ᠪᠦᠭᠡ ᠴᠢᠮᠪᠠᠢ ᠬᠠᠳᠤᠨ - ᠬᠤᠩᠭᠢᠷᠠᠳ ᠠᠶᠢᠮᠠᠭ ᠤᠨ ᠠᠩᠴᠢᠨ ᠨᠣᠶᠠᠨ ᠤ ᠥᠬᠢᠨ᠃ ᠠᠩᠬ᠎ᠠ ᠲᠦᠷᠦᠭᠦᠨ | ᠣᠷᠳᠣᠨ ᠳᠤ ᠣᠷᠣᠬᠤ ᠦᠶ᠎ᠡ ᠳᠤ ᠬᠤᠪᠢᠯᠠᠢ ᠬᠠᠭᠠᠨ ᠤ ᠲᠠᠲᠠᠪᠤᠷᠢ ᠬᠠᠳᠤᠨ ᠪᠠᠶᠢᠵᠤ ᠲᠠᠷᠡ ᠬᠤᠪᠢᠯᠠᠢ ᠬᠠᠭᠠᠨ ᠤ | ᠶᠡᠭᠡ ᠰᠠᠭᠤᠷᠢᠨ ᠢ ᠵᠠᠯᠭᠠᠮᠵᠢᠯᠠᠬᠤ ᠪᠠᠷ ᠵᠢᠱᠢᠭᠳᠡᠭᠰᠡᠨ ᠬᠤᠨᠭ᠌ ᠲᠠᠶᠢᠵᠢ ᠴᠢᠩᠭᠢᠮ᠂ ᠮᠠᠩᠭᠠᠯᠠ᠂ ᠨᠣᠮᠣᠬᠠᠨ ᠵᠡᠷᠭᠡ | ᠭᠤᠷᠪᠠᠨ ᠬᠥᠪᠡᠭᠦᠨ ᠢ ᠲᠦᠷᠦᠵᠠᠢ᠃ 1262 ᠣᠨ ᠳᠤ ᠬᠤᠪᠢᠯᠠᠢ ᠬᠠᠭᠠᠨ ᠤ ᠭᠤᠣᠯ ᠣᠷᠳᠣᠨ ᠤ ᠬᠠᠳᠤᠨ ᠪᠣᠯᠵᠤ | ᠲᠡᠭᠦᠨ ᠲᠠᠢ ᠬᠠᠮᠲᠤ ᠲᠦᠷᠦ ᠶᠢᠨ ᠬᠡᠷᠡᠭ ᠢ ᠬᠠᠮᠲᠤ ᠪᠠᠷ ᠰᠢᠳᠭᠡᠭᠦ ᠪᠣᠯᠵᠠᠢ᠃ | ᠭᠦᠭᠦᠵᠢᠨ ᠬᠠᠳᠤᠨ - ᠬᠤᠩᠭᠢᠷᠠᠳ ᠠᠶᠢᠮᠠᠭ ᠤᠨ ᠬᠥᠮᠥᠨ᠃ ᠨᠢᠭᠡᠨ ᠡᠳᠦᠷ ᠬᠤᠪᠢᠯᠠᠢ ᠬᠠᠭᠠᠨ ᠠᠪᠠ ᠳᠤ | ᠭᠠᠷᠤᠭᠠᠳ ᠶᠡᠭᠡ ᠤᠮᠳᠠᠭᠠᠰᠤᠭᠠᠳ ᠠᠶᠢᠯ ᠡᠷᠢᠵᠦ ᠪᠠᠶᠢᠲᠠᠯ᠎ᠠ ᠭᠡᠭᠦᠦ ᠰᠠᠭᠠᠭᠴᠢ ᠥᠬᠢᠨ ᠲᠠᠢ ᠤᠴᠠᠷᠠᠵᠤ ᠴᠡᠭᠡ | ᠤᠤᠭᠤᠬᠤ ᠭᠡᠵᠦ ᠭᠤᠶᠤᠬᠤ ᠳᠤ᠄ ︽ᠪᠢ ᠭᠠᠭᠴᠠᠭᠠᠷ ᠪᠠᠶᠢᠨ᠎ᠠ ᠠᠪᠤ ᠡᠵᠢ ᠢᠷᠡᠭᠡᠳ ᠪᠣᠯᠤᠭ︾ ᠭᠡᠪᠡ᠃ ᠬᠤᠪᠢᠯᠠᠢ | ᠬᠠᠭᠠᠨ ᠶᠠᠪᠤᠬᠤ ᠭᠡᠬᠦ ᠳᠤ ︽ᠪᠢ ᠠᠳᠡ ᠭᠠᠭᠴᠠᠭᠠᠷ ᠪᠠᠶᠢᠨ᠎ᠠ᠂ ᠴᠢ ᠭᠠᠭᠴᠠᠭᠠᠷ ᠢᠷᠡᠭᠡᠳ ᠶᠠᠪᠤᠪᠠᠯ ᠬᠥᠮᠥᠨ | ᠦᠵᠡᠬᠦ ᠳᠤ ᠮᠠᠭᠤᠬᠠᠢ ᠪᠣᠯᠣᠨ᠎ᠠ᠂ ᠠᠪᠤ ᠡᠵᠢ ᠤᠳᠠᠬᠤ ᠦᠭᠡᠢ ᠢᠷᠡᠨ᠎ᠠ︾ ᠭᠡᠪᠡ᠃ ᠠᠪᠤ ᠡᠵᠢ ᠨᠢ ᠢᠷᠡᠭᠡᠳ ᠴᠡᠭᠡ | ᠣᠯᠵᠤ ᠤᠤᠭᠤᠪᠠ᠃ ᠰᠡᠭᠦᠯᠡᠷ ᠨᠢ ᠬᠤᠪᠢᠯᠠᠢ ᠬᠠᠭᠠᠨ ᠬᠤᠨᠭ᠌ ᠲᠠᠶᠢᠵᠢ ᠴᠢᠩᠭᠢᠮ ᠳᠤ ᠪᠠᠨ ᠬᠠᠳᠤᠨ ᠪᠣᠯᠭᠠᠨ | ᠬᠥᠳᠡᠯᠮᠦᠷᠢᠴᠢᠨ ᠠᠷᠠᠳ ᠤᠨ ᠭᠠᠷᠤᠯ ᠲᠠᠢ ᠬᠥᠮᠥᠨ ᠢᠶᠠᠷ ᠬᠦᠦ ᠪᠠᠷᠢ ᠪᠤᠯᠭᠠᠵᠤ ᠭᠦᠭᠦᠵᠢᠨ ᠬᠠᠳᠤᠨ ᠭᠡᠵᠦ | ᠳᠠᠭᠤᠳᠠᠵᠠᠢ᠃ | ᠠᠶᠠᠷᠤᠭ ᠬᠠᠳᠤᠨ - ᠭᠢᠷᠠᠳ ᠠᠶᠢᠮᠠᠭ ᠤᠨ ᠪᠣᠷᠵᠢᠭᠢᠳ ᠣᠪᠣᠭᠲᠠᠨ᠃ ᠲᠠᠷᠡ ᠪᠣᠯ ᠦᠭᠡᠳᠠᠢ ᠬᠠᠭᠠᠨ ᠤ | ᠣᠮᠪᠣᠯᠣ ᠬᠥᠪᠡᠭᠦᠨ ᠬᠠᠶᠢᠳᠤ ᠶᠢᠨ ᠥᠬᠢᠨ᠂ ᠡᠷᠡᠯᠬᠡᠭ ᠪᠠᠭᠠᠲᠤᠷ᠂ ᠦᠵᠡᠰᠭᠦᠯᠠᠩ ᠬᠥᠮᠥᠨ ᠠᠴᠠ ᠳᠠᠪᠠᠵᠤ ᠲᠠᠶᠢᠨ | ᠪᠠᠶᠢᠯᠳᠤᠭᠠᠨ ᠳᠤ ᠶᠡᠭᠡ ᠭᠠᠪᠢᠶ᠎ᠠ ᠤᠯᠠᠨ ᠪᠠᠶᠢᠭᠤᠯᠵᠠᠢ᠃ ᠲᠠᠷᠡ ᠡᠴᠢᠭᠡ ᠶᠢᠨ ᠵᠥᠪᠰᠢᠶᠡᠷᠡᠯ ᠢᠶᠠᠷ ᠬᠦᠷᠭᠡᠨ | ᠰᠣᠩᠭᠤᠬᠤ ᠳᠠᠭᠠᠨ᠄ ︽ᠳᠡᠯᠡᠬᠡᠢ ᠳ᠋ᠠᠬᠢᠨ ᠳᠤᠷ ᠬᠡᠨ ᠨᠠᠳᠠᠲᠠᠢ ᠪᠠᠷᠢᠯᠳᠤᠨ ᠦᠵᠡᠯᠴᠡᠭᠡᠳ ᠬᠠᠶᠠᠵᠤ ᠲᠠᠶᠢᠯᠪᠠᠯ ᠪᠢ | ᠳᠤᠷᠠᠲᠠᠶ᠎ᠠ ᠲᠡᠭᠦᠨ ᠤ ᠭᠡᠷᠭᠡᠢ ᠪᠣᠯᠣᠨ᠎ᠠ᠂ ᠬᠡᠷᠪᠡ ᠳᠡᠶᠢᠯᠦᠭᠳᠡᠪᠡᠯ ᠵᠠᠭᠤᠨ ᠠᠭᠲᠠ ᠪᠠᠷ ᠲᠣᠷᠭᠠᠨ᠎ᠠ︾ ᠭᠡᠵᠡᠢ᠃ | ᠢᠩᠭᠢᠭᠡᠳ ᠤᠯᠠᠨ ᠤᠯᠤᠰ ᠭᠦᠷᠤᠨ ᠠᠴᠠ ᠰᠠᠶᠢᠨ ᠰᠠᠶᠢᠨ ᠡᠷᠡᠰ ᠰᠠᠶᠢᠬᠠᠨ ᠰᠠᠶᠢᠬᠠᠨ ᠵᠠᠯᠠᠭᠤᠴᠤᠳ ᠢᠷᠡᠭᠡᠳ ᠪᠦᠷ | ᠠᠭᠲᠠ ᠪᠠᠨ ᠥᠭᠭᠦᠭᠡᠳ ᠶᠠᠪᠤᠭᠰᠠᠨ ᠭᠡᠨ᠎ᠡ᠃ ᠰᠡᠭᠦᠯᠡᠷ ᠨᠢ ᠬᠠᠶᠠᠬᠤ ᠬᠥᠮᠥᠨ ᠦᠭᠡᠢ ᠲᠤᠯᠠ ᠨᠢᠭᠡᠨ ᠡᠭᠡᠯ ᠵᠢᠷ ᠤᠨ | ᠮᠣᠷᠢᠲᠤ ᠴᠡᠷᠢᠭ ᠤᠨ ᠪᠠᠶᠢᠯᠳᠤᠭᠴᠢ ᠲᠠᠢ ᠤᠷᠤᠭᠯᠠᠨ ᠰᠠᠭᠤᠭᠰᠠᠨ ᠭᠡᠨ᠎ᠡ᠃ | ᠠᠭᠠᠢ ᠬᠠᠳᠤᠨ - ᠬᠢᠶᠠᠳ ᠠᠶᠢᠮᠠᠭ ᠤᠨ ᠪᠣᠷᠵᠢᠭᠢᠳ ᠣᠪᠣᠭᠲᠠᠨ᠃ ᠶᠤᠸᠠᠨ ᠤᠯᠤᠰ ᠤᠨ ᠰᠡᠭᠦᠯᠴᠢ ᠶᠢᠨ | ᠦᠶ᠎ᠡ ᠳᠤ ᠺᠦᠨ ᠮᠢᠩ ᠢ ᠵᠠᠬᠢᠷᠴᠤ ᠪᠠᠶᠢᠭᠰᠠᠨ ᠯᠢᠶᠠᠩ ᠸᠠᠩ ᠪᠠᠴᠠᠯᠠᠸᠠᠷᠮᠢ ᠶᠢᠨ ᠥᠬᠢᠨ᠃ 1363 ᠣᠨ ᠳᠤ | ᠤᠯᠠᠭᠠᠨ ᠠᠯᠴᠢᠭᠤᠷᠲᠠᠨ ᠤ ᠪᠣᠰᠣᠯᠭ᠎ᠠ ᠶᠢᠨ ᠴᠡᠷᠢᠭ ᠤᠨ ᠲᠦᠷᠦᠭᠦᠨ ᠤ ᠨᠢᠭᠡ ᠪᠤᠯᠬᠤ ᠮᠢᠩ ᠢᠦᠢ ᠵᠧᠨ ᠶᠦᠨᠨᠠᠨ ᠢ | ᠲᠠᠭᠠᠷᠢᠨ ᠳᠣᠪᠲᠣᠯᠵᠤ ᠡᠰᠡᠷᠭᠦᠴᠡᠨ ᠴᠢᠳᠠᠭᠰᠠᠨ ᠬᠥᠮᠥᠨ ᠦᠭᠡᠢ ᠲᠤᠯᠠ ᠭᠠᠵᠠᠷ ᠢᠶᠠᠨ ᠠᠯᠳᠠᠪᠠ᠃ ᠡᠨᠡ ᠦᠶ᠎ᠡ ᠳᠤ | ᠳ᠋ᠠᠯᠢ ᠶᠢᠨ ᠶᠢᠰᠦᠳᠦᠭᠡᠷ ᠦᠶ᠎ᠡ ᠶᠢᠨ ᠶᠡᠷᠦᠩᠬᠡᠢ ᠵᠠᠬᠢᠷᠤᠭᠴᠢ ᠳ᠋ᠤᠸᠠᠨ ᠭᠦᠡᠭ ︿ᠪᠠᠢ ᠦᠨᠳᠦᠰᠦᠲᠡᠨ﹀ ᠶᠡᠬᠡᠳᠡ | ᠢᠯᠠᠵᠤ ᠬᠥᠭᠡᠭᠡᠵᠦ ᠶᠠᠪᠤᠭᠤᠯᠤᠭᠰᠠᠨ ᠳᠤ ᠯᠢᠶᠠᠩ ᠸᠠᠩ ᠬᠤᠷᠢᠭᠠᠳ ᠨᠠᠰᠤᠲᠠᠢ ᠥᠬᠢᠨ ᠢᠶᠠᠨ ᠲᠡᠭᠦᠨ ᠳᠤ ᠡᠬᠡᠨᠡᠷ | ᠪᠣᠯᠭᠠᠨ ᠥᠭᠴᠡᠢ᠃ ᠰᠡᠭᠦᠯᠡᠷ ᠨᠢ ᠵᠠᠯᠢᠬᠠᠢ ᠲᠦᠰᠢᠮᠡᠳ ᠤᠨ ᠬᠤᠪᠴᠢ ᠦᠭᠡᠨ ᠳᠤ ᠣᠷᠣᠵᠤ ᠳ᠋ᠤᠸᠠᠨ ᠭᠦᠡᠭ ᠢ | ᠠᠯᠠᠬᠤ ᠪᠠᠷ ᠥᠬᠢᠨ ᠢᠶᠠᠨ ᠳᠠᠭᠤᠳᠠᠨ ᠢᠷᠡᠵᠤ᠄ ︽ᠡᠨᠡ ᠳᠡᠯᠡᠬᠡᠢ ᠳᠡᠭᠡᠷ᠎ᠡ ᠡᠴᠢᠭᠡ ᠡᠬᠡ ᠠᠴᠠ ᠥᠭᠡᠷ᠎ᠡ ᠶᠡᠭᠡ | ᠰᠠᠨᠠᠯᠲᠠᠢ ᠬᠥᠮᠥᠨ ᠦᠭᠡᠢ᠂ ᠤᠯᠤᠰ ᠭᠡᠷ ᠠᠴᠠ ᠢᠯᠡᠭᠦᠦ ᠬᠠᠶᠢᠷᠠᠲᠠᠢ ᠶᠠᠭᠤᠮ᠎ᠠ ᠦᠭᠡᠢ᠃ ᠳ᠋ᠤᠸᠠᠨ ᠭᠦᠡᠭ ᠨᠠᠮᠠᠶᠢ | ᠬᠤᠣᠷᠯᠠᠵᠤ ᠤᠯᠤᠰ ᠢ ᠡᠵᠡᠯᠡᠬᠦ ᠰᠠᠨᠠᠭ᠎ᠠ ᠲᠠᠢ᠂ ᠴᠢ ᠡᠨᠡ ᠬᠦ ᠳᠤᠭᠤᠰ ᠤᠨ ᠰᠥᠰᠥ ᠶᠢ ᠠᠪᠠᠴᠢᠨ ᠢᠳᠡᠭᠦᠯᠦᠭᠡᠳ᠂ | ᠬᠤᠣᠷᠲᠤ ᠠᠷᠢᠬᠢ ᠤᠤᠭᠤᠯᠭᠠᠵᠤ ᠠᠯᠠᠲᠤᠭᠠᠢ︾ ᠭᠡᠵᠦ ᠬᠠᠲᠠᠭᠤ ᠵᠠᠷᠯᠢᠭ ᠪᠠᠭᠤᠯᠭᠠᠵᠠᠢ᠃ ᠠᠭᠠᠢ ᠬᠠᠳᠤᠨ | ᠭᠡᠷ ᠲᠤ ᠪᠠᠨ ᠢᠷᠡᠭᠡᠳ ᠬᠡᠯᠡᠭᠰᠡᠨ ᠨᠢ ︽ᠪᠢᠳᠠ ᠬᠤᠶᠠᠷ ᠨᠤᠲᠤᠭ ᠲᠤ ᠪᠠᠨ ᠶᠠᠪᠤᠭᠠᠳ ᠰᠠᠶᠢᠬᠠᠨ ᠠᠮᠢᠳᠤᠷᠠᠶ᠎ᠠ᠃ | ᠡᠴᠢᠭᠡ ᠴᠢᠮᠠᠶᠢ ᠶᠢ ᠠᠯᠠᠬᠤ ᠭᠡᠵᠦ ᠪᠤᠢ︾ ᠭᠡᠵᠦ ᠪᠦᠭᠦᠨ ᠢ ᠬᠡᠯᠡᠵᠦ ᠥᠭᠭᠦᠭᠰᠡᠨ ᠳᠤ ᠢᠲᠡᠭᠡᠬᠦ ᠦᠭᠡᠢ᠃ | ᠮᠠᠷᠭᠠᠰᠢ ᠨᠢ ᠳ᠋ᠤᠸᠠᠨ ᠬᠦᠩ ᠢ ᠰᠦᠮ᠎ᠡ ᠵᠦᠭ ᠶᠠᠪᠤᠬᠤ ᠳᠤ ᠪᠦᠭᠬᠦᠭᠰᠡᠨ ᠴᠡᠷᠢᠭ ᠪᠠᠷᠢᠵᠤ ᠠᠪᠤᠭᠠᠳ ᠠᠯᠠᠭᠰᠠᠨ | ᠭᠡᠨ᠎ᠡ᠃ ᠠᠭᠠᠢ ᠬᠠᠳᠤᠨ ᠰᠣᠨᠣᠰᠤᠭᠠᠳ ᠲᠦᠢᠯ ᠢᠶᠠᠷ ᠡᠮᠭᠡᠨᠢᠨ ᠵᠣᠪᠠᠵᠤ ᠦᠬᠦᠬᠦ ᠭᠡᠬᠦ ᠳᠤ ᠡᠴᠢᠭᠡ ᠨᠢ ᠦᠬᠦᠭᠦᠯᠬᠦ | ᠦᠭᠡᠢ ᠭᠡᠨ᠎ᠡ᠃ ᠬᠡᠳᠦᠨ ᠵᠢᠯ ᠤᠨ ᠲᠠᠷᠠᠭ᠎ᠠ ᠠᠭᠠᠢ ᠬᠠᠳᠤᠨ ᠳ᠋ᠤᠸᠠᠨ ᠬᠦ᠋ᠩ ᠤᠨ ᠬᠡᠭᠦᠷ ᠢ ᠨᠤᠲᠤᠭ ᠲᠤ ᠨᠢ | ᠬᠦᠨᠳᠦᠳᠬᠡᠨ ᠣᠷᠣᠰᠢᠭᠤᠯᠤᠭᠠᠳ ᠲᠡᠰᠬᠦᠶ᠎ᠡ ᠪᠡᠷᠬᠡ ᠤᠢ ᠭᠠᠰᠢᠭᠤᠳᠠᠯ ᠳᠤ ᠳᠠᠷᠤᠭᠳᠠᠵᠤ ᠶᠢᠷᠲᠢᠨᠴᠦ ᠠᠴᠠ | ᠠᠩᠭᠢᠵᠢᠷᠠᠬᠤ ᠰᠢᠯᠦᠭ ᠪᠢᠴᠢᠵᠦ ᠪᠡᠶ᠎ᠡ ᠪᠠᠨ ᠬᠤᠣᠷᠯᠠᠭᠰᠠᠨ ᠪᠠᠶᠢᠨ᠎ᠠ᠃ ᠠᠭᠠᠢ ᠬᠠᠳᠤᠨ ᠪᠣᠯ ᠦᠨᠳᠦᠰᠦᠲᠡᠨ ᠤ | ᠪᠦᠯᠬᠦᠮᠳᠡᠯ ᠢ ᠠᠬᠢᠭᠤᠯᠤᠭᠰᠠᠨ ᠶᠤᠸᠠᠨ ᠤᠯᠤᠰ ᠤᠨ ᠰᠡᠭᠦᠯᠴᠢ ᠦᠶ᠎ᠡ ᠶᠢᠨ ᠮᠣᠩᠭᠤᠯ ᠦᠨᠳᠦᠰᠦᠲᠡᠨ ᠤ ᠠᠯᠳᠠᠷᠲᠤ | ᠡᠮᠡᠭᠲᠡᠢ ᠰᠢᠯᠦᠭᠴᠢ ᠪᠣᠯᠣᠨ᠎ᠠ᠃ |