ᠭᠤᠷᠪᠠᠨ ᠵᠦᠢᠯ ᠤᠨ ᠨᠣᠭᠤᠭ᠎ᠠ ᠪᠠᠷ ᠲᠠᠬᠢᠶ᠎ᠠ ᠲᠡᠵᠢᠭᠡᠵᠦ ᠪᠣᠯᠬᠤ ᠦᠭᠡᠢ
ᠨᠡᠶᠢᠲᠡᠯᠡᠭᠰᠡᠨ ᠴᠠᠭ᠄
2024/7/18
      ᠣᠯᠠᠩᠬᠢ ᠲᠠᠷᠢᠶᠠᠴᠢᠨ ᠲᠠᠬᠢᠶ᠎ᠠ ᠲᠡᠵᠢᠭᠡᠬᠦ ᠳᠡᠭᠡᠨ ᠶᠡᠷᠦ ᠳᠡᠭᠡᠨ ᠲᠡᠵᠢᠭᠡᠯ ᠪᠣᠷᠳᠤᠭ᠎ᠠ ᠳᠡᠮᠡᠢ ᠬᠡᠷᠡᠭᠯᠡᠳᠡᠭ  ᠦᠭᠡᠢ᠂ ᠬᠠᠷᠢᠨ ᠥᠪᠡᠷ ᠤᠨ ᠳᠠᠷᠢᠭᠰᠠᠨ ᠠᠮᠤ ᠪᠤᠳᠠᠭ᠎ᠠ ᠪᠤᠶᠤ ᠢᠳᠡᠰᠢᠨ ᠨᠣᠭᠤᠭ᠎ᠠ ᠪᠠᠨ ᠬᠡᠷᠡᠭᠯᠡᠳᠡᠭ᠃ ᠠᠮᠤ  ᠪᠤᠳᠠᠭ᠎ᠠ ᠨᠢ ᠶᠡᠷᠦ ᠳᠡᠭᠡᠨ ᠡᠷᠳᠡᠨᠢ ᠰᠢᠰᠢ᠂ ᠪᠤᠭᠤᠳᠠᠢ᠂ ᠲᠤᠲᠤᠷᠭ᠎ᠠ᠂ ᠠᠮᠲᠠᠲᠤ ᠲᠥᠮᠥᠰᠥ ᠪᠠᠷ ᠭᠤᠣᠯᠯᠠᠳᠠᠭ᠃  ᠢᠳᠡᠰᠢᠨ ᠨᠣᠭᠤᠭ᠎ᠠ ᠳᠤ ᠭᠤᠣᠯᠳᠠᠭᠤ ᠴᠠᠭᠠᠨ ᠨᠣᠭᠤᠭ᠎ᠠ᠂ ᠯᠤᠤᠪᠠᠩ᠂ ᠯᠠᠩᠭᠤᠸᠠ ᠵᠡᠷᠭᠡ ᠪᠤᠢ᠃ ᠮᠠᠰᠢ ᠣᠯᠠᠨ  ᠲᠠᠷᠢᠶᠠᠴᠢᠨ ᠡᠷᠦᠬᠡ ᠲᠠᠬᠢᠶ᠎ᠠ ᠪᠠᠨ ᠢᠯᠡᠭᠦᠦ ᠥᠨᠳᠡᠭᠡᠯᠡᠭᠦᠯᠬᠦ ᠶᠢᠨ ᠲᠥᠯᠥᠭᠡ᠂ ᠶᠡᠷᠦ ᠨᠢ ᠠᠮᠤ ᠪᠤᠳᠠᠭ᠎ᠠ ᠪᠠ  ᠢᠳᠡᠰᠢᠨ ᠨᠣᠭᠤᠭ᠎ᠠ ᠪᠠᠨ ᠬᠤᠯᠢᠵᠤ ᠲᠠᠬᠢᠶ᠎ᠠ ᠳᠤ ᠢᠳᠡᠭᠦᠯᠳᠡᠭ᠃ ᠵᠢᠱᠢᠶᠡᠯᠡᠪᠡᠯ ᠴᠠᠭᠠᠨ ᠨᠣᠭᠤᠭ᠎ᠠ ᠡᠷᠳᠡᠨᠢ  ᠰᠢᠰᠢ ᠶᠢ ᠬᠤᠯᠢᠬᠤ᠂ ᠬᠥᠬᠡ ᠨᠣᠭᠤᠭ᠎ᠠ ᠠᠭ᠎ᠠ ᠬᠡᠪᠡᠭ ᠢ ᠬᠤᠯᠢᠬᠤ᠂ ᠪᠤᠯᠭᠤᠭᠰᠠᠨ ᠠᠮᠲᠠᠲᠤ ᠲᠥᠮᠥᠰᠥ ᠡᠷᠳᠡᠨᠢ  ᠰᠢᠰᠢ ᠶᠢᠨ ᠬᠡᠮᠬᠡᠳᠡᠭ ᠢ ᠬᠤᠯᠢᠬᠤ᠂ ᠪᠤᠯᠭᠤᠭᠰᠠᠨ ᠯᠠᠩᠭᠤᠸᠠ ᠪᠤᠭᠤᠳᠠᠢ ᠶᠢᠨ ᠬᠡᠪᠡᠭ ᠬᠤᠯᠢᠬᠤ ᠵᠡᠷᠭᠡ᠃ ᠭᠡᠪᠡᠴᠦ  ᠪᠢᠳᠡ ᠢᠳᠡᠰᠢᠨ ᠨᠣᠭᠤᠭ᠎ᠠ ᠪᠠᠷ ᠲᠠᠬᠢᠶ᠎ᠠ ᠲᠡᠵᠢᠭᠡᠬᠦ ᠳᠤ ᠳᠤᠤᠷᠠᠬᠢ ᠭᠤᠷᠪᠠᠨ ᠵᠦᠢᠯ ᠤᠨ ᠢᠳᠡᠰᠢᠨ ᠨᠣᠭᠤᠭ᠎ᠠ ᠪᠠᠷ  ᠲᠡᠵᠢᠭᠡᠵᠦ ᠪᠣᠯᠬᠤ ᠦᠭᠡᠢ᠃            ᠨᠢᠭᠡ ᠳᠤ᠂ ᠲᠦᠭᠦᠬᠡᠢ ᠭᠠ ᠶᠢᠨ ᠡᠰᠢ ᠪᠠ ᠨᠠᠪᠴᠢ ᠪᠠᠷ ᠲᠠᠬᠢᠶ᠎ᠠ ᠲᠡᠵᠢᠭᠡᠵᠦ ᠪᠣᠯᠬᠤ ᠦᠭᠡᠢ᠃ ᠬᠥᠮᠥᠰ  ᠲᠠᠬᠢᠶ᠎ᠠ ᠲᠡᠵᠢᠭᠡᠬᠦ ᠦᠶ᠎ᠡ ᠳᠤ ᠲᠦᠭᠦᠬᠡᠢ ᠭᠠ ᠶᠢᠨ ᠵᠢᠮᠢᠰ ᠢᠶᠠᠷ ᠲᠠᠬᠢᠶ᠎ᠠ ᠲᠡᠵᠢᠭᠡᠳᠡᠭ ᠨᠢ ᠲᠣᠩ ᠴᠥᠭᠡᠨ ᠪᠠᠶᠢᠳᠠᠭ᠂  ᠭᠡᠪᠡᠴᠦ ᠵᠠᠷᠢᠮ ᠬᠥᠮᠥᠨ ᠲᠦᠭᠦᠬᠡᠢ ᠭᠠ ᠶᠢᠨ ᠡᠰᠢ ᠪᠠ ᠨᠠᠪᠴᠢ ᠶᠢ ᠨᠢ ᠬᠡᠷᠴᠢᠵᠦ ᠬᠡᠮᠬᠡᠴᠢᠭᠡᠳ ᠠᠮᠤ ᠪᠤᠳᠠᠭ᠎ᠠ  ᠬᠤᠯᠢᠵᠤ ᠲᠠᠬᠢᠶ᠎ᠠ ᠲᠡᠵᠢᠭᠡᠳᠡᠭ᠃ ᠦᠨᠡᠨ ᠳᠡᠭᠡᠨ ᠢᠩᠭᠢᠵᠦ ᠪᠣᠯᠬᠤ ᠦᠭᠡᠢ᠃ ᠲᠦᠭᠦᠬᠡᠢ ᠭᠠ ᠶᠢᠨ ᠡᠰᠢ ᠪᠠ  ᠲᠦᠭᠦᠬᠡᠢ ᠭᠠ ᠶᠢᠨ ᠨᠠᠪᠴᠢ᠂ ᠲᠦᠭᠦᠬᠡᠢ ᠭᠠ ᠶᠢᠨ ᠵᠢᠮᠢᠰ ᠤᠨ ᠦᠢᠯᠡᠳᠦᠯ ᠨᠢ ᠪᠠᠷᠤᠭ ᠠᠳᠠᠯᠢ ᠶᠤᠮ᠃ ᠲᠦᠭᠦᠬᠡᠢ  ᠭᠠ ᠶᠢᠨ ᠠᠮᠲᠠ ᠨᠢ ᠭᠤᠱᠤᠭᠤᠨ᠂ ᠲᠠᠬᠢᠶ᠎ᠠ ᠢᠳᠡᠪᠡᠯ ᠳᠣᠲᠣᠷ᠎ᠠ ᠬᠠᠯᠠᠭᠤᠨ ᠪᠣᠰᠴᠤ᠂ ᠢᠳᠡᠭᠡᠨ ᠤ ᠳᠤᠷᠠᠰᠢᠯ ᠢ  ᠨᠥᠯᠥᠭᠡᠯᠡᠬᠦ ᠪᠠᠷ ᠪᠠᠷᠠᠬᠤ ᠦᠭᠡᠢ ᠪᠠᠰᠠ ᠥᠰᠦᠯᠲᠡ ᠪᠠ ᠥᠨᠳᠡᠭᠡᠯᠡᠯᠲᠡ ᠶᠢ ᠴᠦ ᠨᠥᠯᠥᠭᠡᠯᠡᠳᠡᠭ᠃ ᠭᠡᠪᠡᠴᠦ ᠡᠶᠢᠮᠦ  ᠪᠠᠶᠢᠳᠠᠯ ᠭᠠᠷᠤᠭᠰᠠᠨ ᠦᠶ᠎ᠡ ᠳᠤ ᠠᠶᠤᠵᠤ ᠰᠠᠨᠳᠤᠷᠤᠭᠰᠠᠨ ᠤ ᠬᠡᠷᠡᠭ ᠦᠭᠡᠢ᠂ ᠲᠠᠬᠢᠶᠠᠨ ᠳᠤ ᠢᠯᠡᠭᠦᠬᠡᠨ ᠤᠰᠤ  ᠤᠤᠭᠤᠯᠭᠠᠬᠤ ᠪᠤᠶᠤ ᠬᠥᠬᠦᠷᠭᠡᠨ᠎ᠡ ᠶᠢᠨ ᠦᠨᠳᠦᠰᠦ ᠶᠢᠨ ᠤᠰᠤᠨ ᠤ ᠠᠭᠤᠰᠬᠠᠭᠴᠢ ᠪᠣᠯᠣᠨ ᠭᠤᠷᠪᠠᠨ ᠰᠢᠷ᠎ᠠ ᠶᠢᠨ  ᠢᠯᠲᠠᠰᠤ ᠪᠠᠷ ᠲᠠᠬᠢᠶ᠎ᠠ ᠶᠢ ᠲᠡᠵᠢᠭᠡᠪᠡᠯ ᠮᠠᠰᠢ ᠲᠦᠷᠭᠡᠨ ᠢᠶᠠᠷ ᠬᠥᠩᠭᠡᠷᠡᠨ᠎ᠡ᠃            ᠬᠤᠶᠠᠷ ᠲᠤ᠂ ᠪᠦᠸᠧᠼᠠᠶ ᠨᠣᠭᠤᠭ᠎ᠠ ᠪᠠᠷ ᠲᠠᠬᠢᠶ᠎ᠠ ᠲᠡᠵᠢᠭᠡᠵᠦ ᠪᠣᠯᠬᠤ ᠦᠭᠡᠢ᠃ ᠢᠯᠠᠩᠭᠤᠶ᠎ᠠ ᠬᠠᠪᠤᠷ ᠤᠨ  ᠤᠯᠠᠷᠢᠯ ᠳᠤ ᠪᠦᠸᠧᠼᠠᠶ ᠨᠣᠭᠤᠭ᠎ᠠ ᠶᠢᠨ ᠤᠷᠭᠤᠯᠲᠠ ᠪᠠᠳᠠᠷᠠᠩᠭᠤᠢ᠂ ᠢᠳᠡᠵᠦ ᠪᠠᠷᠠᠵᠤ ᠳᠡᠶᠢᠯᠬᠦ ᠦᠭᠡᠢ ᠦᠶ᠎ᠡ ᠳᠤ  ᠪᠦᠸᠧᠼᠠᠶ ᠨᠣᠭᠤᠭ᠎ᠠ᠂ ᠡᠷᠳᠡᠨᠢ ᠰᠢᠰᠢ ᠪᠠ ᠠᠭ᠎ᠠ ᠶᠢᠨ ᠬᠡᠪᠡᠭ ᠢ ᠬᠤᠯᠢᠵᠤ ᠲᠠᠬᠢᠶ᠎ᠠ ᠲᠡᠵᠢᠭᠡᠬᠦ ᠨᠢ ᠶᠡᠷᠦᠳᠡ ᠶᠢᠨ  ᠬᠡᠷᠡᠭ ᠶᠤᠮ᠃ ᠦᠨᠡᠨ ᠳᠡᠭᠡᠨ ᠡᠨᠡ ᠪᠣᠯ ᠰᠢᠨᠵᠢᠯᠡᠬᠦ ᠤᠬᠠᠭᠠᠨᠴᠢ ᠪᠢᠰᠢ ᠶᠤᠮ᠃ ᠤᠴᠢᠷ ᠨᠢ ᠪᠦᠸᠧᠼᠠᠶ  ᠨᠣᠭᠤᠭᠠᠨ ᠳᠤ ᠡᠪᠡᠰᠦᠨ ᠬᠦᠴᠢᠯ ᠤᠨ ᠪᠣᠳᠠᠰ ᠡᠯᠪᠡᠭ ᠠᠭᠤᠯᠳᠠᠭ᠂ ᠲᠠᠬᠢᠶ᠎ᠠ ᠥᠨᠳᠡᠭᠡᠯᠡᠬᠦ ᠳᠤ ᠶᠡᠭᠡ ᠬᠡᠮᠵᠢᠶᠡᠨ ᠤ  ᠺᠠᠯᠼ ᠬᠡᠷᠡᠭᠰᠡᠳᠡᠭ ᠲᠤᠯᠠ ᠶᠡᠭᠡ ᠬᠡᠮᠵᠢᠶᠡᠨ ᠤ ᠺᠠᠯᠼ ᠠᠭᠤᠯᠤᠭᠰᠠᠨ ᠢᠳᠡᠭᠡᠨ ᠢ ᠲᠣᠩᠰᠢᠵᠤ ᠢᠳᠡᠳᠡᠭ᠂ ᠡᠭᠦᠨ ᠳᠤ  ᠴᠢᠯᠠᠭᠤ᠂ ᠭᠤᠣᠯ ᠤᠨ ᠡᠯᠡᠰᠦ ᠵᠡᠷᠭᠡ ᠪᠠᠭᠲᠠᠨ᠎ᠠ᠂ ᠡᠪᠡᠰᠦᠨ ᠬᠦᠴᠢᠯ ᠨᠢ ᠲᠠᠬᠢᠶ᠎ᠠ ᠶᠢᠨ ᠢᠳᠡᠭᠡᠨ ᠤ ᠳᠣᠲᠣᠷᠠᠬᠢ  ᠺᠠᠯᠼ ᠲᠠᠢ ᠨᠡᠶᠢᠯᠡᠭᠡᠳ ᠡᠪᠡᠰᠦᠨ ᠬᠦᠴᠢᠯ ᠤᠨ ᠺᠠᠯᠼ ᠪᠣᠯᠣᠨ ᠪᠦᠷᠢᠯᠳᠦᠵᠦ᠂ ᠲᠠᠬᠢᠶ᠎ᠠ ᠳᠤ ᠬᠤᠣᠷ ᠬᠥᠨᠥᠭᠡᠯ  ᠤᠴᠠᠷᠠᠭᠤᠯᠵᠤ᠂ ᠮᠥᠭᠡᠷᠰᠦᠨ ᠤ ᠡᠪᠡᠳᠴᠢᠨ ᠪᠠ ᠵᠥᠭᠡᠯᠡᠨ ᠬᠠᠯᠢᠰᠤ ᠲᠠᠢ ᠥᠨᠳᠡᠭᠡ ᠭᠠᠷᠬᠤ ᠦᠵᠡᠭᠳᠡᠯ ᠭᠠᠷᠳᠠᠭ᠃  ᠡᠶᠢᠮᠦ ᠠᠴᠠ ᠨᠣᠭᠤᠭ᠎ᠠ ᠶᠢᠨ ᠲᠠᠷᠢᠶᠠᠨ ᠳᠤ ᠬᠡᠳᠦᠢ ᠠᠷᠪᠢᠨ ᠪᠦᠸᠧᠼᠠᠶ ᠨᠣᠭᠤᠭ᠎ᠠ ᠪᠠᠶᠢᠭᠰᠠᠨ ᠴᠤ ᠲᠠᠬᠢᠶ᠎ᠠ ᠳᠤ  ᠶᠠᠭᠠᠬᠢᠭᠰᠠᠨ ᠴᠤ ᠢᠳᠡᠭᠦᠯᠵᠦ ᠪᠣᠯᠬᠤ ᠦᠭᠡᠢ᠃ ᠢᠳᠡᠪᠡᠯ ᠬᠤᠣᠷ ᠲᠠᠢ ᠠᠴᠠ ᠪᠢᠰᠢ ᠠᠰᠢᠭ ᠦᠭᠡᠢ ᠶᠤᠮ᠃            ᠭᠤᠷᠪᠠ ᠳᠤ᠂ ᠦᠬᠡᠷ ᠤᠨ ᠠᠷᠠᠰᠤᠲᠤ ᠨᠣᠭᠤᠭ᠎ᠠ ᠶᠢ ᠲᠠᠬᠢᠶᠠᠨ ᠳᠤ ᠢᠳᠡᠭᠦᠯᠵᠦ ᠪᠣᠯᠬᠤ ᠦᠭᠡᠢ᠃  ᠦᠬᠡᠷ ᠤᠨ ᠠᠷᠠᠰᠤᠲᠤ ᠨᠣᠭᠤᠭ᠎ᠠ ᠶᠢ ᠬᠥᠮᠥᠰ ᠬᠤᠭᠤᠯᠠᠨ ᠰᠢᠷᠡᠭᠡᠨ ᠳᠡᠭᠡᠷ᠎ᠡ ᠲᠠᠯᠪᠢᠭᠠᠳ ᠠᠮᠲᠠᠲᠤ ᠢᠳᠡᠭᠡᠨ  ᠪᠣᠯᠭᠠᠵᠤ ᠪᠠᠶᠢᠪᠠᠴᠤ ᠦᠨᠡᠨ ᠳᠡᠭᠡᠨ ᠲᠠᠬᠢᠶ᠎ᠠ ᠳᠤ ᠢᠳᠡᠭᠦᠯᠵᠦ ᠪᠣᠯᠬᠤ ᠦᠭᠡᠢ ᠶᠤᠮ᠃ ᠤᠴᠢᠷ ᠨᠢ ᠦᠬᠡᠷ ᠤᠨ  ᠠᠷᠠᠰᠤᠲᠤ ᠨᠣᠭᠤᠭ᠎ᠠ ᠳᠤ ᠬᠡᠳᠦ᠋ᠢᠪᠡᠷ ᠡᠯᠪᠡᠭ ᠪᠠᠶᠠᠯᠢᠭ ᠰᠢᠮ᠎ᠡ ᠲᠡᠵᠢᠭᠡᠯ ᠠᠭᠤᠯᠵᠤ ᠪᠠᠶᠢᠳᠠᠭ ᠪᠣᠯᠪᠠᠴᠤ ᠲᠠᠬᠢᠶ᠎ᠠ  ᠢᠳᠡᠪᠡᠯ ᠬᠤᠶᠠᠷ ᠲᠠᠯ᠎ᠠ ᠶᠢᠨ ᠬᠤᠣᠷ ᠬᠥᠨᠥᠭᠡᠯ ᠲᠠᠢ ᠪᠠᠶᠢᠳᠠᠭ᠃ ᠨᠢᠭᠡ ᠨᠢ᠂ ᠪᠦᠸᠧᠼᠠᠶ ᠨᠣᠭᠤᠭ᠎ᠠ ᠲᠠᠢ  ᠠᠳᠠᠯᠢ ᠪᠠᠷ᠂ ᠦᠬᠡᠷ ᠤᠨ ᠠᠷᠠᠰᠤᠲᠤ ᠨᠣᠭᠤᠭᠠᠨ ᠳᠤ ᠡᠪᠡᠰᠦᠨ ᠬᠦᠴᠢᠯ ᠡᠯᠪᠡᠭ ᠠᠭᠤᠯᠤᠭᠳᠠᠵᠤ᠂ ᠢᠳᠡᠭᠡᠨ ᠤ  ᠳᠣᠲᠣᠷᠠᠬᠢ ᠺᠠᠯᠼ ᠲᠠᠢ ᠠᠮᠠᠷᠬᠠᠨ ᠨᠡᠶᠢᠯᠡᠵᠦ᠂ ᠡᠪᠡᠰᠦᠨ ᠬᠦᠴᠢᠯ ᠤᠨ ᠺᠠᠯᠼ ᠢ ᠪᠦᠷᠢᠯᠳᠦᠭᠦᠯᠦᠨ᠂ ᠮᠥᠭᠡᠷᠰᠦᠨ ᠤ  ᠡᠪᠡᠳᠴᠢᠨ ᠪᠠ ᠵᠥᠭᠡᠯᠡᠨ ᠬᠠᠯᠢᠰᠤᠲᠤ ᠥᠨᠳᠡᠭᠡ ᠶᠢ ᠡᠭᠦᠰᠬᠡᠬᠦ ᠦᠵᠡᠭᠳᠡᠯ ᠭᠠᠷᠳᠠᠭ᠃ ᠨᠥᠭᠦᠭᠡ ᠨᠢ᠂ ᠦᠬᠡᠷ ᠤᠨ  ᠠᠷᠠᠰᠤᠲᠤ ᠨᠣᠭᠤᠭ᠎ᠠ ᠪᠣᠯ ᠬᠦᠢᠲᠡᠨ ᠴᠢᠨᠠᠷᠲᠠᠢ ᠢᠳᠡᠭᠡᠨ ᠪᠣᠯᠬᠤᠷ ᠰᠡᠷᠢᠭᠦᠨ ᠪᠥᠭᠡᠳ ᠰᠢᠭᠦᠰᠦᠯᠢᠭ ᠪᠠᠶᠢᠳᠠᠭ᠂  ᠲᠠᠬᠢᠶ᠎ᠠ ᠢᠳᠡᠪᠡᠯ ᠰᠢᠩᠭᠡᠭᠡᠯᠲᠡ ᠳᠤ ᠠᠰᠢᠭ ᠦᠭᠡᠢ ᠮᠥᠷᠲᠡᠭᠡᠨ ᠨᠠᠩ ᠴᠢᠬᠤᠯᠠ ᠨᠢ ᠲᠠᠬᠢᠶ᠎ᠠ ᠶᠢ ᠠᠮᠠᠷᠬᠠᠨ  ᠰᠠᠭᠤᠯᠭᠠᠵᠤ᠂ ᠴᠢᠨᠠᠭᠰᠢᠯᠠᠪᠠᠯ ᠴᠢᠴᠠᠭ᠎ᠠ ᠠᠯᠳᠠᠬᠤ ᠦᠵᠡᠭᠳᠡᠯ ᠭᠠᠷᠴᠤ᠂ ᠲᠡᠷᠡᠴᠢᠯᠡᠨ ᠲᠠᠬᠢᠶ᠎ᠠ ᠶᠢ ᠦᠬᠦᠭᠦᠯᠵᠦ᠂  ᠠᠵᠤ ᠠᠬᠤᠢ ᠶᠢᠨ ᠬᠤᠬᠢᠷᠠᠯ ᠤᠴᠠᠷᠠᠭᠤᠯᠳᠠᠭ᠃       
 
ᠢᠷᠡᠯᠲᠡ᠄ ᠪᠤᠭᠤᠲᠤ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号