7 ᠰᠠᠷ᠎ᠠ ᠳᠤ ᠲᠣᠰᠣᠨ ᠤ ᠦᠨ᠎ᠡ ︽ᠬᠤᠶᠠᠳᠠᠬᠢ ᠤᠳᠠᠭ᠎ᠠ ᠥᠰᠴᠦ︾ ᠤᠳᠠᠯ ᠦᠭᠡᠢ ᠲᠣᠰᠣ ᠨᠡᠮᠡᠬᠦ ᠳᠤ | 5 ᠲᠥᠭᠦᠷᠢᠭ ᠦᠨᠡᠲᠡᠶ ᠪᠤᠯᠤᠨ᠎ᠠ︕ ᠤᠯᠤᠰ ᠤᠨ ᠳᠣᠲᠣᠭᠠᠳᠤ ᠶᠢᠨ ᠪᠣᠯᠪᠠᠰᠤᠷᠠᠭᠤᠯᠤᠭᠰᠠᠨ ᠲᠣᠰᠣᠨ ᠤ ᠵᠢᠵᠢᠭᠯᠡᠨ | ᠬᠤᠳᠠᠯᠳᠤᠬᠤ ᠦᠨ᠎ᠡ ᠶᠢᠨ ︽14 ᠳ᠋ᠤᠭᠡᠷ ᠡᠭᠡᠯᠵᠢ︾ ᠶᠢᠨ ᠦᠨ᠎ᠡ ᠲᠣᠬᠢᠷᠠᠭᠤᠯᠬᠤ ᠠᠵᠢᠯ ᠳᠠᠷᠠᠭ᠎ᠠ ᠭᠠᠷᠠᠭ ᠤᠨ | ᠳᠥᠷᠪᠡᠨ ᠤ ᠣᠷᠣᠶ ᠶᠢᠨ 12 ᠴᠠᠭ ︵7 ᠰᠠᠷ᠎ᠠ ᠶᠢᠨ 11 ᠤ ᠡᠳᠦᠷ ᠤᠨ 24 ᠴᠠᠭ︶ ᠠᠴᠠ ᠡᠬᠢᠯᠡᠵᠦ᠂ | ᠲᠣᠰᠣᠨ ᠤ ᠦᠨ᠎ᠡ ᠳᠠᠬᠢᠨᠲᠠ ᠥᠰᠬᠦ ᠪᠣᠯᠤᠨ᠎ᠠ᠂ ᠵᠢᠱᠢᠯᠲᠡ ᠪᠠᠷ 10 ᠭᠠᠷᠤᠢ ᠮᠥᠩᠭᠦ ᠥᠰᠬᠦ ᠪᠣᠯᠤᠨ᠎ᠠ᠃ | 7 ᠰᠠᠷ᠎ᠠ ᠶᠢᠨ 5 ᠤ ᠡᠳᠦᠷ᠂ ᠤᠯᠤᠰ ᠤᠨ ᠳᠣᠲᠣᠭᠠᠳᠤ ᠶᠢᠨ ᠲᠣᠰᠣᠨ ᠤ ᠦᠨ᠎ᠡ ᠶᠢᠨ ᠲᠤᠰ ᠡᠭᠡᠯᠵᠢ ᠶᠢᠨ | ᠦᠨ᠎ᠡ ᠪᠣᠳᠣᠬᠤ ᠦᠶᠡᠯᠡᠯ ᠤᠨ 6 ᠳ᠋ᠤᠭᠠᠷ ᠠᠵᠢᠯᠯᠠᠬᠤ ᠡᠳᠦᠷ ︵ᠪᠣᠯᠪᠠᠰᠤᠷᠠᠭᠤᠯᠤᠭᠰᠠᠨ ᠲᠣᠰᠣ ᠳᠤ | ᠲᠣᠬᠢᠷᠠᠭᠤᠯᠤᠯᠲᠠ ᠬᠢᠬᠦ ᠦᠶᠡᠯᠡᠯ ᠤᠨ ᠬᠤᠭᠤᠴᠠᠭ᠎ᠠ ᠨᠢ 10 ᠠᠵᠢᠯᠯᠠᠬᠤ ᠡᠳᠦᠷ᠂ 10 ᠠᠵᠢᠯᠯᠠᠬᠤ ᠡᠳᠦᠷ | ᠪᠦᠷᠢ ᠶᠢᠨ ᠲᠣᠰᠣᠨ ᠤ ᠦᠨ᠎ᠡ ᠳᠤ ᠲᠣᠬᠢᠷᠠᠭᠤᠯᠤᠯᠲᠠ ᠬᠢᠬᠦ ᠴᠣᠩᠬᠤᠪᠴᠢ ᠶᠢ ᠨᠢᠭᠡ ᠤᠳᠠᠭ᠎ᠠ ᠨᠡᠭᠡᠭᠡᠨ᠎ᠡ︶ ᠲᠤ᠂ | ᠲᠦᠭᠦᠬᠡᠶ ᠲᠣᠰᠣᠨ ᠤ ᠬᠤᠪᠢᠷᠠᠯᠲᠠ ᠶᠢᠨ ᠨᠣᠷᠮ᠎ᠠ ᠶᠢ 2.78 % ᠪᠠᠷ ᠯᠠᠪᠯᠠᠯᠲᠠ ᠪᠣᠯᠭᠠᠵᠤ᠂ ᠴᠢᠶ᠋ᠢᠦ ᠲᠤᠰᠤ ᠪᠠ | ᠴᠠᠶᠢᠶ᠋ᠢᠦ ᠲᠣᠰᠣ ᠶᠢ ᠲᠤᠰ ᠲᠤᠰ ᠲᠤᠨ ᠪᠦᠷᠢ ᠳᠡᠭᠡᠨ 120 ᠲᠥᠭᠦᠷᠢᠭ ᠥᠰᠬᠡᠪᠠ᠂ ᠯᠢᠲᠷ ᠪᠦᠷᠢ ᠶᠢ 0.09 - | 0.10 ᠲᠥᠭᠦᠷᠢᠭ ᠢᠶᠠᠷ ᠨᠤᠭᠤᠯᠤᠨ ᠪᠣᠳᠣᠪᠠᠯ᠂ ᠲᠣᠰᠣᠨ ᠤ ᠬᠠᠶᠢᠷᠴᠠᠭ ᠤᠨ ᠪᠠᠭᠲᠠᠭᠠᠮᠵᠢ ᠨᠢ 50 ᠯᠢᠲᠷ ᠤᠨ | ᠵᠢᠵᠢᠭ ᠬᠡᠯᠪᠡᠷᠢ ᠶᠢᠨ ᠮᠠᠰᠢᠨ ᠲᠡᠷᠭᠡ ᠨᠢᠭᠡ ᠬᠠᠶᠢᠷᠴᠠᠭ ᠲᠣᠰᠣ ᠨᠡᠮᠡᠪᠡᠯ ᠢᠯᠡᠭᠦᠦ 5 ᠲᠥᠭᠦᠷᠢᠭ ᠣᠷᠴᠢᠮ | ᠵᠠᠷᠤᠴᠠᠭᠤᠯᠤᠨ᠎ᠠ᠃ ᠦᠨ᠎ᠡ ᠲᠣᠬᠢᠷᠠᠭᠤᠯᠬᠤ ᠴᠣᠩᠬᠤᠪᠴᠢ ᠶᠢ ᠄ 7 ᠰᠠᠷ᠎ᠠ ᠶᠢᠨ 11 ᠤ ᠡᠳᠦᠷ ᠤᠨ 24 ᠴᠠᠭ | ᠨᠡᠭᠡᠭᠡᠨ᠎ᠡ᠃ |