ᠰᠤᠷᠭᠠᠭᠤᠯᠢ ᠲᠡᠭᠦᠰᠬᠦ᠂ ᠰᠤᠷᠭᠠᠭᠤᠯᠢ ᠳᠡᠪᠰᠢᠬᠦ ᠤᠯᠠᠷᠢᠯ ᠲᠤᠬᠢᠶᠠᠵᠦ ᠪᠠᠶᠢᠭ᠎ᠠ ᠴᠠᠭ ᠲᠤ᠂ ᠰᠤᠷᠭᠠᠭᠤᠯᠢ | ᠳᠡᠪᠰᠢᠭᠰᠡᠨ ᠳᠠᠶᠢᠯᠠᠯᠭ᠎ᠠ᠂ ᠪᠠᠭᠰᠢ ᠳᠤ ᠲᠠᠯᠠᠷᠬᠠᠬᠤ ᠳᠠᠶᠢᠯᠠᠯᠭ᠎ᠠ ᠵᠡᠷᠭᠡ ᠶᠠᠭ ᠶᠠᠪᠤᠭᠳᠠᠵᠤ ᠪᠤᠢ᠃ ᠵᠠᠷᠢᠮ ᠭᠠᠵᠠᠷ ᠲᠤ | ︽ᠶᠠᠭᠠᠬᠢᠵᠦ ᠰᠢᠯᠭᠠᠭᠤᠯᠤᠭᠰᠠᠨ ᠴᠤ ᠬᠠᠮᠢᠶ᠎ᠠ ᠦᠭᠡᠢ᠂ ᠪᠦᠷ ᠰᠤᠷᠭᠠᠭᠤᠯᠢ ᠳᠡᠪᠰᠢᠭᠰᠡᠨ ᠳᠠᠶᠢᠯᠠᠯᠭ᠎ᠠ ᠬᠢᠬᠦ ᠬᠡᠷᠡᠭᠲᠡᠢ | ︾ ᠭᠡᠳᠡᠭ ᠨᠢ ᠲᠣᠭᠲᠠᠭᠰᠠᠨ ᠵᠤᠷᠰᠢᠯ ᠪᠣᠯᠵᠠᠢ᠃ ᠡᠭᠦᠨ ᠠᠴᠠ ᠪᠣᠯᠵᠤ ᠡᠯ᠎ᠡ ᠭᠠᠵᠠᠷ ᠤᠨ ᠢᠳᠡᠭᠡᠨ ᠤᠮᠳᠠᠭᠠᠨ ᠤ | ᠬᠤᠳᠠᠯᠳᠤᠭᠠᠴᠢᠳ ᠴᠤ ᠰᠤᠷᠭᠠᠭᠤᠯᠢ ᠳᠡᠪᠰᠢᠭᠰᠡᠨ ᠳᠠᠶᠢᠯᠠᠯᠭ᠎ᠠ ᠶᠢᠨ ᠡᠯ᠎ᠡ ᠵᠦᠢᠯ ᠤᠨ ᠢᠵᠢ ᠬᠤᠭᠤᠯᠠ᠄ ᠫᠢᠡᠭ ᠪᠦ᠋ | ᠴᠢᠩ ᠶᠦᠨ ᠳᠠᠶᠢᠯᠠᠯᠭ᠎ᠠ᠂ ᠫᠧᠩ ᠴᠧᠩ ᠸᠠᠨ ᠯᠢ ᠳᠠᠶᠢᠯᠠᠯᠭ᠎ᠠ᠂ ᠢᠦᠶ ᠶᠤᠸᠠᠢ ᠯᠦᠩ ᠮᠧᠨ ᠳᠠᠶᠢᠯᠠᠯᠭ᠎ᠠ᠂ ᠶᠢᠨ | ᠪᠠᠨᠭ᠌ ᠲᠢ ᠮᠢᠩ ᠳᠠᠶᠢᠯᠠᠯᠭ᠎ᠠ ᠁ ᠭᠠᠷᠭᠠᠵᠤ ᠪᠤᠢ᠃ | ᠳᠤᠮᠳᠠᠳᠤ ᠤᠯᠤᠰ ᠤᠨ ᠰᠣᠨᠢᠨ ᠮᠡᠳᠡᠭᠡᠨ ᠤ ᠰᠦᠯᠵᠢᠶ᠎ᠡ ᠶᠢᠨ ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ | ᠵᠠᠷᠢᠮ ᠰᠤᠷᠭᠠᠭᠤᠯᠢ ᠳᠡᠪᠰᠢᠭᠰᠡᠨ ᠳᠠᠶᠢᠯᠠᠯᠭ᠎ᠠ ᠶᠢ ᠰᠢᠯᠭᠠᠭᠤᠯᠤᠭᠴᠢ ᠶᠢᠨ ᠠᠷᠪᠠᠨ ᠬᠡᠳᠦᠨ ᠵᠢᠯ ᠬᠠᠲᠠᠭᠤᠵᠢᠯᠲᠠᠶ | ᠰᠤᠷᠤᠯᠴᠠᠵᠦ᠂ ᠰᠢᠨ᠎ᠡ ᠡᠬᠢᠯᠡᠯᠲᠡ ᠶᠢᠨ ᠭᠠᠷᠤᠭ᠎ᠠ ᠳᠤ ᠵᠤᠬᠰᠤᠬᠰᠠᠨ ᠢ ᠪᠡᠯᠭᠡᠯᠡᠬᠦ ᠶᠢᠨ ᠲᠥᠯᠥᠭᠡ ᠬᠢᠵᠦ ᠪᠠᠶᠢᠨ᠎ᠠ︔ | ᠵᠠᠷᠢᠮ ᠰᠤᠷᠭᠠᠭᠤᠯᠢ ᠳᠡᠪᠰᠢᠭᠰᠡᠨ ᠳᠠᠶᠢᠯᠠᠯᠭ᠎ᠠ ᠶᠢ ᠠᠪᠤ ᠡᠵᠢ ᠠᠬ᠎ᠠ ᠲᠡᠭᠦᠦ ᠰᠠᠳᠤᠨ ᠲᠥᠷᠥᠯ ᠨᠢ ᠨᠠᠶᠢᠷ ᠰᠡᠳᠬᠢᠯᠭᠡ | ᠠᠴᠠ ᠪᠠᠨ ᠪᠤᠯᠵᠤ ᠬᠢᠵᠦ ᠪᠠᠶᠢᠨ᠎ᠠ᠃ ᠣᠶᠢᠷ᠎ᠠ ᠳᠤ᠂ ᠲᠣᠭᠲᠠᠭᠠᠯ ᠠᠴᠠ ᠵᠥᠷᠢᠴᠡᠨ ᠰᠤᠷᠭᠠᠭᠤᠯᠢ ᠳᠡᠪᠰᠢᠭᠰᠡᠨ | ᠳᠠᠶᠢᠯᠠᠯᠭ᠎ᠠ ᠬᠢᠭᠰᠡᠨ ᠪᠠ ᠳᠠᠶᠢᠯᠠᠯᠭ᠎ᠠ ᠳᠤ ᠣᠷᠣᠯᠴᠠᠭᠰᠠᠨ ᠵᠡᠷᠭᠡ ᠶᠠᠪᠤᠳᠠᠯ ᠳᠤ ᠴᠢᠭᠯᠡᠭᠦᠯᠦᠨ᠂ ᠣᠯᠠᠨ ᠭᠠᠵᠠᠷ ᠤᠨ | ᠬᠤᠯᠪᠣᠭᠳᠠᠯ ᠪᠥᠬᠦᠶ ᠰᠠᠯᠠᠭ᠎ᠠ ᠮᠥᠴᠢᠷ ᠤᠨ ᠬᠢᠨ ᠢᠯᠡ ᠪᠠᠷ ᠵᠠᠷᠯᠢᠭᠳᠠᠨ ᠬᠤᠷᠢᠬᠯᠠᠬᠰᠠᠨ ᠪᠥᠭᠡᠳ ᠬᠢᠨᠠᠯᠲᠠ | ᠲᠠᠯᠪᠢᠵᠤ ᠢᠯᠡᠴᠢᠯᠡᠨ ᠮᠡᠳᠡᠭᠦᠯᠬᠦ ᠤᠲᠠᠰᠤ ᠶᠢ ᠨᠡᠶᠢᠲᠡᠯᠡᠪᠡ᠃ |