ᠵᠣᠨ ᠤ ᠤᠯᠠᠷᠢᠯ ᠪᠣᠯ ᠲᠡᠵᠢᠭᠡᠯ ᠡᠪᠡᠰᠦᠨ ᠤ ᠦᠢᠯᠡᠳᠪᠦᠷᠢᠯᠡᠯ ᠤᠨ ᠬᠥᠭᠵᠢᠯᠲᠡᠢ ᠤᠯᠠᠷᠢᠯ᠂ ᠮᠥᠨ ᠴᠦ | ᠢᠮᠠᠭᠠᠨ ᠤ ᠥᠰᠦᠯᠲᠡ ᠦᠷᠡᠵᠢᠯᠳᠡ ᠶᠢᠨ ᠬᠥᠭᠵᠢᠯᠲᠡᠢ ᠤᠯᠠᠷᠢᠯ ᠮᠥᠨ᠃ ᠭᠡᠪᠡᠴᠦ ᠵᠣᠨ ᠤ ᠤᠯᠠᠷᠢᠯ ᠳᠤ | ᠠᠭᠠᠷ ᠤᠨ ᠳᠤᠯᠠᠭᠠᠨ ᠥᠨᠳᠥᠷ᠂ ᠴᠢᠭᠢᠭᠲᠦᠴᠡ ᠶᠡᠭᠡ᠂ ᠰᠢᠮᠠᠭᠤᠯ ᠬᠤᠷᠣᠬᠠᠢ ᠠᠷᠪᠢᠨ᠂ ᠸᠢᠷᠦ᠋ᠰ ᠪᠠᠺᠲ᠋ᠧᠷᠢ ᠶᠢᠨ | ᠦᠷᠡᠵᠢᠯᠲᠡ ᠲᠦᠷᠭᠡᠨ ᠪᠠᠶᠢᠳᠠᠭ᠃ ᠬᠡᠷᠪᠡ ᠬᠠᠮᠢᠶᠠᠷᠤᠯᠲᠠ ᠶᠢ ᠠᠩᠬᠠᠷᠬᠤ ᠦᠭᠡᠢ ᠪᠣᠯ ᠬᠤᠨᠢ ᠢᠮᠠᠭᠠᠨ ᠤ | ᠡᠪᠡᠳᠴᠢᠨ ᠡᠮᠭᠡᠭ ᠢ ᠠᠮᠠᠷᠬᠠᠨ ᠡᠭᠦᠰᠬᠡᠵᠦ᠂ ᠴᠢᠨᠠᠭᠰᠢᠯᠠᠪᠠᠯ ᠦᠬᠦᠵᠦ᠂ ᠬᠤᠨᠢ ᠢᠮᠠᠭᠠᠨ ᠤ ᠬᠥᠭᠵᠢᠯᠲᠡ ᠶᠢ | ᠬᠦᠨᠳᠦ ᠨᠣᠴᠢᠲᠠᠢ ᠬᠢᠵᠠᠭᠠᠷᠯᠠᠳᠠᠭ᠃ | ︽ᠴᠡᠭᠡᠷᠯᠡᠯ ᠨᠢᠭᠡ︾ ᠦᠳᠡ ᠳᠤ ᠮᠠᠯ ᠬᠠᠷᠢᠭᠤᠯᠬᠤ ᠶᠢ ᠴᠡᠭᠡᠷᠯᠡᠵᠦ᠂ ᠬᠤᠨᠢ ᠨᠠᠷᠠᠰᠢᠬᠤ ᠠᠴᠠ ᠰᠡᠷᠭᠡᠶᠢᠯᠡᠬᠦ | ᠬᠡᠷᠡᠭᠲᠡᠢ᠃ ᠮᠠᠯ ᠬᠠᠷᠢᠭᠤᠯᠠᠬᠤ ᠳᠤ ᠦᠳᠡ ᠶᠢᠨ ᠡᠮᠦᠨ᠎ᠡ ᠪᠤᠶᠤ ᠦᠳᠡᠰᠢ ᠶᠢᠨ ᠦᠶ᠎ᠡ ᠪᠠᠷ ᠬᠠᠷᠢᠭᠤᠯᠠᠪᠠᠯ ᠵᠤᠬᠢᠰᠲᠠᠢ | ᠪᠠᠶᠢᠵᠤ᠂ ᠬᠡᠳᠤ ᠡᠷᠲᠡ ᠬᠠᠷᠢᠭᠤᠯᠠᠵᠤ ᠪᠣᠯᠬᠤ ᠦᠭᠡᠢ᠃ ᠬᠤᠨᠢ ᠢᠮᠠᠭ᠎ᠠ ᠰᠢᠭᠦᠳᠡᠷᠢ ᠶᠢᠨ ᠤᠰᠤ ᠲᠠᠢ ᠡᠪᠡᠰᠦ ᠶᠢ | ᠢᠳᠡᠪᠡᠯ ᠠᠮᠠᠷᠬᠠᠨ ᠠᠮᠠᠷᠠᠤᠳᠠᠳᠠᠭ︔ ᠬᠠᠷᠢᠭᠤᠯᠠᠬᠤ ᠴᠠᠭ ᠢ ᠡᠷᠲᠡ ᠪᠠᠷᠠᠭᠤᠨ ᠡᠮᠦᠨ᠎ᠡ ᠣᠷᠣᠢ ᠵᠡᠭᠦᠨ ᠬᠤᠶᠢᠲᠤ | ᠵᠦᠭ ᠲᠤ ᠳᠠᠷᠤᠢ ᠦᠳᠡ ᠶᠢᠨ ᠡᠮᠦᠨ᠎ᠡ ᠠᠭᠤᠯᠠᠨ ᠬᠥᠲᠥᠯ ᠤᠨ ᠪᠠᠷᠠᠭᠤᠨ ᠡᠮᠦᠨ᠎ᠡ ᠲᠠᠯ᠎ᠠ ᠳᠤ ᠲᠠᠯᠪᠢᠵᠤ᠂ | ᠦᠳᠡ ᠶᠢᠨ ᠬᠤᠶᠢᠨ᠎ᠠ ᠠᠭᠤᠯᠠᠨ ᠬᠥᠲᠥᠯ ᠤᠨ ᠵᠡᠭᠦᠨ ᠬᠤᠶᠢᠲᠤ ᠲᠠᠯ᠎ᠠ᠂ ᠨᠠᠷᠠᠨ ᠳᠤ ᠰᠢᠭᠤᠳ ᠰᠢᠷᠠᠭᠳᠠᠬᠤ ᠠᠴᠠ | ᠪᠣᠯᠭᠤᠮᠵᠢᠯᠠᠵᠤ᠂ ᠬᠤᠨᠢ ᠨᠠᠷᠠᠰᠢᠬᠤ ᠠᠴᠠ ᠰᠡᠷᠭᠡᠶᠢᠯᠡᠬᠦ ᠬᠡᠷᠡᠭᠲᠡᠢ᠃ | ︽ᠴᠡᠭᠡᠷᠯᠡᠯ ᠬᠤᠶᠠᠷ︾ ᠬᠤᠨᠢ ᠶᠢ ᠠᠷᠢᠭᠤᠳᠬᠠᠨ ᠬᠤᠷᠣᠬᠠᠢ ᠶᠢ ᠨᠢ ᠴᠣᠬᠢᠵᠤ᠂ ᠬᠤᠨᠢᠨ ᠤ | ᠬᠤᠣᠷᠳᠠᠭᠳᠠᠬᠤ ᠶᠢ ᠰᠡᠷᠭᠡᠶᠢᠯᠡᠬᠦ ᠬᠡᠷᠡᠭᠲᠡᠢ᠃ ᠵᠣᠨ ᠤ ᠴᠠᠭ ᠪᠣᠯ ᠮᠦᠨᠴᠦ ᠪᠠᠺᠲ᠋ᠧᠷᠢ ᠶᠢᠨ ᠸᠢᠷᠦ᠋ᠰ᠂ ᠰᠢᠮᠡᠭᠦᠷ | ᠬᠤᠷᠣᠬᠠᠢ ᠶᠢᠨ ᠦᠷᠡᠵᠢᠯ ᠤᠨ ᠬᠥᠭᠵᠢᠯᠲᠡᠢ ᠤᠯᠠᠷᠢᠯ ᠪᠣᠯᠬᠤᠷ ᠮᠠᠰᠢ ᠣᠯᠠᠨ ᠲᠡᠵᠢᠭᠡᠨ ᠦᠷᠡᠵᠢᠭᠦᠯᠬᠦ ᠡᠷᠦᠬᠡ ᠨᠢ | ᠲᠥᠬᠦᠮ ᠲᠦᠷᠭᠡᠨ᠂ ᠴᠠᠭ ᠢ ᠠᠷᠪᠢᠯᠠᠬᠤ ᠶᠢᠨ ᠲᠥᠯᠥᠭᠡ ᠬᠤᠨᠢ ᠪᠠᠨ ᠠᠪᠴᠤ ᠠᠷᠢᠭᠤᠳᠬᠠᠨ᠂ ᠬᠤᠷᠣᠬᠠᠢ ᠠᠯᠠᠳᠠᠭ | ᠃ ᠭᠡᠶ᠎ᠡ ᠵᠣᠬᠢᠰᠲᠠᠢ ᠰᠢᠢᠳᠪᠦᠷᠢᠯᠡᠭᠰᠡᠨ ᠦᠭᠡᠢ ᠪᠤᠯ ᠬᠤᠨᠢᠨ ᠤ ᠰᠦᠷᠦᠭ ᠲᠤ ᠬᠥᠩᠭᠡᠨ ᠬᠤᠣᠷᠳᠠᠭᠳᠠᠬᠤ ᠪᠤᠶᠤ | ᠤᠳᠠᠭᠠᠨ ᠬᠤᠤᠷᠳᠠᠭᠳᠠᠬᠤ ᠪᠠᠶᠢᠳᠠᠯ ᠢᠯᠡᠷᠡᠵᠦ᠂ ᠬᠤᠨᠢᠨ ᠤ ᠥᠰᠦᠯᠲᠡ ᠪᠤᠶᠢᠵᠢᠯᠲᠠ ᠶᠢ ᠨᠥᠯᠥᠭᠡᠯᠡᠳᠡᠭ᠃ | ︽ᠴᠡᠭᠡᠷᠯᠡᠯ ᠭᠤᠷᠪᠠ︾ ᠬᠤᠨᠢᠨ ᠤ ᠰᠠᠷᠠᠪᠴᠢ ᠪᠤᠵᠠᠷᠳᠤᠭᠰᠠᠨ ᠠᠴᠠ ᠪᠣᠯᠵᠤ ᠡᠪᠡᠳᠴᠢᠨ ᠡᠮᠭᠡᠭ ᠲᠤ | ᠨᠡᠷᠪᠡᠭᠳᠡᠬᠦ ᠠᠴᠠ ᠰᠡᠷᠭᠡᠶᠢᠯᠡᠬᠦ ᠬᠡᠷᠡᠭᠲᠡᠢ᠃ ᠵᠤᠨ ᠤ ᠤᠯᠠᠷᠢᠯ ᠳᠤ ᠬᠤᠨᠢᠨ ᠤ ᠢᠯᠭᠠᠳᠠᠰᠤᠨ ᠤ ᠢᠰᠬᠡᠯᠲᠡ ᠲᠦᠷᠭᠡᠨ᠂ | ᠰᠢᠪᠲᠦᠷ ᠤᠨ ᠬᠡᠢ ᠠᠷᠪᠢᠨ᠂ ᠡᠨᠡ ᠨᠢ ᠬᠤᠨᠢᠨ ᠤ ᠨᠡᠶᠢᠯᠡᠮᠡᠯ ᠪᠦᠷᠬᠦᠪᠴᠢ ᠶᠢᠨ ᠡᠪᠡᠷᠯᠢᠭ ᠪᠦᠷᠬᠦᠪᠴᠢ ᠶᠢᠨ | ᠦᠷᠪᠢᠰᠦᠯ ᠢ ᠠᠮᠠᠷᠬᠠᠨ ᠡᠭᠦᠰᠬᠡᠵᠦ᠂ ᠴᠠᠭᠠᠨ ᠬᠠᠷᠠᠩ ᠢ ᠡᠭᠦᠰᠬᠡᠵᠦ᠂ ᠬᠦᠨᠳᠦ ᠨᠣᠴᠢᠲᠠᠢ ᠨᠢ ᠬᠠᠷᠠᠭ᠎ᠠ ᠠᠯᠳᠠᠵᠤ᠂ | ᠬᠤᠨᠢᠨ ᠤ ᠢᠳᠡᠰᠢᠯᠡᠬᠦ ᠶᠢ ᠰᠢᠭᠤᠳ ᠨᠥᠯᠥᠭᠡᠯᠡᠳᠡᠭ᠃ ᠪᠠᠰᠠ ᠠᠮᠢᠰᠬᠤᠯ ᠤᠨ ᠵᠠᠮ ᠵᠡᠷᠭᠡ ᠡᠪᠡᠳᠴᠢᠨ ᠢ | ᠡᠭᠦᠰᠬᠡᠳᠡᠭ᠃ | ︽ᠴᠢᠩᠭᠠᠳᠬᠠᠯ ᠨᠢᠭᠡ︾ ᠬᠤᠨᠢᠨ ᠰᠦᠷᠦᠭ ᠤᠨ ᠬᠠᠮᠢᠶᠠᠷᠤᠯᠲᠠ ᠶᠢ ᠴᠢᠩᠭᠠᠳᠬᠠᠬᠤ ᠬᠡᠷᠡᠭᠲᠡᠢ᠃ ᠨᠢᠭᠡ ᠳᠤ | ᠨᠠᠷᠢᠯᠢᠭ ᠳᠠᠪᠤᠰᠤ ᠶᠢ ᠨᠥᠬᠦᠪᠦᠷᠢᠯᠡᠬᠦ ᠬᠡᠷᠡᠭᠲᠡᠢ᠃ ᠵᠤᠨ ᠤ ᠤᠯᠠᠷᠢᠯ ᠤᠨ ᠥᠨᠳᠥᠷ ᠬᠠᠯᠠᠭᠤᠨ ᠳᠤ ᠬᠤᠨᠢᠨ ᠤ | ᠰᠦᠷᠦᠭ ᠤᠨ ᠭᠦᠢᠴᠡᠳ ᠴᠡᠪᠡᠷ ᠤᠰᠤ ᠤᠮᠳᠠ ᠲᠠᠢ ᠪᠠᠶᠢᠯᠭᠠᠬᠤ ᠶᠢᠨ ᠬᠠᠮᠲᠤ ᠬᠤᠨᠢ ᠪᠦᠷᠢ ᠳᠤ 5 — 9 ᠭᠷᠡᠮ | ᠳᠠᠪᠤᠰᠤ ᠨᠥᠬᠦᠪᠦᠷᠢᠯᠡᠵᠦ᠂ ᠬᠤᠨᠢᠨ ᠤ ᠪᠡᠶ᠎ᠡ ᠶᠢᠨ ᠳᠣᠲᠣᠷᠠᠬᠢ ᠬᠦᠴᠢᠯ ᠱᠦᠯᠲᠦ ᠶᠢᠨ ᠲᠡᠩᠴᠡᠭᠦᠷᠢ ᠶᠢ | ᠲᠣᠬᠢᠷᠠᠭᠤᠯᠬᠤ ᠬᠡᠷᠡᠭᠲᠡᠢ᠃ ᠬᠤᠶᠠᠷ ᠲᠤ ᠬᠤᠨᠢᠨ ᠰᠦᠷᠦᠭ ᠢᠶᠠᠨ ᠨᠠᠷᠢᠨ ᠨᠢᠮᠪᠠᠢ ᠬᠠᠷᠠᠵᠤ ᠬᠠᠮᠢᠶᠠᠷᠬᠤ ᠬᠡᠷᠡᠭᠲᠡᠢ᠃ | ᠥᠷᠯᠥᠭᠡ ᠡᠷᠲᠡ᠂ ᠬᠠᠷᠢᠭᠤᠯᠵᠤ ᠪᠠᠶᠢᠬᠤ ᠦᠶ᠎ᠡ ᠳᠤ᠂ ᠰᠥᠨᠢ ᠳᠡᠭᠡᠨ ᠬᠤᠨᠢᠨ ᠤ ᠰᠦᠷᠦᠭ ᠤᠨ ᠬᠥᠳᠡᠯᠦᠯ | ᠪᠠᠶᠢᠳᠠᠯ ᠢ ᠨᠠᠷᠢᠨ ᠠᠵᠢᠭᠯᠠᠵᠤ᠂ ︽ᠨᠢᠭᠡ ᠰᠣᠨᠣᠰᠴᠤ ᠭᠤᠷᠪᠠ ᠠᠵᠢᠭᠯᠠᠬᠤ︾ ᠳᠠᠷᠤᠢ ᠠᠮᠢᠰᠬᠤᠯ ᠢ ᠰᠣᠨᠣᠰᠬᠤ ᠳᠤ | ᠴᠡᠷ ᠲᠠᠢ ᠬᠠᠨᠢᠶᠠᠵᠤ ᠪᠠᠶᠢᠬᠤ ᠡᠰᠡᠬᠦ᠂ ᠬᠤᠨᠢᠨ ᠤ ᠪᠡᠶ᠎ᠡ ᠶᠢᠨ ᠪᠠᠶᠢᠳᠠᠯ ᠬᠡᠪ ᠤᠨ ᠪᠠᠶᠢᠬᠤ ᠡᠰᠡᠬᠦ᠂ ᠪᠡᠶ᠎ᠡ ᠶᠢᠨ | ᠭᠠᠳᠠᠨ᠎ᠠ ᠰᠢᠮᠡᠭᠦᠷ ᠬᠤᠷᠣᠬᠠᠢ ᠪᠠᠶᠢᠬᠤ ᠡᠰᠡᠬᠦ᠂ ᠬᠤᠨᠢᠨ ᠤ ᠢᠳᠡᠰᠢ ᠠᠪᠬᠤ ᠪᠠ ᠢᠯᠭᠠᠳᠠᠰᠤ ᠪᠠᠷ ᠬᠡᠪ ᠤᠨ ᠪᠤᠰᠤ | ᠪᠠᠶᠢᠬᠤ ᠡᠰᠡᠬᠦ ᠶᠢ ᠠᠵᠢᠭᠯᠠᠵᠤ᠂ ᠬᠡᠪ ᠤᠨ ᠪᠤᠰᠤ ᠪᠠᠶᠢᠳᠠᠯ ᠭᠠᠷᠪᠠᠯ ᠴᠠᠭ ᠲᠤᠬᠠᠢ ᠳᠤᠨᠢ ᠡᠮᠨᠡᠭᠦᠯᠵᠦ᠂ ᠡᠷᠲᠡ ᠠᠴᠠ | ᠮᠡᠳᠡᠵᠦ ᠡᠷᠲᠡ ᠠᠴᠠ ᠡᠮᠨᠡᠨ ᠵᠠᠰᠠᠬᠤ ᠬᠡᠷᠡᠭᠲᠡᠢ᠃ ᠭᠤᠷᠪᠠ ᠳᠤ ᠥᠨᠳᠥᠷ ᠭᠠᠵᠠᠷ ᠲᠤ ᠮᠠᠯ ᠬᠠᠷᠢᠭᠤᠯᠬᠤ ᠬᠡᠷᠡᠭᠲᠡᠢ᠃ | ᠨᠠᠮ ᠳᠣᠣᠷ᠎ᠠ ᠴᠢᠭᠢᠭᠯᠢᠭ ᠭᠠᠵᠠᠷ ᠲᠤ ᠮᠠᠯ ᠬᠠᠷᠢᠭᠤᠯᠬᠤ ᠶᠢ ᠴᠡᠭᠡᠷᠯᠡᠵᠦ᠂ ᠭᠠᠵᠠᠷ ᠤᠨ ᠪᠠᠶᠢᠴᠠ ᠨᠢ ᠨᠡᠯᠢᠶᠡᠳ | ᠥᠨᠳᠥᠷ᠂ ᠨᠥᠮᠥᠷᠢ ᠲᠠᠢ᠂ ᠨᠠᠷᠠ ᠥᠭᠡᠳᠡ ᠬᠠᠨᠳᠤᠭᠰᠠᠨ᠂ ᠡᠪᠡᠰᠦᠨ ᠤ ᠤᠷᠭᠤᠯᠲᠠ ᠰᠠᠶᠢᠨ ᠭᠠᠵᠠᠷ ᠢ | ᠰᠣᠩᠭᠤᠬᠤ ᠬᠡᠷᠡᠭᠲᠡᠢ᠃ | ︽ᠴᠢᠩᠭᠠᠳᠬᠠᠯ ᠬᠤᠶᠠᠷ︾ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠴᠢᠩᠭᠠᠳᠬᠠᠬᠤ ᠬᠡᠷᠡᠭᠲᠡᠢ᠃ | ᠬᠤᠨᠢᠨ ᠤ ᠬᠠᠰᠢᠶ᠎ᠠ ᠰᠠᠷᠠᠪᠴᠢ ᠶᠢ ᠬᠠᠭᠤᠷᠠᠢ᠂ ᠠᠷᠢᠭᠤᠨ ᠴᠡᠪᠡᠷ᠂ ᠰᠠᠯᠬᠢ ᠨᠡᠪᠳᠡᠷᠡᠬᠦ ᠶᠢ ᠪᠠᠲᠤᠯᠠᠬᠤ ᠬᠡᠷᠡᠭᠲᠡᠢ᠃ | ᠬᠤᠨᠢᠨ ᠤ ᠰᠠᠷᠠᠪᠴᠢ᠂ ᠬᠦᠳᠡᠯᠭᠡᠭᠡᠨ ᠤ ᠲᠠᠯᠠᠪᠤᠷ ᠢ ᠡᠳᠦᠷ ᠪᠦᠷᠢ ᠨᠢᠭᠡ ᠤᠳᠠᠭ᠎ᠠ ᠴᠡᠪᠡᠷᠯᠡᠵᠦ᠂ ᠭᠠᠷᠠᠭ ᠪᠦᠷᠢ | ᠨᠢᠭᠡ ᠤᠳᠠᠭ᠎ᠠ ᠠᠷᠢᠭᠤᠳᠬᠠᠬᠤ ᠬᠡᠷᠡᠭᠲᠡᠢ᠃ ᠠᠷᠢᠭᠤᠳᠬᠠᠭᠴᠢ ᠡᠮ ᠢ ᠡᠭᠡᠯᠵᠢᠯᠡᠨ ᠬᠡᠷᠡᠭᠯᠡᠬᠦ ᠬᠡᠷᠡᠭᠲᠡᠢ᠃ | ︽ᠴᠢᠩᠭᠠᠳᠬᠠᠯ ᠭᠤᠷᠪᠠ︾ ᠬᠢᠵᠢᠭ ᠢ ᠰᠡᠷᠭᠡᠶᠢᠯᠡᠨ ᠬᠤᠷᠣᠬᠠᠢ ᠶᠢ ᠬᠥᠭᠡᠭᠡᠬᠦ ᠠᠵᠢᠯ ᠢ ᠴᠢᠩᠭᠠᠳᠬᠠᠬᠤ | ᠬᠡᠷᠡᠭᠲᠡᠢ᠃ ᠬᠤᠨᠢ ᠢᠮᠠᠭᠠᠨ ᠤ ᠲᠠᠯᠠᠪᠤᠷ ᠭᠠᠵᠠᠷ ᠤᠨ ᠭᠠᠵᠠᠷ ᠣᠷᠣᠨ᠂ ᠣᠷᠴᠢᠨ ᠲᠣᠭᠤᠷᠢᠨ ᠵᠡᠷᠭᠡ ᠨᠥᠬᠦᠴᠡᠯ ᠢ | ᠦᠨᠳᠦᠰᠦᠯᠡᠨ ᠡᠪᠡᠳᠴᠢᠨ ᠡᠮᠭᠡᠭ ᠢ ᠥᠯᠥ ᠬᠠᠯᠳᠠᠭᠠᠬᠤ᠂ ᠬᠤᠷᠣᠬᠠᠢ ᠶᠢ ᠰᠡᠷᠭᠡᠶᠢᠯᠡᠬᠦ ᠰᠢᠨᠵᠢᠯᠡᠬᠦ ᠤᠬᠠᠭᠠᠨᠴᠢ ᠵᠦᠢ | ᠵᠣᠬᠢᠰᠲᠠᠢ ᠲᠠᠰ ᠳᠠᠷᠠᠭᠠᠯᠠᠯ ᠢ ᠲᠣᠭᠲᠠᠭᠠᠵᠤ᠂ ᠲᠠᠰ ᠳᠠᠷᠠᠭᠠᠯᠠᠯ ᠢ ᠦᠨᠳᠦᠰᠦᠯᠡᠨ ᠬᠤᠨᠢ ᠢᠮᠠᠭᠠᠨ ᠤ ᠰᠢᠯᠦᠬᠡᠢ | ᠡᠪᠡᠳᠴᠢᠨ᠂ ᠬᠤᠨᠢᠨ ᠤ ᠭᠤᠷᠪᠠ ᠶᠢ ᠬᠤᠯᠪᠣᠵᠤ ᠳᠥᠷᠪᠡ ᠶᠢ ᠰᠡᠷᠭᠡᠶᠢᠯᠡᠬᠦ᠂ ᠬᠤᠨᠢᠨ ᠤ ᠪᠤᠳᠤ᠂ ᠬᠤᠨᠢᠨ ᠤ | ᠬᠠᠯᠳᠠᠪᠤᠷᠢᠲᠤ ᠴᠢᠨᠠᠷᠲᠠᠢ ᠴᠡᠭᠡᠵᠢᠨ ᠪᠦᠷᠬᠦᠪᠴᠢ ᠶᠢᠨ ᠠᠭᠤᠰᠬᠢᠨ ᠤ ᠦᠷᠪᠢᠰᠦᠯ ᠢ ᠰᠡᠷᠭᠡᠶᠢᠯᠡᠬᠦ ᠵᠡᠷᠭᠡ ᠸᠠᠺᠼᠢᠨ ᠤ | ᠲᠠᠷᠢᠯᠭ᠎ᠠ ᠬᠢᠵᠦ᠂ ᠸᠠᠺᠼᠢᠨ ᠤ ᠲᠠᠷᠢᠯᠭ᠎ᠠ ᠶᠢ 7 — 15 ᠡᠳᠦᠷ ᠬᠢᠬᠦ ᠶᠢᠨ ᠬᠠᠮᠲᠤ ᠰᠠᠶᠢᠲᠤᠷ ᠳᠡᠩᠰᠡᠯᠡᠨ | ᠲᠡᠮᠳᠡᠭᠯᠡᠵᠦ᠂ ᠴᠠᠭ ᠲᠤᠬᠠᠢ ᠳᠤᠨᠢ ᠨᠥᠬᠦᠬᠦ ᠬᠡᠷᠡᠭᠲᠡᠢ᠃ ᠬᠡᠷᠪᠡ ᠬᠢᠵᠢᠭ ᠡᠪᠡᠳᠴᠢᠨ ᠡᠭᠦᠰᠪᠡᠯ ᠴᠠᠭ ᠲᠤᠬᠠᠢ ᠳᠤᠨᠢ | ᠲᠤᠰᠠᠭᠠᠷᠯᠠᠵᠤ ᠡᠮᠨᠡᠭᠦᠯᠬᠦ ᠬᠡᠷᠡᠭᠲᠡᠢ᠃ | |