠᠭᠠᠬᠤ᠃ ᠡᠮ ᠣᠷᠤᠭᠤᠯᠵᠤ ᠰᠡᠷᠭᠡᠶᠢᠯᠡᠨ | ᠵᠠᠰᠠᠭᠰᠠᠨ ᠤ ᠳᠠᠷᠠᠭ᠎ᠠ᠂ ᠠᠭᠠᠷ ᠤᠨ ᠰᠡᠷᠭᠡᠶᠢᠯᠡᠯᠲᠡ ᠶᠢᠨ ᠠᠵᠢᠯ ᠤᠨ ᠶᠠᠰᠤ ᠴᠢᠨᠠᠷ ᠪᠣᠯᠣᠨ ᠰᠡᠷᠭᠡᠶᠢᠯᠡᠨ ᠵᠠᠰᠠᠭᠰᠠᠨ | ᠦᠷ᠎ᠡ ᠪᠦᠲᠦᠮᠵᠢ ᠶᠢ ᠮᠥᠷᠳᠡᠨ ᠪᠠᠶᠢᠴᠠᠭᠠᠵᠤ᠂ ᠰᠡᠷᠭᠡᠶᠢᠯᠡᠨ ᠵᠠᠰᠠᠭᠰᠠᠨ ᠦᠷ᠎ᠡ ᠪᠦᠲᠦᠮᠵᠢ ᠪᠠᠷ ᠠᠨᠠᠢ ᠲᠠᠷᠢᠶᠠᠨ | ᠭᠠᠵᠠᠷ ᠢ ᠴᠠᠭ ᠲᠤᠬᠠᠢ ᠳᠤᠨᠢ ᠨᠥᠬᠦᠵᠦ ᠰᠡᠷᠭᠡᠶᠢᠯᠡᠬᠦ ᠬᠡᠷᠡᠭᠲᠡᠢ᠃ | |