ᠮᠤᠩᠭᠤᠯ ᠤᠨ ᠰᠤᠳᠤᠯᠤᠯ ᠳᠠᠬᠢ ᠨᠢᠬᠡᠨ ᠲᠠᠯᠳᠠ ᠰᠤᠷᠪᠤᠯᠵᠢ
ᠨᠡᠶᠢᠲᠡᠯᠡᠭᠰᠡᠨ ᠴᠠᠭ᠄
2024/5/14
              — ᠬᠠᠪᠤᠳᠤ ᠬᠠᠰᠠᠷ ᠤᠨ ᠲᠤᠬᠠᠢ ᠮᠦᠴᠢᠳ ᠦᠬᠦᠯᠡᠬᠦ ᠨᠢ      ᠲᠠᠶᠢᠯ ᠪᠤᠭᠳᠠ — ᠬᠠᠪᠤᠳᠤ ᠬᠠᠰᠠᠷ ᠤᠨ ᠰᠦᠯᠳᠡ ᠲᠠᠬᠢᠯᠭ᠎ᠠ᠂ ᠠᠷᠪᠠᠨ ᠨᠢᠬᠦᠯ ᠦᠢᠯᠡᠳᠦᠭᠰᠡᠨ ︽ᠰᠤᠶᠤᠯ ᠤᠨ ᠬᠤᠪᠢᠰᠬᠠᠯ︾ ᠲᠤᠮᠳᠠ ᠠᠷᠢᠭᠤᠨ ᠭᠤᠯᠤᠮᠳᠠ ᠪᠠᠨ ᠬᠠᠷᠠᠯᠠᠭᠤᠯᠤᠭᠰᠠᠨ ᠠᠴᠠ ᠬᠤᠶᠢᠰᠢ᠂ ᠦᠢ ᠲᠦᠮᠡᠨ ᠬᠠᠪᠤᠳᠤ ᠬᠠᠰᠠᠷ ᠤᠨ ᠬᠤᠶᠢᠴᠢ ᠦᠶ᠎ᠠ ᠶᠢᠨ ᠬᠠᠮᠳᠤ ᠶᠢᠨ ᠱᠠᠭᠠᠷᠳᠠᠯᠭ᠎ᠠ ᠪᠠ ᠴᠢᠷᠮᠠᠶᠢᠯᠭ᠎ᠠ ᠪᠠᠷ ᠰᠢᠷ᠎ᠠ ᠯᠤᠤ ᠵᠢᠯ ︵1988 ᠤᠨ︶ ᠤᠨ ᠨᠠᠮᠤᠷ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠰᠢᠨᠠᠪᠤᠯᠠᠭ ᠰᠤᠮᠤᠨ ᠳᠠᠬᠢ ᠤᠤᠯ ᠤᠨ ᠪᠠᠭᠤᠷᠢ ᠲᠡᠬᠡᠷ᠎ᠠ ᠲᠡᠬᠢᠨ ᠰᠢᠨ᠎ᠠ ᠪᠠᠷ ᠠᠮᠢᠯᠠᠵᠤ᠂ ᠰᠢᠷᠠᠭᠴᠢᠨ ᠮᠤᠭᠠᠢ ᠵᠢᠯ ︵1989 ᠤᠨ︶ ᠤᠨ ᠨᠠᠮᠤᠷ ᠤᠨ ᠡᠬᠢᠨ ᠰᠠᠷ᠎ᠠ ᠶᠢᠨ ᠬᠤᠷᠢᠨ ᠲᠤᠯᠤᠭᠠᠨ ᠤ ᠡᠳᠦᠷ ᠦᠪᠡᠳᠡᠭᠰᠢ ᠶᠡᠭᠡ ᠲᠠᠬᠢᠯᠭ᠎ᠠ ᠲᠠᠶᠢᠯᠭ᠎ᠠ  ᠪᠠᠨ ᠬᠢᠵᠡᠢ᠃ ᠡᠬᠦᠨ ᠠᠴᠠ ᠡᠬᠢᠯᠡᠬᠡᠳ᠂ ᠦᠵᠢᠷᠡᠭᠰᠡᠨ ᠲᠡᠤᠬᠡ ᠶᠢᠨ ᠦᠯᠦᠬᠡᠢ ᠳᠤ ᠨᠠᠮ ᠵᠢᠮᠬᠡᠨ ᠨᠦᠢᠷᠰᠤᠭᠰᠠᠨ ᠬᠠᠪᠤᠳᠤ ᠬᠠᠰᠠᠷ᠂ ᠬᠡᠨᠡᠳᠳᠡ ᠠᠮᠢᠯᠠᠨ ᠰᠡᠷᠬᠦᠭᠰᠡᠨ ᠮᠡᠳᠦ ᠲᠡᠬᠦᠨ ᠤ ᠲᠤᠬᠠᠢ ᠰᠤᠨᠢᠨ ᠮᠡᠳᠡᠬᠡᠯᠡᠯ᠂ ᠡᠷᠳᠡᠮ ᠰᠢᠨᠵᠢᠯᠡᠬᠡᠨ ᠤ ᠪᠠ ᠲᠠᠬᠢᠯᠭ᠎ᠠ ᠶᠢᠨ ᠵᠠᠩ ᠦᠢᠯᠡ ᠶᠢᠨ ᠦᠬᠦᠯᠡᠯ᠂ ᠵᠢᠴᠢ ᠵᠢᠷᠤᠭ ᠪᠦᠳᠦᠬᠡᠯ᠂ ᠲᠧᠯᠸᠢᠰ ᠺᠠᠰᠧᠲ  ᠨᠢ ᠦᠷᠬᠡᠨ ᠤᠯᠠᠨ ᠤᠡᠭᠰᠢᠬᠴᠢ ᠦᠵᠡᠭᠴᠢ ᠶᠢᠨ ᠰᠤᠨᠤᠷ ᠠᠩᠬᠠᠷᠤᠯ ᠢ ᠲᠠᠳᠠᠵᠤ᠂ ᠲᠡᠬᠦᠨ ᠤ ᠨᠦᠯᠦᠬᠡ ᠨᠢ ᠡᠳᠦᠷ ᠢᠷᠡᠬᠦᠶ᠎ᠠ ᠦᠷᠬᠡᠳᠤᠨ ᠲᠡᠯᠬᠡᠷᠡᠵᠦ᠂ ᠨᠡᠶᠢᠳᠡ ᠮᠤᠩᠭᠤᠯᠴᠤᠳ ᠲᠤ ᠮᠠᠷᠳᠠᠭᠳᠠᠬᠤ ᠰᠢᠬᠠᠭᠰᠠᠨ᠂ ᠢᠯᠠᠩᠭᠤᠶ᠎ᠠ᠂ ᠵᠠᠯᠠᠭᠤ ᠨᠢᠬᠡᠨ ᠦᠶ᠎ᠠ ᠶᠢᠨ ᠬᠢᠨ ᠤ ᠦᠯᠦ ᠮᠡᠳᠡᠬᠦ᠂ ᠮᠤᠩᠭᠤᠯ ᠦᠨᠳᠦᠰᠦᠳᠡᠨ ᠤ ᠨᠢᠬᠡᠨ ᠠᠭᠤᠤ ᠶᠡᠭᠡ ᠤᠯᠤᠰ ᠲᠦᠷᠦᠴᠢᠨ ᠪᠦᠬᠡᠳ ᠴᠡᠷᠢᠭ ᠤᠨ ᠪᠤᠳᠤᠯᠭᠠᠳᠠᠨ ᠤ ᠵᠢᠪᠬᠤᠯᠠᠩᠳᠤ ᠲᠦᠷᠢ ᠲᠡᠤᠬᠡ ᠶᠢᠨ ᠲᠡᠪᠴᠡᠩ ᠲᠡᠬᠡᠷ᠎ᠠ ᠰᠦᠨᠳᠡᠷᠯᠡᠨ ᠪᠤᠰᠤᠯ᠎ᠠ᠃      ᠨᠠᠳᠠ ᠰᠢᠬ ᠳ᠋ᠢᠶᠠᠭ ᠦᠵᠡᠭᠡ ᠦᠬᠡᠢ ᠪᠢᠴᠢᠬᠡᠴᠢ᠂ ᠮᠠᠶ᠋ᠢᠭ ᠦᠵᠡᠭᠡ ᠦᠬᠡᠢ ᠵᠢᠷᠤᠭᠠᠴᠢ ᠬᠦᠮᠦᠨ᠂ ᠬᠠᠪᠤᠳᠤ ᠬᠠᠰᠠᠷ ᠤᠨ ᠲᠤᠬᠠᠢ ᠦᠬᠦᠯᠡᠯ ᠪᠢᠴᠢᠨ᠎ᠠ ᠬᠡᠭᠴᠢ ᠨᠢ ᠶᠤᠰᠤᠳᠠᠢ ᠰᠠᠯᠳᠠᠭ᠎ᠠ ᠳᠠᠭᠠᠨ ᠬᠦᠷᠬᠦ ᠦᠬᠡᠢ ᠭᠠᠷ ᠢᠶᠠᠷ ᠢᠶᠠᠨ ᠰᠠᠨᠰᠠᠷ ᠦᠬᠡᠳᠡ ᠰᠠᠷᠪᠠᠶᠢᠬᠤ ᠲᠠᠢ ᠠᠳᠠᠯᠢ ᠰᠢᠤ ᠳ᠋ᠠ᠃ ᠬᠡᠪᠡᠴᠤ᠂ ᠮᠡᠯᠡᠬᠡᠢ ᠶᠢᠨ ᠰᠢᠬᠡᠰᠤ ᠲᠡᠯᠡᠢ ᠳᠤ ᠨᠡᠮᠡᠷᠢ ᠬᠡᠳᠡᠭ  ᠢᠶᠠᠷ ᠦᠪᠡᠷ ᠤᠨ ᠦᠵᠡᠵᠦ ᠰᠤᠨᠤᠰᠤᠭᠰᠠᠨ ᠦᠴᠦᠬᠡᠨ ᠵᠦᠢᠯ ᠢᠶᠠᠨ ᠮᠡᠷᠬᠡᠳ ᠲᠡᠭᠡᠨ ᠲᠡᠪᠰᠢᠬᠦᠯᠦᠶ᠎ᠠ᠃      ᠬᠠᠪᠤᠳᠤ ᠬᠠᠰᠠᠷ ᠤᠨ ᠲᠤᠬᠠᠢ ᠰᠢᠰᠲ᠋ᠧᠮᠴᠢᠯᠡᠭᠰᠡᠨ ᠲᠡᠤᠬᠡᠨ ᠲᠡᠮᠳᠡᠭᠯᠡᠯ ᠬᠡᠵᠤ ᠦᠬᠡᠢ ᠶᠤᠮ᠃ ᠨᠡᠩ ᠴᠤ᠂ ᠲᠡᠬᠦᠨ ᠤ ᠨᠢᠬᠡ ᠨᠠᠰᠤᠨ ᠤ ᠭᠠᠪᠢᠶ᠎ᠠ ᠵᠢᠳᠬᠦᠯ ᠪᠠ ᠤᠰᠤᠯ ᠠᠳᠡᠬᠦᠷᠡᠯ ᠵᠢᠴᠢ ᠲᠡᠤᠬᠡᠨ ᠳᠠᠬᠢ ᠪᠠᠶᠢᠷᠢ ᠰᠠᠭᠤᠷᠢ ᠶᠢ ᠲᠤᠩᠭᠠᠨ ᠦᠨᠡᠯᠡᠭᠰᠡᠨ ᠮᠠᠲ᠋ᠧᠷᠢᠶᠠᠯ ᠲᠤᠩ ᠬᠤᠪᠤᠷ ᠪᠠᠶᠢᠭᠰᠠᠭᠠᠷ᠃ ᠡᠶᠢᠮᠤ ᠠᠴᠠ᠂ ᠬᠠᠰᠠᠷ ᠤᠨ ᠰᠤᠳᠤᠯᠭᠠᠨ ᠨᠢ ᠮᠤᠩᠭᠤᠯ ᠲᠡᠤᠬᠡ ᠶᠢᠨ ᠨᠢᠬᠡᠨ ᠰᠤᠷᠪᠤᠯᠵᠢ ᠪᠤᠯᠬᠤ ᠪᠦᠬᠡᠳ ᠮᠤᠩᠭᠤᠯ ᠤᠨ ᠰᠤᠳᠤᠯᠤᠯ ᠳᠤ ᠴᠢᠬᠤᠯᠠ ᠠᠴᠢ ᠬᠤᠯᠪᠤᠭᠳᠠᠯ ᠲᠠᠢ ᠬᠡᠵᠤ ᠮᠡᠬᠦᠰ ᠪᠢ ᠦᠵᠡᠵᠦ ᠪᠤᠢ᠃    ︽ᠮᠤᠩᠭᠤᠯ ᠤᠨ ᠨᠢᠭᠤᠴᠠ ᠲᠤᠪᠴᠢᠶᠠᠨ︾ ᠪᠤᠯ ᠮᠤᠩᠭᠤᠯ ᠤᠨ ᠡᠷᠳᠡᠨ ᠤ ᠲᠡᠤᠬᠡ ᠶᠢ ᠰᠤᠳᠤᠯᠬᠤ ᠬᠠᠮᠤᠭ ᠴᠢᠬᠤᠯᠠ ᠲᠤᠯᠭᠤᠷ ᠪᠢᠴᠢᠭ ᠪᠤᠯᠤᠨ᠎ᠠ᠃ ᠲᠡᠷᠡ ᠨᠢ ︽᠁ ᠴᠢᠩᠬᠢᠰ ᠬᠠᠭᠠᠨ ᠢ ᠮᠠᠭᠳᠠᠨ ᠰᠠᠶᠢᠰᠢᠶᠠᠵᠤ᠂ ᠲᠡᠬᠦᠨ ᠢᠶᠠᠷ ᠲᠤᠯᠤᠭᠠᠢᠢᠯᠠᠭᠤᠯᠤᠭᠰᠠᠨ ᠹᠧᠤᠳᠠᠯ ᠠᠩᠬᠢ ᠶᠢᠨ ᠲᠡᠤᠬᠡᠨ ᠪᠢᠴᠢᠭ ᠮᠦᠨ︾ ︵ᠯᠢᠤᠢ ᠶᠢᠨ ᠰᠦᠸᠧ  ᠶᠢᠨ ᠦᠬᠡ︶ ᠪᠤᠯᠬᠤᠷ᠂ ᠴᠢᠩᠬᠢᠰ ᠤᠨ ᠦᠢᠯᠡ ᠶᠠᠪᠤᠳᠠᠯ ᠢᠶᠠᠷ ᠭᠤᠤᠯᠳᠠᠯᠭ᠎ᠠ ᠪᠠᠨ ᠪᠤᠯᠭᠠᠭᠰᠠᠨ ᠲᠤᠯᠠ ᠬᠠᠰᠠᠷ ᠤᠨ ᠲᠤᠬᠠᠢ ᠮᠡᠳᠡᠭᠡ ᠴᠦᠬᠡᠨ ᠪᠠᠶᠢᠳᠠᠭ ᠪᠦᠬᠡᠳ 1213 ᠤᠨ ︵ᠵᠠᠷᠢᠮ ᠨᠤᠮ ᠳᠤ 1214 ᠤᠨ ᠬᠡᠵᠤ ᠪᠤᠢ︶ ᠳᠤ ᠠᠯᠳᠠᠨ ᠤᠯᠤᠰ ᠢ ᠲᠠᠭᠠᠷᠢᠭᠰᠠᠨ ᠠᠴᠠ ᠬᠤᠶᠢᠰᠢ ᠬᠠᠰᠠᠷ ᠤᠨ ᠴᠢᠮᠡᠭᠡ ᠨᠢᠬᠡᠮᠤᠰᠤᠨ ᠲᠠᠰᠤᠷᠠᠭᠰᠠᠨ ᠪᠠᠶᠢᠨ᠎ᠠ᠃ ᠬᠡᠪᠡᠴᠤ᠂ ᠮᠢᠨᠤ ᠤᠯᠵᠤ ᠤᠡᠭᠰᠢᠭ᠌ᠰᠠᠨ ︽ᠬᠤᠷᠢᠶᠠᠩᠭᠤᠢ ᠠᠯᠳᠠᠨ ᠲᠤᠪᠴᠢ︾᠂ ︽ᠯᠤ ᠠᠯᠳᠠᠨ ᠲᠤᠪᠴᠢ︾᠂ ︽ᠰᠢᠷ᠎ᠠ ᠲᠤᠭᠤᠵᠢ︾᠂ ︽ᠪᠤᠯᠤᠷ ᠲᠤᠯᠢ︾᠂ ︽ᠰᠤᠳᠤᠷ ᠤᠨ ᠴᠢᠭᠤᠯᠭᠠᠨ︾᠂ ᠵᠢᠴᠢ ᠯᠢᠤ ᠶᠢᠨ ᠰᠦᠸᠧ ᠪᠠᠭᠰᠢ  ᠠᠴᠠ ︽ᠮᠤᠩᠭᠤᠯ ᠤᠨ ᠨᠢᠭᠤᠴᠠ ᠲᠤᠪᠴᠢᠶᠠᠨ︾ ᠤ ᠠᠬᠠ ᠲᠡᠬᠦᠤ ᠵᠤᠬᠢᠶᠠᠯ ᠬᠡᠵᠤ ᠦᠨᠡᠯᠡᠭᠰᠡᠨ᠂ ᠤᠤᠯ ᠤᠨ ᠬᠠᠰᠠᠷ ᠤᠨ ᠰᠦᠯᠳᠡ ᠬᠤᠷᠢᠶᠠᠨ ᠳᠤ ᠬᠠᠳᠠᠭᠠᠯᠠᠵᠤ ᠪᠠᠶᠢᠭᠰᠠᠨ ︽ᠴᠢᠩᠬᠢᠰ ᠬᠠᠭᠠᠨ ᠤ ᠠᠯᠳᠠᠨ ᠲᠤᠪᠴᠢ︾ ︵ᠪᠠᠰᠠ ᠴᠢᠩᠬᠢᠰ ᠬᠠᠭᠠᠨ ᠤ ᠠᠯᠳᠠᠨ ᠲᠤᠪᠴᠢ ᠨᠡᠷᠡᠳᠦ ᠴᠠᠳᠢᠬ ᠬᠡᠵᠤ ᠬᠡᠯᠡᠳᠡᠭ︶ ᠵᠡᠷᠬᠡ ᠮᠤᠩᠭᠤᠯ ᠲᠡᠤᠬᠡ ᠶᠢᠨ ᠰᠤᠷᠪᠤᠯᠵᠢ ᠪᠢᠴᠢᠭ ᠤᠳ ᠲᠤ ᠬᠠᠰᠠᠷ ᠤᠨ ᠲᠤᠬᠠᠢ ᠰᠢᠨ᠎ᠠ ᠰᠢᠨ᠎ᠠ ᠮᠡᠳᠡᠭᠡ ᠴᠢᠮᠡᠭᠡ ᠪᠠ ᠲᠤᠮᠤᠭ ᠦᠯᠢᠬᠡᠷ ᠲᠡᠮᠳᠡᠭᠯᠡᠭᠳᠡᠵᠦ ᠪᠠᠶᠢᠨ᠎ᠠ᠃ ᠢᠯᠠᠩᠭᠤᠶ᠎ᠠ᠂ ᠵᠢᠮᠪᠡᠳᠤᠷᠵᠢ ᠶᠢᠨ ︽ᠪᠤᠯᠤᠷ ᠲᠤᠯᠢ︾ ᠳᠤ ᠬᠠᠰᠠᠷ ᠤᠨ ᠦᠢᠯᠡ ᠠᠵᠢᠯᠯᠠᠭ᠎ᠠ᠂ ᠦᠬᠡ ᠶᠠᠷᠢᠶ᠎ᠠ ᠶᠢ ᠨᠠᠷᠢᠨ ᠵᠢᠷᠤᠭᠯᠠᠭᠰᠠᠨ ᠵᠦᠢᠯᠡᠰ ᠨᠡᠯᠢᠶᠡᠳ ᠪᠠᠶᠢᠳᠠᠭ᠃ ᠰᠤᠨᠤᠰᠬᠤᠯ᠎ᠠ ᠭᠤᠴᠢᠨ ᠭᠤᠷᠪᠠᠨ ᠪᠦᠯᠦᠭᠳᠦ ︽ᠠᠯᠳᠠᠨ ᠡᠷᠢᠬᠡ︾ ᠳᠤ ᠬᠠᠰᠠᠷ ᠤᠨ ᠲᠤᠬᠠᠢ ᠨᠠᠷᠢᠨ ᠮᠡᠳᠡᠭᠡ ᠪᠠᠶᠢᠳᠠᠭ ᠬᠡᠰᠡᠨ ᠪᠤᠯᠪᠠᠴᠤ᠂ ᠬᠠᠷᠠᠮᠰᠠᠯᠳᠠᠢ ᠨᠢ ᠤᠯᠳᠤᠢ ᠪᠢ ᠤᠯᠵᠤ ᠤᠡᠭᠰᠢᠬᠤ ᠵᠠᠪᠰᠢᠶᠠᠨ ᠲᠠᠭᠠᠷᠠᠬᠰᠠᠨ ᠦᠬᠡᠢ᠃     ᠤᠳᠤ ᠪᠢᠳᠡ ︽ᠮᠤᠩᠭᠤᠯ ᠤᠨ ᠨᠢᠭᠤᠴᠠ ᠲᠤᠪᠴᠢᠶᠠᠨ︾ ᠢᠶᠠᠷ ᠭᠤᠤᠯ ᠪᠤᠯᠭᠠᠨ ᠪᠤᠰᠤᠳ ᠲᠡᠤᠬᠡᠨ ᠰᠤᠷᠪᠤᠯᠵᠢ ᠪᠢᠴᠢᠭ ᠤᠳ ᠠᠴᠠ ᠬᠠᠰᠠᠷ ᠤᠨ ᠨᠢᠬᠡ ᠨᠠᠰᠤᠨ ᠤ ᠲᠡᠤᠬᠡᠨ ᠤᠯᠠ ᠮᠦᠷ ᠢ ᠮᠦᠷᠳᠡᠵᠦ ᠦᠵᠡᠶ᠎ᠠ᠄      ᠨᠢᠬᠡᠨ ᠦᠶ᠎ᠠ ᠶᠢᠨ ᠲᠡᠭᠷᠢᠯᠢᠭ ᠬᠦᠪᠡᠬᠦᠨ — ᠴᠢᠩᠬᠢᠰ ᠬᠠᠭᠠᠨ ᠤ ᠲᠦᠷᠦᠭᠰᠡᠨ ᠲᠡᠬᠦᠤ ᠬᠠᠪᠤᠳᠤ ᠬᠠᠰᠠᠷ᠂ ᠪᠤᠷᠵᠢᠬᠢᠨ ᠤᠪᠤᠭᠳᠠᠨ᠂ ᠬᠢᠶᠠᠳ ᠶᠠᠰᠤᠳᠠᠨ᠂ ᠬᠦᠬᠡ ᠪᠠᠴᠢᠨ ᠵᠢᠯᠳᠡᠢ᠃ 1164 ᠤᠨ ᠳᠤ ᠶᠢᠰᠤᠬᠡᠢ ᠪᠠᠭᠠᠳᠤᠷ ᠤᠨ ᠭᠤᠤᠯ ᠬᠠᠳᠤᠨ ᠦᠬᠡᠯᠤᠨ ᠦᠵᠢᠨ ᠤ ᠬᠤᠶᠠᠳᠤᠭᠠᠷ ᠬᠦᠪᠡᠬᠦᠨ ᠪᠤᠯᠤᠨ ᠵᠠᠶᠠᠭᠠᠭᠳᠠᠵᠠᠢ᠃ ︽ᠪᠤᠯᠤᠷ ᠲᠤᠯᠢ︾ ᠳᠤ ︽᠁ ᠪᠠᠰᠠ ᠲᠡᠬᠦᠨᠤ ᠬᠤᠶᠢᠳᠤ ᠵᠢᠯ ᠲᠤᠷ ᠤᠸ᠋ᠯᠠᠨ ᠬᠠᠳᠤᠨ ᠠᠴᠠ ᠨᠢᠬᠡᠨ ᠬᠦᠪᠡᠬᠦᠨ ᠠᠳᠬᠤᠨ  ᠲᠠᠭᠠᠨ ᠪᠦᠬᠡᠮᠡᠨ ︵ᠪᠦᠬᠡᠮ︶ ᠴᠢᠰᠤ ᠪᠠᠷᠢᠵᠤ ᠲᠦᠷᠦᠪᠡᠢ᠃ ᠲᠡᠬᠦᠨᠤ ᠨᠡᠷ᠎ᠠ ᠶᠢ ᠬᠠᠰᠠᠷ ᠬᠡᠮᠡᠨ ᠨᠡᠷᠡᠶᠢᠳᠪᠡᠢ︾ ᠬᠡᠵᠤ ᠪᠠᠶᠢᠨ᠎ᠠ᠃ ︽ᠬᠠᠰᠠᠷ︾ ᠬᠡᠭᠴᠢ ᠨᠢ ᠰᠠᠨᠰᠺᠷᠢᠲ ᠪᠠᠷ ᠠᠷᠰᠯᠠᠨ ᠤ ᠲᠡᠯ ᠪᠤᠶᠤ ᠠᠷᠰᠯᠠᠨ ᠬᠡᠰᠡᠨ ᠦᠬᠡᠨ  ᠠᠴᠠ ᠢᠷᠡᠯᠳᠡᠢ ᠬᠡᠵᠤ ᠵᠠᠷᠢᠮ ᠲᠡᠤᠬᠡᠴᠢᠳ ᠦᠵᠡᠳᠡᠭ ᠪᠠ ᠹᠷᠠᠨᠼᠢ ᠶᠢᠨ ᠡᠷᠳᠡᠮᠳᠡᠨ ᠫ᠊ · ᠫᠧᠠᠯᠢᠷ ᠡᠬᠦᠨ ᠢ ︽ᠮᠤᠩᠭᠤᠯ ᠤᠨ ᠨᠢᠭᠤᠴᠠ ᠲᠤᠪᠴᠢᠶᠠᠨ︾ ᠤ 78 ᠳ᠋ᠤᠭᠠᠷ ᠬᠡᠰᠡᠭ ᠲᠠᠬᠢ ︽ᠬᠠᠰᠠᠷ︾ ᠢ ︽ᠬᠠᠰᠠᠷ ᠨᠤᠬᠠᠢ︾ ᠬᠡᠳᠡᠭ ᠤᠨ ᠬᠠᠰᠠᠷ ᠲᠠᠢ ᠠᠳᠠᠯᠢ ᠬᠡᠵᠤ ᠦᠵᠡᠬᠡᠳ᠂ ︽ᠬᠠᠭᠤᠴᠢᠨ ᠲᠠᠩ ᠤᠯᠤᠰ ᠤᠨ ᠪᠢᠴᠢᠭ︾ ᠲᠠᠬᠢ ᠺᠡᠰᠡᠷ ᠤᠯᠤᠰ ︵ᠤᠳᠤ ᠶᠢᠨ ᠢᠰᠫᠠᠨᠢ ᠶᠢ ᠵᠢᠭᠠᠵᠤ ᠪᠤᠢ︶ ᠲᠤ ᠲᠤᠭᠰᠢᠨ ᠨᠤᠬᠠᠢ ᠭᠠᠷᠳᠠᠭ ᠬᠡᠵᠤ ᠪᠠᠶᠢᠳᠠᠭ ᠪᠤᠯᠬᠤᠷ ᠡᠨᠡ  ᠨᠢ ᠤᠭ ᠲᠠᠭᠠᠨ ᠭᠠᠵᠠᠷ ᠤᠨ ᠨᠡᠷ᠎ᠠ ᠪᠠᠶᠢᠭᠰᠠᠨ ᠬᠡᠵᠤ ᠲᠡᠮᠳᠡᠭᠯᠡᠵᠡᠢ ①᠃ ᠫᠧᠷᠰ ︵ᠤᠳᠤ ᠶᠢᠨ ᠢᠷᠡᠨ︶ ᠤᠨ ᠲᠡᠤᠬᠡᠴᠢᠨ ᠷᠠᠰᠢᠳ᠋ — ᠠᠳ᠋ — ᠳ᠋ᠢᠨ ᠤ ︽ᠰᠤᠳᠤᠷ ᠤᠨ ᠴᠢᠭᠤᠯᠭᠠᠨ︾ ᠳᠤ᠂ ︽ᠬᠠᠰᠠᠷ︾ ᠬᠡᠭᠴᠢ ᠨᠢ ᠲᠤᠭᠰᠢᠨ ᠠᠷᠢᠶᠠᠳᠠᠨ ᠬᠡᠰᠡᠨ ᠤᠳᠬ᠎ᠠ ᠲᠠᠢ᠃ ᠲᠡᠷᠡ ᠪᠤᠯ ᠮᠠᠰᠢ ᠡᠷᠡᠯᠬᠡᠭ ᠪᠠᠭᠠᠳᠤᠷᠯᠢᠬ ᠪᠤᠯᠬᠤᠷ ᠡᠶᠢᠮᠤ ᠨᠡᠷ᠎ᠠ ᠪᠠᠷ ᠲᠡᠬᠦᠨ ᠢ ᠲᠦᠷᠰᠦᠯᠡᠭᠰᠡᠨ ᠬᠡᠵᠡᠢ᠃     ᠬᠠᠰᠠᠷ᠂ ᠬᠠᠷᠠᠬᠠᠨ ᠪᠠᠭ᠎ᠠ ᠠᠴᠠ ᠪᠠᠨ ᠬᠠᠷᠪᠤᠬᠤ ᠨᠠᠮᠨᠠᠬᠤ ᠳᠠᠭᠠᠨ ᠬᠠᠪᠤᠳᠠᠢ ᠪᠤᠯᠬᠤᠷ ᠪᠠᠰᠠ ᠬᠠᠪᠤᠳᠤ ᠬᠠᠰᠠᠷ ᠬᠡᠳᠡᠭ ᠪᠠᠶᠢᠨ᠎ᠠ᠃ ︽ᠪᠤᠯᠤᠷ ᠲᠤᠯᠢ︾ ᠳᠤ ︽᠁ ᠵᠢᠳᠡ ᠪᠠᠷ ᠠᠯᠠᠯᠳᠤᠬᠤᠢ ᠪᠠᠱᠢᠷ ᠲᠤ ᠮᠡᠷᠬᠡᠨ᠂ ᠰᠤᠮᠤ ᠬᠠᠷᠪᠤᠬᠤᠢ ᠳᠤᠷ ᠮᠠᠰᠢ ᠭᠠᠪᠰᠢᠭᠠᠢ᠂ ᠵᠠᠭᠤᠨ ᠦᠶ᠎ᠠ ᠬᠠᠷᠪᠤᠪᠠᠴᠤ ᠵᠠᠭᠤᠨ ᠦᠶ᠎ᠠ ᠤᠨᠤᠬᠤ ᠬᠠᠪᠤᠳᠠᠢ ᠪᠦᠯᠦᠬᠡ︾ ᠬᠡᠵᠤ ᠲᠡᠮᠳᠡᠭᠯᠡᠵᠦ ᠪᠤᠢ᠃     ᠬᠠᠪᠤᠳᠤ ᠬᠠᠰᠠᠷ ᠤᠨ ᠲᠦᠷᠦᠭᠰᠡᠨ ᠲᠦᠯᠦᠪ ᠪᠠᠶᠢᠳᠠᠯ ᠨᠢ ᠪᠦᠳᠦᠬᠦᠨ ᠬᠠᠳᠤᠭᠤᠨ᠂ ᠰᠦᠷ ᠵᠢᠪᠬᠤᠭᠠᠳᠠᠢ ᠪᠠᠶᠢᠳᠠᠭ᠃ ︽ᠰᠤᠳᠤᠷ ᠤᠨ ᠴᠢᠭᠤᠯᠭᠠᠨ︾ ᠳᠤ ᠬᠠᠰᠠᠷ ᠤᠨ ᠮᠦᠷᠦ ᠪᠠ ᠴᠡᠬᠡᠵᠢ ᠨᠢ ᠶᠡᠭᠡ ᠦᠷᠬᠡᠨ ᠬᠠᠨᠭ᠍ᠬᠠᠭᠠᠷ᠂ ᠪᠡᠯᠬᠡᠬᠦᠰᠤ ᠨᠢ ᠮᠠᠰᠢ ᠱᠤᠪᠳᠤᠩ ᠨᠠᠷᠢᠬᠠᠨ᠃ ᠬᠠᠵᠠᠭᠤ ᠪᠠᠷ ᠢᠶᠠᠨ ᠬᠡᠪᠳᠡᠬᠦ ᠳᠤ ᠬᠠᠪᠢᠷᠭ᠎ᠠ ᠲᠤᠤᠭᠤᠷ ᠨᠢ ᠨᠤᠬᠠᠢ ᠲᠠᠭᠤᠯᠤᠨ ᠭᠠᠷᠴᠤ ᠪᠤᠯᠳᠠᠭ ᠬᠡᠵᠤ ᠲᠦᠷᠰᠦᠯᠡᠭᠰᠡᠨ ᠪᠦᠬᠡᠳ ᠨᠢᠬᠡ ᠬᠦᠮᠦᠨ ᠢ ᠬᠤᠶᠠᠷ ᠭᠠᠷ ᠢᠶᠠᠷ ᠢᠶᠠᠨ ᠠᠳᠬᠤᠨ ᠠᠪᠴᠤ ᠮᠤᠳᠤᠨ ᠮᠦᠰᠦ ᠬᠤᠭᠤᠯᠬᠤ ᠮᠡᠳᠦ ᠨᠢᠷᠤᠭᠤᠨ ᠶᠠᠰᠤ ᠶᠢ ᠨᠢ ᠲᠠᠰᠤ ᠬᠤᠭᠤᠯᠤᠨ ᠬᠤᠶᠠᠷ ᠬᠡᠰᠡᠭ ᠪᠤᠯᠭᠠᠳᠠᠭ ᠲᠦᠢᠯ ᠤᠨ ᠶᠡᠭᠡ ᠬᠦᠴᠦ ᠴᠢᠳᠠᠯ ᠲᠠᠢ ᠬᠡᠵᠤ ᠪᠢᠴᠢᠭᠰᠡᠨ ᠪᠠᠶᠢᠳᠠᠭ᠃ ︽ᠪᠤᠯᠤᠷ ᠲᠤᠯᠢ︾ ᠳᠤ ︽᠁ ᠬᠠᠰᠠᠷ ᠤᠨ ᠨᠢᠭᠤᠷ ᠴᠢᠷᠠᠢ ᠠᠨᠤ ᠤᠯᠠᠭᠠᠨ᠂ ᠪᠠᠭᠠᠳᠤᠷ ᠤᠨ ᠱᠢᠩᠵᠢ ᠲᠡᠬᠦᠰ᠂ ᠦᠨᠳᠦᠷ ᠠᠨᠤ ᠨᠠᠢᠮᠠᠨ ᠴᠢ ︵ᠲᠤᠬᠤᠢ︶᠂ ᠰᠠᠬᠠᠯ ᠠᠨᠤ ᠤᠷᠳᠤ ᠠᠮᠤᠢ︾ ᠬᠡᠵᠡᠢ᠃     ᠬᠠᠰᠠᠷ ᠢ ᠲᠤᠯᠤᠭᠠᠨ ᠨᠠᠰᠤ ᠲᠠᠢ ᠵᠢᠯ ᠳᠤ ᠡᠴᠢᠬᠡ ᠨᠢ ᠲᠠᠲ᠋ᠠᠷᠴᠤᠳ ᠲᠤ ᠦᠰᠢᠶᠡᠯᠡᠭᠳᠡᠨ ᠬᠤᠤᠷᠳᠠᠭᠳᠠᠨ ᠦᠬᠦᠵᠤ᠂ ᠤᠯᠤᠰ ᠢᠷᠬᠡᠨ ᠨᠢ ᠪᠤᠳᠠᠷᠠᠨ ᠰᠠᠷᠨᠢᠭᠰᠠᠨ ᠳᠤ ᠲᠡᠮᠤᠵᠢᠨ ᠠᠬ᠎ᠠ ᠲᠡᠬᠦᠤ ᠬᠡᠳᠦᠬᠦᠯᠡ ᠦᠬᠡᠯᠤᠨ ᠡᠬᠡ  ᠪᠠᠨ ᠲᠠᠭᠠᠵᠤ᠂ ᠬᠦᠳᠡᠭᠡ ᠬᠡᠬᠡᠷ᠎ᠠ ᠬᠤᠷᠭᠤᠳᠠᠨ ᠲᠦᠢᠯ ᠤᠨ ᠭᠠᠰᠢᠭᠤᠨ ᠵᠦᠳᠡᠬᠦᠷᠢ ᠲᠠᠢ ᠠᠮᠢᠳᠤᠷᠠᠵᠤ ᠪᠠᠶᠢᠭᠰᠠᠨ ᠪᠦᠬᠡᠳ ᠬᠠᠰᠠᠷ ᠠᠷᠪᠠᠭᠠᠳᠬᠠᠨ ᠨᠠᠰᠤᠳᠠᠢ ᠠᠴᠠ ᠪᠠᠨ ᠲᠤᠯᠤᠯᠳᠤᠭᠠᠨ ᠳᠤ ᠤᠷᠤᠯᠴᠠᠵᠤ ᠬᠠᠯᠳᠠᠷ᠎ᠠ ᠢᠷᠡᠭᠰᠡᠨ ᠲᠠᠶᠢᠴᠢᠭᠤᠳ ᠤᠨ ᠲᠠᠷᠭᠤᠳᠠᠢ ᠬᠢᠷᠢᠯᠳᠤᠬ ᠲᠠᠢ ᠡᠷᠡᠯᠬᠡᠭ ᠢᠶᠠᠷ ᠬᠠᠷᠪᠤᠯᠴᠠᠨ ᠪᠠᠶᠢᠯᠳᠤᠵᠤ ᠪᠠᠶᠢᠵᠠᠢ᠃ ︽ᠪᠤᠯᠤᠷ ᠲᠤᠯᠢ︾ ᠳᠤ᠂ ︽ᠬᠠᠷᠢᠶᠠᠳᠤ ᠬᠡᠷ ᠤᠨ ᠠᠮᠪᠠᠨ ᠲᠤᠳᠤᠭᠠᠪᠠᠴᠢ ︵ᠲᠤᠳᠤᠠᠦ᠋ᠯᠵᠡᠢ︶ ᠠᠯᠪᠠᠳᠤ ᠪᠠ ᠡᠳ᠋ ᠮᠠᠯ ᠢ ᠨᠢ ᠡᠵᠡᠷᠬᠡᠵᠤ ᠶᠠᠪᠤᠭᠰᠠᠨ ᠪᠦᠬᠡᠳ ᠪᠦᠬᠡ ᠴᠢᠯᠡᠬᠡᠷ ᠬᠠᠭᠤᠷᠮᠠᠭ ᠢᠶᠠᠷ ᠰᠠᠶᠢᠮᠰᠤᠷᠠᠵᠤ ᠲᠡᠮᠤᠵᠢᠨ ᠬᠠᠰᠠᠷ ᠢ ᠲᠡᠬᠦᠤ ᠬᠡᠮᠡᠨ ᠬᠡᠷ ᠲᠡᠭᠡᠨ ᠠᠪᠠᠴᠢᠭᠠᠳ ᠬᠤᠶᠠᠭᠤᠯᠠ ᠶᠢ ᠪᠠᠷᠢᠵᠤ ᠬᠢᠨᠵᠢᠯᠡᠵᠤ ᠤᠶᠠᠭᠰᠠᠨ︾ ᠬᠡᠵᠤ ᠠᠳᠠᠯᠢ ᠪᠤᠰᠤ ᠪᠠᠷ ᠲᠡᠮᠳᠡᠭᠯᠡᠵᠦ ᠪᠤᠢ᠃    ᠬᠦᠴᠢᠷ ᠪᠡᠷᠬᠡᠰᠢᠶᠡᠯᠳᠤ ᠠᠮᠢᠳᠤᠷᠠᠯ ᠨᠢ ᠬᠠᠰᠠᠷ ᠢ ᠬᠠᠷᠠᠬᠠᠨ ᠪᠠᠭ᠎ᠠ ᠠᠴᠠ ᠨᠢ ᠬᠠᠶᠢᠷ᠎ᠠ ᠬᠤᠷᠤᠰᠤᠯ ᠲᠤᠳᠤ᠂ ᠬᠠᠳᠠᠭᠤ ᠲᠤᠭᠰᠢᠨ ᠵᠠᠩ ᠠᠭᠠᠰᠢ ᠲᠠᠢ ᠪᠤᠯᠭᠠᠵᠠᠢ᠃ ᠲᠡᠷᠡ᠂ ᠠᠷᠪᠠᠨ ᠨᠠᠰᠤᠳᠠᠢ ᠳᠠᠭᠠᠨ ᠡᠴᠢᠬᠡ ᠨᠢᠬᠡ ᠡᠬᠡ ᠦᠬᠡᠷ᠎ᠠ ᠲᠡᠬᠦᠤ ᠪᠡᠭᠳᠡᠷ ᠤᠨ ᠲᠠᠷᠤᠯᠠᠯ ᠲᠤᠷᠤᠮᠵᠢᠯᠠᠯ ᠢ ᠡᠰᠡᠷᠬᠦᠴᠡᠵᠤ᠂ ᠠᠬ᠎ᠠ ᠲᠡᠮᠤᠵᠢᠨ ᠲᠠᠢ ᠪᠠᠨ ᠬᠠᠮᠳᠤ ᠪᠠᠷ ᠪᠡᠭᠳᠡᠷ ᠢ ᠬᠠᠷᠪᠤᠨ ᠠᠯᠠᠵᠠᠢ᠃      ᠬᠠᠪᠤᠳᠤ ᠬᠠᠰᠠᠷ ᠢ ᠠᠷᠪᠠᠨ ᠭᠤᠷᠪᠠᠳᠠᠢ ᠵᠢᠯ ᠳᠤ᠂ ᠨᠠᠢᠮᠠᠨ ᠰᠢᠷᠭ᠎ᠠ ᠶᠢ ᠨᠢ ᠲᠡᠬᠡᠷᠡᠮᠴᠢᠳ ᠪᠤᠯᠢᠶᠠᠨ ᠠᠪᠴᠤ ᠶᠠᠪᠤᠭᠰᠠᠨ ᠳᠤ ᠬᠠᠰᠠᠷ ᠵᠤᠷᠢᠭ ᠲᠠᠢ ᠪᠠᠷ ︽ᠪᠢ ᠨᠡᠬᠡᠬᠦ ᠪᠠᠷ ᠶᠠᠪᠤᠶ᠎ᠠ︾ ᠬᠡᠵᠤ ᠬᠡᠯᠡᠬᠦ ᠳᠤ ᠲᠡᠮᠤᠵᠢᠨ ︽ᠲᠠ ᠦᠯᠦ ᠴᠢᠳᠤᠬᠤ᠂ ᠪᠢ ᠨᠡᠬᠡᠰᠤ︾ ᠬᠡᠳ ᠲᠡᠮᠤᠵᠢᠨ ᠭᠠᠭᠴᠠᠭᠠᠷ ᠢᠶᠠᠨ ᠶᠠᠪᠤᠭᠰᠠᠨ ᠢᠶᠠᠷ ︽ᠨᠢᠭᠤᠴᠠ ᠲᠤᠪᠴᠢᠶᠠᠨ︾ ᠳᠤ ᠲᠡᠮᠳᠡᠭᠯᠡᠵᠦ ᠪᠠᠶᠢᠬᠤ ᠳᠤ᠂ ︽ᠪᠤᠯᠤᠷ ᠲᠤᠯᠢ︾ ᠳᠤ ᠬᠠᠷᠢᠨ ︽ᠠᠳᠠᠬᠤᠨ ᠢᠶᠠᠨ ᠲᠡᠮᠤᠴᠢᠨ ᠬᠠᠰᠠᠷ ᠬᠤᠶᠠᠷ ᠨᠡᠬᠡᠵᠤ ᠶᠠᠪᠤᠳᠠᠯ᠎ᠠ ᠠᠷᠠᠯ ᠤᠨ ᠯᠠᠬᠤ ᠪᠠᠶᠠᠨ ᠤ ᠬᠦᠪᠡᠬᠦᠨ ᠪᠤᠤᠷᠵᠠᠢ︾ ︵ᠠᠷᠤᠯᠠᠳ ᠤᠨ ᠨᠠᠬᠤ ᠪᠠᠶᠠᠨ ᠤ ᠬᠦᠪᠡᠬᠦᠨ ᠪᠤᠭᠤᠷᠴᠤ︶ ᠠᠪᠠᠯᠠᠵᠤ ᠶᠠᠪᠤᠭᠰᠠᠭᠠᠷ ᠤᠴᠠᠷᠠᠵᠤ ᠬᠤᠷᠪᠠᠭ᠋ᠤᠯᠠ ᠨᠡᠶᠢᠯᠡᠨ ᠨᠡᠬᠡᠬᠡᠳ ᠲᠡᠬᠡᠷᠡᠮᠴᠢ ᠨᠡᠷᠢ ᠬᠦᠢᠴᠡᠭᠰᠡᠨ ᠳᠤᠷ ᠲᠡᠬᠡᠷᠡᠮᠴᠢᠨ ᠡᠰᠡᠷᠬᠦᠯᠦᠨ ᠠᠯᠠᠯᠳᠤᠪᠠᠢ᠃ ᠲᠡᠷᠡ ᠠᠭ᠂ ᠬᠠᠰᠠᠷ ᠠᠷᠪᠠᠨ ᠲᠠᠪᠤᠨ ᠨᠠᠰᠤᠳᠠᠢ᠂ ᠪᠤᠤᠷᠴᠠᠢ ᠠᠷᠪᠠᠨ ᠭᠤᠷᠪᠠᠨ ᠨᠠᠰᠤᠳᠠᠢ᠃ ᠬᠤᠶᠠᠭᠤᠯᠠ ᠪᠦᠷᠢ ᠰᠤᠮᠤ ᠲᠤᠭᠤᠯᠵᠤ ᠤᠨᠤᠬᠤ ᠮᠡᠷᠬᠡᠨ ᠪᠦᠬᠡᠳ ᠲᠤᠯᠤᠨ ᠬᠦᠮᠦᠨ ᠠᠯᠭᠠᠰᠠᠨ ᠲᠤᠷ ᠲᠡᠬᠡᠷᠡᠮᠴᠢᠨ ᠡᠰᠡ ᠲᠡᠰᠴᠤ᠂ ᠠᠳᠠᠬᠤ ᠪᠠᠨ ᠤᠷᠬᠢᠨ ᠲᠤᠳᠠᠭᠠᠪᠠᠢ᠃ ᠲᠡᠳᠦᠢ ᠠᠴᠠ ᠡᠬᠢᠯᠡᠵᠤ ᠪᠤᠤᠷᠴᠠᠢ ᠢᠨᠠᠭ ᠪᠤᠯᠪᠠᠢ︾ ᠬᠡᠵᠤ ᠬᠠᠰᠠᠷ ᠢ ᠲᠡᠮᠤᠵᠢᠨ ᠲᠠᠢ ᠬᠠᠮᠳᠤ ᠶᠠᠪᠤᠭᠰᠠᠨ ᠢᠶᠠᠷ ᠪᠢᠴᠢᠵᠤ ᠪᠤᠢ᠃      1178 ᠤᠨ ᠳᠤ᠂ ᠠᠷᠪᠠᠨ ᠲᠦᠷᠪᠡᠳᠡᠢ ᠬᠠᠰᠠᠷ᠂ ᠲᠡᠮᠤᠵᠢᠨ ᠲᠠᠢ ᠬᠠᠮᠳᠤ ᠬᠡᠷᠡᠶᠢᠳ ᠤᠨ ᠸᠠᠩ ᠬᠠᠨ  ᠯᠤᠭ᠎ᠠ ᠬᠤᠯᠪᠤᠭᠠᠯᠠᠷ᠎ᠠ ᠤᠴᠢᠭᠰᠠᠨ ᠪᠦᠬᠡᠳ ᠪᠡᠯᠬᠦᠳᠡᠢ ᠲᠠᠢ ᠬᠤᠶᠠᠭᠤᠯᠠ ᠲᠡᠮᠤᠵᠢᠨ ᠤ ᠡᠯᠴᠢ ᠪᠤᠯᠵᠤ ᠵᠠᠳᠠᠷᠠᠨ ᠤᠪᠤᠭᠳᠠᠨ ᠵᠠᠮᠤᠬ᠎ᠠ ᠲᠠᠢ ᠪᠠᠰᠠ ᠬᠤᠯᠪᠤᠭᠠᠯᠠᠷ᠎ᠠ ᠶᠠᠪᠤᠭᠰᠠᠨ ᠪᠠᠶᠢᠨ᠎ᠠ᠃     1189 ᠤᠨ ᠳᠤ ᠲᠡᠮᠤᠵᠢᠨ ︽ᠬᠠᠮᠤᠭ ᠮᠤᠩᠭᠤᠯ ᠤᠯᠤᠰ︾ ᠤᠨ ᠬᠠᠭᠠᠨ ᠢᠶᠠᠷ ᠡᠷᠬᠦᠮᠵᠢᠯᠡᠭᠳᠡᠵᠦ᠂ ︽ᠴᠢᠩᠬᠢᠰ ᠬᠠᠭᠠᠨ︾ ᠴᠤᠯᠠ ᠤᠯᠤᠭᠠᠳ᠂ ᠲᠦᠷᠦ ᠶᠢᠨ ᠵᠤᠬᠢᠶᠠᠨ ᠪᠠᠶᠢᠭᠤᠯᠤᠯᠳᠠ ᠪᠠᠨ ᠠᠩᠬᠠᠯᠠᠨ ᠪᠠᠶᠢᠭᠤᠯᠵᠤ᠂ ᠭᠠᠪᠢᠶ᠎ᠠ ᠵᠢᠳᠬᠦᠯ ᠲᠠᠢ ᠠᠨᠳᠠ ᠳᠠᠭᠠᠨ ᠵᠡᠷᠬᠡ ᠲᠤᠰᠢᠶᠠᠯ ᠬᠤᠪᠢᠶᠠᠷᠢᠯᠠᠬᠤ ᠳᠤ ᠬᠤᠷᠢᠨ ᠲᠠᠪᠤᠨ ᠨᠠᠰᠤᠳᠠᠢ ᠬᠠᠰᠠᠷ  ᠢᠶᠠᠷ ᠴᠡᠷᠢᠭ ᠲᠠᠶᠢᠨ ᠤ ᠵᠤᠬᠢᠶᠠᠨ ᠪᠠᠶᠢᠭᠤᠯᠤᠯᠳᠠ ᠶᠢᠨ ᠲᠤᠯᠭᠠᠮ ᠪᠠᠶᠢᠯᠳᠤᠭᠠᠨ ᠬᠢᠬᠦ ᠲᠤᠰᠬᠠᠢ ᠲᠤᠰᠢᠶᠠᠯᠳᠠᠨ ᠨᠠᠷ ᠢ ᠵᠠᠬᠢᠷᠤᠭᠤᠯᠵᠠᠢ᠃ ᠡᠬᠦᠨ ᠠᠴᠠ ᠬᠤᠶᠢᠰᠢᠳᠠ ᠶᠢᠨ ᠵᠢᠯ ᠤᠳ ᠲᠤ ᠬᠠᠰᠠᠷ᠂ ᠢᠯᠳᠤᠴᠢ ᠶᠢᠨ ᠲᠤᠰᠢᠶᠠᠯ ᠳᠤ ᠲᠤᠮᠢᠯᠠᠭᠳᠠᠭᠰᠠᠨ ᠪᠠᠷᠤᠯᠠᠰ ᠤᠪᠤᠭᠳᠠᠨ ᠬᠤᠪᠢᠯᠠᠢ ᠶᠢᠨ ᠬᠠᠮᠳᠤ ᠴᠢᠩᠬᠢᠰ ᠬᠠᠭᠠᠨ ᠢ ᠬᠠᠮᠠᠭᠠᠯᠠᠵᠤ ᠪᠠᠶᠢᠵᠠᠢ ②᠃     ᠪᠠᠷᠤᠭ 1190 ᠤᠨ ᠳᠤ ᠪᠤᠯᠤᠭᠰᠠᠨ ︽ᠠᠷᠪᠠᠨ ᠭᠤᠷᠪᠠᠨ ᠬᠦᠷᠢᠶᠡᠨ ᠤ ᠪᠠᠶᠢᠯᠳᠤᠭᠠᠨ︾ ᠤ ᠲᠤᠬᠠᠢ ︽ᠨᠢᠭᠤᠴᠠ ᠲᠤᠪᠴᠢᠶᠠᠨ︾ ᠳᠤ ᠲᠤᠳᠤᠷᠬᠠᠢ ᠲᠡᠮᠳᠡᠭᠯᠡᠭᠰᠡᠨ ᠦᠬᠡᠢ᠃ ︽᠁ ᠵᠠᠮᠤᠬ᠎ᠠ ᠶᠢᠨ ᠡᠰᠡᠷᠬᠦᠤ ᠢᠨᠤ ᠮᠤᠷᠢᠯᠠᠵᠤ ᠲᠠᠯᠠᠨ ᠪᠠᠯᠵᠤᠳ ᠪᠠᠶᠢᠯᠳᠤᠵᠤ᠂ ᠴᠢᠩᠬᠢᠰ ᠬᠠᠭᠠᠨ ᠵᠠᠮᠤᠬ᠎ᠠ ᠳ᠋ᠠ ᠬᠦᠳᠡᠯᠬᠡᠭᠳᠡᠵᠦ᠂ ᠤᠨᠤᠨ ᠤ ᠵᠠᠷᠠᠨ᠎ᠠ ᠬᠠᠪᠴᠠᠬᠠᠶ᠎ᠠ ᠬᠤᠷᠭᠤᠪᠠ︾ ᠬᠡᠰᠡᠨ ᠢ ᠦᠨᠳᠦᠰᠦᠯᠡᠨ ᠲᠡᠤᠬᠡᠴᠢᠳ ᠡᠨᠡ ᠤᠳᠠᠭᠠᠨ ᠤ ᠲᠡᠶᠢᠨ ᠳᠤ ᠴᠢᠩᠬᠢᠰ ᠢ ᠢᠯᠠᠭᠳᠠᠭᠰᠠᠨ ᠢᠶᠠᠷ ᠦᠵᠡᠳᠡᠭ᠃ ᠬᠡᠳᠡᠯ᠎ᠠ᠂ ︽ᠪᠤᠯᠤᠷ ᠲᠤᠯᠢ︾ ᠳᠤ ︽ᠬᠠᠰᠠᠷ ᠮᠤᠩᠭᠤᠯᠴᠤᠳ ᠤᠨ ᠠᠶᠢᠮᠠᠭ ᠴᠡᠷᠢᠭ ᠢᠶᠠᠨ ᠵᠠᠷᠯᠠᠨ ᠠᠷᠪᠠᠨ ᠭᠤᠷᠪᠠᠨ ᠠᠩᠬᠢ ᠵᠤᠬᠢᠶᠠᠵᠤ ᠪᠠᠶᠢᠳᠠᠯ᠎ᠠ᠂ ᠰᠠᠮᠠᠬᠤᠢᠨ ᠠᠶᠢᠮᠠᠭ ︵ᠵᠠᠮᠤᠬ᠎ᠠ ᠲᠡᠷᠢᠬᠦᠳᠡᠨ ᠵᠠᠳᠠᠷᠠᠨ ᠠᠷᠪᠠᠨ ᠭᠤᠷᠪᠠᠨ ᠠᠶᠢᠮᠠᠭ ᠨᠦᠬᠦᠴᠡᠵᠤ᠂ ᠭᠤᠷᠪᠠᠨ ᠲᠦᠮᠡᠨ ᠪᠤᠯᠵᠤ — ᠡᠰᠢᠯᠡᠭᠴᠢ ᠠᠴᠠ︶ ᠤᠨ ᠲᠠᠶᠢᠰᠤᠨ ᠬᠦᠷᠴᠤ ᠢᠷᠡᠭᠰᠡᠨ ᠲᠤᠷ ᠬᠠᠰᠠᠷ ᠦᠪᠡᠷ ᠢᠶᠠᠨ ᠲᠡᠷᠢᠬᠦᠯᠡᠨ ᠭᠠᠷᠴᠤ᠂ ᠲᠠᠶᠢᠰᠤᠨ ᠤ ᠵᠠᠩᠵᠤᠨ ᠪᠠᠭᠠᠳᠤᠷ ᠢ ᠨᠢᠰᠬᠡᠨ ︵ᠨᠢᠬᠡᠬᠡᠨ︶ ᠦᠶ᠎ᠠ ᠲᠤᠯᠠᠯᠴᠢᠬᠤᠢ ᠲᠠᠭᠠᠨ ᠬᠠᠰᠠᠷ ᠵᠢᠳᠠᠯᠠᠵᠤ ᠤᠨᠠᠭᠠᠪᠠᠢ᠃ ᠲᠡᠨᠳᠡᠴᠡ ᠰᠠᠮᠠᠬᠤᠢᠨ ᠠᠶᠢᠮᠠᠭ ᠤᠨ ᠴᠡᠷᠢᠭ ᠠᠶᠤᠨ ᠲᠤᠳᠠᠭᠠᠬᠤᠢ ᠲᠤᠷ ᠮᠤᠩᠭᠤᠯᠴᠤᠳ ᠤᠨ ᠠᠷᠪᠠᠨ ᠭᠤᠷᠪᠠᠨ ᠠᠩᠬᠢ ᠴᠡᠷᠢᠭ ᠤᠷᠤᠨ ᠲᠠᠶᠢᠯᠠᠵᠤ᠂ ᠲᠡᠳᠡᠨ ᠤ ᠴᠡᠷᠢᠭ ᠤᠨ ᠨᠢᠬᠡᠨ ᠬᠠᠭᠠᠰ ᠠᠨᠤ ᠠᠯᠠᠭᠠᠳᠠᠨ᠂ ᠨᠢᠬᠡᠨ ᠬᠠᠭᠠᠰ ᠠᠨᠤ ᠲᠠᠭᠠᠭᠠᠳ᠂ ᠨᠢᠬᠡᠨ ᠬᠠᠭᠠᠰ ᠠᠨᠤ ᠪᠤᠷᠤᠭᠤᠯᠤᠨ ᠭᠠᠷᠠᠪᠠᠢ︾ ᠬᠡᠵᠤ ᠦᠰᠦᠳ ᠦᠬᠡᠷ᠎ᠠ ᠪᠠᠷ ᠲᠡᠮᠳᠡᠭᠯᠡᠵᠦ ᠪᠠᠶᠢᠨ᠎ᠠ᠃      1202 ᠤᠨ ᠳᠤ᠂ ᠬᠠᠰᠠᠷ ᠶᠡᠭᠡ ᠴᠡᠷᠢᠭ ᠲᠠᠶᠢᠴᠢᠯᠠᠵᠤ ᠭᠤᠷᠯᠤᠰ ᠢ ᠮᠦᠬᠦᠬᠡᠭᠰᠡᠨ ᠲᠤᠬᠠᠢ ︽ᠪᠤᠯᠤᠷ ᠲᠤᠯᠢ︾ ᠳᠤ ︽ᠬᠤᠷᠯᠤᠰ ᠤᠯᠤᠰ ᠤᠨ ᠡᠵᠡᠨ ᠨᠠᠷᠠᠨ ᠬᠠᠨ ᠬᠡᠮᠡᠭᠴᠢ ᠶᠢ ᠠᠯᠠᠵᠤ᠂ ᠬᠤᠷᠢᠨ ᠲᠦᠮᠡᠨ ᠬᠤᠷᠯᠤᠰ ᠤᠯᠤᠰ ᠢ ᠡᠷᠬᠡ ᠲᠤᠷ ᠢᠶᠠᠨ ᠤᠷᠤᠭᠤᠯᠪᠠᠢ︾ ᠬᠡᠵᠤ ᠪᠠᠶᠢᠳᠠᠭ᠃   ᠮᠦᠨ ᠤᠨ ᠳᠤ᠂ ᠴᠢᠩᠬᠢᠰ ᠬᠠᠭᠠᠨ ᠲᠠᠲ᠋ᠠᠷ ᠠᠶᠢᠮᠠᠭ ᠲᠠᠢ ᠭᠤᠷᠪᠠᠳᠠᠬᠢ ᠤᠳᠠᠭ᠎ᠠ ᠪᠠᠶᠢᠯᠳᠤᠵᠤ ᠮᠦᠬᠦᠬᠡᠬᠡᠳ ᠬᠡᠷᠴᠡᠬᠡᠢ ᠲᠤᠭᠰᠢᠨ ᠲᠠᠷᠤᠩᠭᠤᠢᠢᠯᠠᠯ ᠶᠠᠪᠤᠭᠤᠯᠵᠠᠢ᠃ ︽ᠰᠤᠳᠤᠷ ᠤᠨ ᠴᠢᠭᠤᠯᠭᠠᠨ︾ ᠤ ᠲᠡᠮᠳᠡᠭᠯᠡᠯ ᠠᠴᠠ ᠦᠵᠡᠪᠡᠯ ᠄ ᠴᠢᠩᠬᠢᠰ ᠬᠠᠭᠠᠨ ᠬᠠᠰᠠᠷ ᠲᠤ ᠮᠢᠩᠭᠠᠨ ᠲᠠᠲ᠋ᠠᠷᠴᠤᠳ ᠢ ᠦᠭᠴᠦ ᠪᠦᠬᠦᠳᠡ ᠶᠢ ᠠᠯᠠ ᠬᠡᠵᠡᠢ᠃ ᠬᠠᠰᠠᠷ᠂ ᠲᠠᠲ᠋ᠠᠷ ᠠᠶᠢᠮᠠᠭ ᠠᠴᠠ ᠡᠬᠡᠨᠡᠷ ᠠᠪᠤᠭᠰᠠᠨ ᠲᠤᠯᠠ ᠦᠪᠡᠷ ᠤᠨ ᠡᠬᠡᠨᠡᠷ ᠪᠠ ᠦᠬᠦᠯ ᠳᠤ ᠲᠤᠯᠭᠠᠷᠠᠭ᠎ᠠ ᠬᠦᠮᠦᠰ ᠲᠤ ᠦᠷᠦ ᠡᠪᠡᠳᠦᠭᠰᠡᠨ ᠠᠴᠠ ᠪᠤᠯᠵᠤ᠂ ᠲᠠᠪᠤᠨ ᠵᠠᠭᠤ ᠶᠢ ᠨᠢ ᠠᠯᠠᠵᠤ ᠲᠠᠪᠤᠨ ᠵᠠᠭᠤ ᠶᠢ ᠨᠢ ᠨᠢᠭᠤᠨ ᠲᠠᠯᠳᠠᠯᠠᠵᠠᠢ᠃ ᠬᠤᠵᠢᠮ  ᠨᠢ ᠡᠨᠡ ᠶᠠᠪᠤᠳᠠᠯ ᠢ ᠴᠢᠩᠬᠢᠰ ᠬᠠᠭᠠᠨ ᠤᠯᠵᠤ ᠮᠡᠳᠡᠬᠡᠳ ᠶᠡᠬᠡᠳᠡ ᠬᠢᠯᠢᠩᠨᠡᠨ ᠠᠭᠤᠷᠯᠠᠵᠤ ︽ᠵᠦᠴᠢ ᠬᠠᠰᠠᠷ ᠤᠨ ᠬᠢᠭᠰᠡᠨ ᠶᠠᠯ᠎ᠠ ᠲᠤᠳᠤᠷ᠎ᠠ᠂ ᠡᠨᠡ ᠪᠤᠯ ᠨᠢᠬᠡ ᠵᠤᠷᠪᠤᠰ ᠮᠦᠨ︕︾ ᠬᠡᠵᠤ ᠵᠠᠷᠯᠢᠬ ᠪᠤᠯᠤᠭᠰᠠᠨ ᠪᠠᠶᠢᠨ᠎ᠠ᠃      1203 ᠤᠨ ᠳᠤ᠂ ᠴᠢᠩᠬᠢᠰ ᠬᠠᠭᠠᠨ ᠬᠡᠷᠡᠶᠢᠳ ᠤᠨ ᠸᠠᠩ ᠬᠠᠨ ᠲᠠᠢ ᠮᠠᠭᠤ ᠦᠨᠳᠦᠷ ᠬᠡᠮᠡᠬᠦ ᠭᠠᠵᠠᠷ ᠲᠤ ᠪᠠᠶᠢᠯᠳᠤᠬᠤ ᠳᠤ᠂ ᠬᠠᠰᠠᠷ᠂ ᠴᠢᠩᠬᠢᠰ ᠠᠴᠠ ᠰᠠᠯᠤᠨ ᠭᠠᠭᠴᠠ ᠪᠦᠯᠦᠭ ᠢᠶᠠᠷ ᠠᠮᠢᠳᠤᠷᠠᠵᠤ ᠪᠠᠶᠢᠭᠰᠠᠨ ᠲᠤᠯᠠ ᠬᠡᠷᠡᠶᠢᠳ ᠲᠤ ᠲᠡᠶᠢᠯᠦᠭᠳᠡᠵᠦ᠂ ᠡᠮᠡᠰ ᠬᠡᠤᠬᠡᠳ᠂ ᠡᠳ᠋ ᠮᠠᠯ ᠢᠶᠠᠨ ᠴᠦᠮ ᠠᠯᠳᠠᠵᠤ᠂ ᠭᠠᠭᠴᠠ ᠬᠦᠤ ᠲᠠᠢ ᠪᠠᠨ ᠲᠠᠩ ᠮᠤᠷᠢ ᠪᠠᠷ ᠪᠦᠰᠡᠯᠡᠯᠳᠡ ᠶᠢ ᠰᠢᠪᠳᠤᠯᠤᠨ ᠭᠠᠷᠴᠤ ᠤᠯᠠᠨ ᠬᠦᠴᠢᠷ ᠪᠡᠷᠬᠡᠰᠢᠶᠡᠯ ᠢ ᠲᠠᠪᠠᠨ ᠪᠠᠯᠵᠤᠨ᠎ᠠ ᠨᠠᠭᠤᠷ  ᠲᠤ ᠠᠬ᠎ᠠ ᠲᠡᠮᠤᠵᠢᠨ ᠲᠠᠢ ᠪᠠᠨ ᠠᠭᠤᠯᠵᠠᠵᠠᠢ᠃ ᠡᠨᠡ ᠲᠤᠬᠠᠢ ︽ᠪᠤᠯᠤᠷ ᠲᠤᠯᠢ︾ ᠳᠤ ︽ᠬᠤᠶᠠᠭᠤᠯᠠ ᠪᠦᠷ ᠴᠤ ᠬᠦᠨᠡᠰᠤ ᠲᠠᠰᠤᠷᠠᠭᠠᠳ ᠬᠦᠮᠦᠨ ᠦᠬᠡᠢ ᠭᠠᠵᠠᠷ ᠲᠤᠯᠠ ᠶᠠᠭᠤᠢᠮᠴᠤ ᠦᠯᠦ ᠤᠯᠳᠠᠨ ᠴᠢᠬᠤᠯᠳᠠᠵᠤ ᠪᠦᠬᠦᠢ ᠳᠤᠷ ᠬᠤᠶᠢᠳᠤ ᠵᠦᠭ ᠠᠴᠠ ᠨᠢᠬᠡ ᠴᠢᠬᠢᠳᠠᠢ ᠬᠦᠶᠦᠵᠤ ᠢᠷᠡᠬᠦᠶ ᠳᠤᠷ ᠬᠠᠰᠠᠷ ᠬᠠᠷᠪᠤᠵᠤ ᠤᠨᠠᠭᠠᠭᠠᠳ᠂ ᠲᠤᠭ᠋ᠸ᠎ᠠ ᠦᠬᠡᠢ ᠲᠤᠯᠠ ᠴᠢᠬᠢᠳᠡᠢ ᠶᠢ ᠲᠤᠯᠤᠮ ᠦᠪᠴᠢᠨ᠂ ᠮᠢᠬ᠎ᠠ ᠶᠢ ᠬᠦᠰᠢᠭᠯᠡᠵᠦ ᠴᠢᠯᠠᠭᠤ ᠪᠠᠷ ᠬᠤᠷᠭᠤᠯᠵᠤ ᠢᠳᠡᠪᠡᠢ᠃ ᠲᠡᠮᠤᠵᠢᠨ ᠲᠡᠷᠡ ᠭᠤᠤᠯ ᠤᠨ ᠤᠰᠤᠨ ᠠᠴᠠ ᠤᠤᠭᠤᠨ᠂ ᠲᠡᠭᠷᠢ ᠳᠤᠷ ᠮᠦᠷᠬᠦᠵᠤ ᠦᠬᠦᠯᠡᠷᠤᠨ ︿ᠪᠢ ᠶᠡᠭᠡ ᠲᠦᠷᠦ  ᠶᠢ ᠪᠦᠳᠦᠬᠡᠪᠡᠰᠤ ᠲᠡᠨ ᠤ ᠯᠤᠭ᠎ᠠ ᠵᠢᠷᠭᠠᠯ ᠵᠤᠪᠠᠯ ᠢᠶᠠᠨ ᠨᠢᠬᠡᠳᠬᠡᠨ ᠶᠠᠪᠤᠶ᠎ᠠ᠃ ᠬᠡᠷᠪᠡ ᠪᠢ ᠡᠨᠡ ᠦᠬᠡ ᠪᠠᠨ ᠵᠦᠷᠢᠪᠡᠰᠤ ᠡᠨᠡ ᠭᠤᠤᠯ ᠲᠤᠷ ᠠᠳᠠᠯᠢᠬᠠᠨ ᠤᠷᠤᠰᠬᠠᠯ ᠢᠶᠠᠨ ᠲᠠᠰᠤᠷᠠᠶ᠎ᠠ᠃ ᠡᠨᠡ ᠭᠤᠤᠯ ᠤᠨ ᠤᠰᠤ ᠶᠢ ᠤᠤᠭᠤᠵᠤ ᠠᠮᠠᠯᠳᠤᠭᠰᠠᠨ ᠬᠦᠮᠦᠨ ᠦᠷ᠎ᠠ ᠶᠢᠨ ᠦᠷ᠎ᠠ ᠬᠦᠷᠳᠡᠯ᠎ᠠ ᠪᠠᠨ ᠬᠡᠷᠡᠭᠯᠡᠬᠦᠯᠳᠦᠬᠡᠢ﹀ ᠬᠡᠮᠡᠭᠰᠡᠨ ᠳᠤᠷ ᠬᠠᠰᠠᠷ ᠤᠶᠠᠷᠠᠵᠤ ᠨᠢᠳᠤᠨ ᠠᠴᠠ ᠪᠠᠨ ᠨᠢᠯᠪᠤᠰᠤ ᠭᠠᠷᠭᠠᠨ ᠤᠰᠤᠨ ᠠᠴᠠ ᠤᠤᠭᠤᠵᠤ ᠠᠮᠠᠯᠳᠤᠪᠠᠢ︾ ᠬᠡᠵᠤ ᠨᠠᠷᠢᠨ ᠲᠡᠮᠳᠡᠭᠯᠡᠵᠦ ᠪᠠᠶᠢᠨ᠎ᠠ᠃ ᠮᠦᠨ ᠲᠤᠰ ᠵᠢᠯ ᠤᠨ ᠨᠠᠮᠤᠷ᠂ ᠬᠠᠰᠠᠷ ᠬᠡᠷᠡᠶᠢᠳ ᠢ ᠮᠦᠬᠦᠬᠡᠭᠰᠡᠨ ︽ᠵᠡᠵᠡᠬᠡᠷ ᠦᠨᠳᠦᠷ ᠤᠨ ᠪᠠᠶᠢᠯᠳᠤᠭᠠᠨ︾ ᠳᠤ ᠤᠷᠤᠯᠴᠠᠵᠤ᠂ ᠴᠢᠩᠬᠢᠰ ᠬᠠᠭᠠᠨ ᠤ ᠪᠠᠶᠢᠯᠳᠤᠬᠤ ᠮᠡᠬᠡᠨ ᠳᠤ ᠬᠠᠭᠤᠷᠳᠠᠭᠳᠠᠨ ᠬᠠᠰᠠᠷ ᠲᠠᠢ ᠬᠤᠯᠪᠤᠭᠠᠯᠠᠬᠤ ᠪᠠᠷ ᠢᠷᠡᠭᠰᠡᠨ ᠸᠠᠩ ᠬᠠᠨ ᠤ ᠢᠳᠡᠬᠡᠯᠳᠦ ᠬᠦᠮᠦᠨ ᠢᠳᠦᠷᠬᠡᠨ ᠢ ᠴᠢᠩᠬᠢᠰ ᠪᠠᠷᠢᠨ ᠠᠪᠴᠤ ᠲᠡᠬᠦᠤ ᠬᠠᠰᠠᠷ ᠲᠤ ᠲᠤᠰᠢᠶᠠᠬᠤ ᠳᠤ᠂ ᠬᠠᠰᠠᠷ ᠢᠳᠦᠷᠬᠡᠨ ᠢ ᠴᠠᠪᠴᠢᠨ ᠠᠯᠠᠵᠠᠢ᠃      1204 ᠤᠨ ᠳᠤ᠂ ᠮᠤᠩᠭᠤᠯ ᠤᠨ ᠦᠨᠳᠦᠷᠯᠢᠭ ᠲᠠᠬᠢ ᠬᠠᠮᠤᠭ ᠤᠨ ᠶᠡᠭᠡ ᠠᠶᠢᠮᠠᠭ ᠨᠡᠢᠮᠡᠨ ᠢ ᠲᠠᠷᠤᠭᠰᠠᠨ ︽ᠨᠠᠬᠤ ᠬᠤᠨ ᠤ ᠪᠠᠶᠢᠯᠳᠤᠭᠠᠨ︾ ᠳᠤ ᠲᠦᠴᠢᠨ ᠨᠠᠰᠤᠳᠠᠢ ᠬᠠᠰᠠᠷ ᠭᠤᠤᠯ ᠤᠨ ᠴᠡᠷᠢᠭ ᠢ ᠵᠠᠬᠢᠷᠴᠤ᠂ ᠡᠷᠡᠯᠬᠡᠭ  ᠢᠶᠠᠷ ᠲᠠᠭᠠᠷᠢᠨ ᠪᠠᠶᠢᠯᠳᠤᠭᠰᠠᠨ ᠲᠤᠬᠠᠢ ︽ᠮᠤᠩᠭᠤᠯ ᠤᠨ ᠨᠢᠭᠤᠴᠠ ᠲᠤᠪᠴᠢᠶᠠᠨ︾ ᠤ ᠲᠤᠯᠤᠳᠤᠭᠠᠷ ᠪᠤᠳᠢ ᠳᠤ ᠲᠤᠳᠤᠷᠬᠠᠢ ᠲᠡᠮᠳᠡᠭᠯᠡᠭᠰᠡᠨ ᠪᠠᠶᠢᠳᠠᠭ᠃ ᠵᠠᠮᠤᠬ᠎ᠠ ᠠᠴᠠ ᠲᠠᠶᠠᠨ ᠬᠠᠨ ᠳᠤ ᠬᠡᠯᠡᠭᠰᠡᠨ ᠨᠢ᠄     ︽ᠦᠬᠡᠯᠤᠨ ᠡᠬᠡ ᠨᠢᠬᠡᠨ ᠬᠦᠤ ᠪᠠᠨ ᠬᠦᠮᠦᠨ ᠤ ᠮᠢᠬ᠎ᠠ ᠪᠠᠷ ᠲᠡᠵᠢᠬᠡᠵᠤ ᠪᠦᠯᠦᠬᠡ᠃       ᠭᠤᠷᠪᠠᠨ ᠠᠯᠳᠠ ᠪᠠᠶᠠᠳᠤ       ᠭᠤᠨᠵᠢᠨ ᠪᠤᠳᠠ ᠢᠳᠡᠰᠢᠳᠦ       ᠭᠤᠷᠪᠠᠨ ᠲᠠᠪᠬᠤᠷ ᠬᠤᠶᠠᠭ ᠡᠮᠤᠰᠴᠤ       ᠭᠤᠷᠪᠠᠨ ᠪᠤᠬ᠎ᠠ ᠵᠢᠳᠬᠦᠬᠦᠯᠵᠦ ᠠᠶᠢᠰᠤ ‍ᠶ᠎ᠠ᠃       ᠬᠤᠷᠳᠤ ᠬᠦᠮᠦᠨ ᠢ ᠬᠤᠳᠠᠯᠠ ᠶᠢ ᠵᠠᠯᠬᠢᠪᠠᠰᠤ       ᠬᠤᠭᠤᠯᠠᠢ ᠳᠤᠷ ᠢᠶᠠᠨ ᠦᠯᠦ ᠲᠤᠷᠳᠠᠶᠤ᠂       ᠬᠦᠪᠴᠢᠨ ᠡᠷ᠎ᠠ ᠶᠢ ᠡᠮᠬᠦᠪᠡᠰᠤ       ᠦᠷᠦ ᠦᠯᠦ ᠵᠠᠰᠠᠶᠤ᠃       ᠠᠭᠤᠷᠯᠠᠪᠠᠰᠤ       ᠠᠩᠬᠤᠭ᠎ᠠ ᠰᠤᠮᠤ ᠪᠠᠨ ᠲᠠᠯᠢᠵᠤ ᠲᠠᠯᠪᠢᠪᠠᠰᠤ       ᠠᠭᠤᠯᠠ ᠠᠯᠤᠰ ᠪᠦᠬᠦᠨ       ᠠᠷᠪᠠᠨ ᠬᠤᠷᠢᠨ ᠠᠷᠠᠨ ᠢ ᠦᠯᠬᠢᠳᠡᠯ᠎ᠠ ᠬᠠᠷᠪᠤᠶᠤ᠃       ᠬᠡᠷᠡᠯᠳᠦᠭᠰᠡᠨ ᠨᠦᠬᠦᠷ ᠢ       ᠬᠡᠬᠡᠷ᠎ᠠ ᠬᠡᠳᠦᠰ ᠪᠦᠬᠦᠨ ᠢ       ᠬᠡᠶᠢᠪᠤᠷ ᠰᠤᠮᠤ ᠪᠠᠨ ᠲᠠᠯᠢᠵᠤ ᠲᠠᠯᠪᠢᠪᠠᠰᠤ       ᠬᠡᠯᠬᠢᠳᠡᠯ᠎ᠠ ᠦᠯᠬᠡᠳᠡᠯ᠎ᠠ ᠬᠠᠷᠪᠤᠶᠤ︔       ᠶᠡᠬᠡᠳᠡ ᠲᠡᠯᠢᠵᠤ ᠬᠠᠷᠪᠤᠪᠠᠰᠤ       ᠶᠢᠰᠤᠨ ᠵᠠᠭᠤᠨ ᠠᠯᠳᠠ ᠭᠠᠵᠠᠷ᠎ᠠ ᠬᠠᠷᠪᠤᠶᠤ︔       ᠲᠠᠳᠠᠨ ᠲᠠᠯᠢᠵᠤ ᠬᠠᠷᠪᠤᠰᠤ       ᠲᠠᠪᠤᠨ ᠵᠠᠭᠤᠨ ᠠᠯᠳᠠ ᠭᠠᠵᠠᠷ᠎ᠠ ᠬᠠᠷᠪᠤᠶᠤ᠃       ᠬᠦᠮᠦᠨ ᠬᠦᠮᠦᠨ ᠠᠴᠠ ᠪᠤᠰᠤ       ᠬᠦᠷᠯᠡᠬᠦ ᠮᠠᠩᠭᠤᠰ ᠲᠦᠷᠦᠭᠰᠡᠨ ᠵᠦᠴᠢ ᠬᠠᠰᠠᠷ ᠬᠡᠮᠡᠭᠳᠡᠶᠤ︾ ᠬᠡᠵᠡᠢ᠃ ᠡᠨᠡ ᠨᠢ ᠬᠠᠪᠤᠳᠤ ᠬᠠᠰᠠᠷ ᠤᠨ ᠲᠦᠷᠬᠦ ᠲᠦᠯᠦᠪ᠂ ᠵᠠᠩ ᠠᠭᠠᠯᠢ᠂ ᠡᠷᠳᠡᠮ ᠴᠢᠳᠠᠯ ᠢ ᠵᠦᠢᠷᠯᠡᠯ ᠲᠠᠪᠠᠭᠤᠯᠤᠯ ᠤᠨ ᠠᠷᠭ᠎ᠠ ᠪᠠᠷ ᠭᠤᠶᠢᠳᠠ ᠰᠠᠶᠢᠬᠠ᠂ ᠠᠮᠢᠳᠤ ᠲᠦᠷᠰᠦᠯᠢᠭ ᠵᠢᠷᠤᠭᠯᠠᠨ ᠭᠠᠷᠭᠠᠵᠠᠢ ᠃ ᠡᠬᠦᠨ ᠢ ᠯᠢᠤ ᠶᠢᠨ ᠰᠦᠸᠧ ᠪᠠᠭᠰᠢ ᠠᠴᠠ ︽ᠬᠠᠰᠠᠷ ᠤᠨ ᠮᠠᠭᠳᠠᠭᠠᠯ︾ ᠬᠡᠵᠤ ᠲᠡᠮᠳᠡᠭᠯᠡᠭᠰᠡᠨ ᠪᠠᠶᠢᠨ᠎ᠠ᠃      ︽ᠪᠤᠯᠤᠷ ᠲᠤᠯᠢ︾ ᠳᠤ ᠲᠡᠮᠳᠡᠭᠯᠡᠭᠰᠡᠨ ᠠᠳᠠᠯᠢ ᠪᠤᠰᠤ ᠵᠦᠢᠯ ᠬᠡᠪᠡᠯ᠄ ᠵᠠᠷᠢᠮ ᠲᠦᠰᠢᠮᠡᠳ ᠨᠢ ᠡᠳᠦᠬᠡ ᠬᠠᠪᠤᠷ ᠴᠠᠭ ᠠᠭᠳᠠ ᠮᠤᠷᠢ ᠡᠴᠡᠩᠬᠡᠢ ᠲᠤᠯᠠ ᠨᠠᠮᠤᠷ ᠪᠤᠯᠵᠤ ᠴᠡᠷᠢᠭᠯᠡᠶ᠎ᠡ ᠬᠡᠵᠤ ᠬᠡᠯᠡᠬᠦ ᠳᠤ᠂ ᠬᠠᠰᠠᠷ ᠠᠴᠠ ︽ᠨᠠᠢᠮᠠᠨ ᠮᠠᠨ ᠤ ᠰᠤᠮᠤ ᠵᠠᠪᠠ ᠶᠢ ᠪᠤᠯᠢᠶᠠᠰᠤᠭᠠᠢ ᠬᠡᠮᠡᠭᠴᠢ ᠠᠨᠤ ᠮᠠᠨ ᠢ ᠴᠦᠮ ᠲᠤᠷᠤᠮᠵᠢᠯᠠᠭᠰᠠᠨ ᠦᠬᠡ ᠪᠤᠯᠠᠢ᠃ ᠲᠡᠷᠡ ᠦᠪᠡᠷ ᠤᠨ ᠪᠡᠶ᠎ᠠ ᠪᠠ ᠤᠯᠤᠰ ᠢᠶᠠᠨ ᠶᠡᠭᠡ ᠬᠡᠵᠤ ᠪᠠᠷᠳᠠᠮ ᠢᠶᠠᠷ ᠡᠷᠡᠮᠰᠢᠯᠡᠨ ᠬᠡᠯᠡᠮᠤᠢ᠃ ᠲᠡᠶᠢᠮᠤ ᠶᠢᠨ ᠲᠤᠯᠠ ᠪᠢ ᠲᠡᠬᠦᠨ᠎ᠠ ᠠᠮᠢ ᠲᠡᠯᠪᠢᠨ ᠠᠯᠠᠯᠳᠤᠰᠤᠭᠠᠢ᠂ ᠬᠠᠷᠢᠨᠴᠤ ᠲᠡᠬᠦᠨ ᠢ ᠴᠡᠷᠢᠭ ᠪᠡᠯᠡᠳᠬᠡᠳᠦᠢ ᠲᠡᠷᠤᠢ ᠢᠳᠡᠪᠴᠢᠯᠡᠨ ᠮᠤᠷᠳᠠᠪᠠᠰᠤ ᠵᠤᠬᠢᠬᠤ︾ ᠬᠡᠵᠤ ᠬᠡᠯᠡᠵᠡᠢ ︵︽ᠨᠢᠭᠤᠴᠠ ᠲᠤᠪᠴᠢᠶᠠᠨ︾ ᠳᠤ ᠪᠤᠯ ᠤᠳᠴᠢᠬᠢᠨ ᠨᠤᠶᠠᠨ᠂ ᠪᠡᠯᠬᠦᠳᠡᠢ ᠨᠤᠶᠠᠨ ᠬᠡᠯᠡᠭᠰᠡᠨ ᠢᠶᠠᠷ ᠲᠡᠮᠳᠡᠭᠯᠡᠵᠦ ᠪᠤᠢ᠃︶᠃ ᠴᠢᠩᠬᠢᠰ ᠬᠠᠭᠠᠨ ᠬᠠᠰᠠᠷ ᠤᠨ ᠰᠠᠨᠠᠭᠤᠯᠭ᠎ᠠ ᠶᠢ ᠵᠦᠪᠰᠢᠶᠡᠷᠡᠵᠦ ᠪᠠᠶᠢᠯᠳᠤᠭᠠᠨ ᠤ ᠪᠡᠯᠡᠳᠬᠡᠯ ᠬᠢᠵᠡᠢ᠃ ᠬᠠᠰᠠᠷ ᠦᠪᠡᠷ ᠢᠶᠠᠨ ᠴᠡᠷᠢᠭ ᠲᠡᠷᠢᠬᠦᠯᠡᠨ ᠮᠤᠷᠳᠠᠭᠠᠳ ᠶᠠᠪᠤᠵᠤ᠂ ᠮᠤᠩᠭᠤᠯ ᠤᠨ ᠴᠡᠷᠢᠭ ᠵᠠᠨᠳᠠᠰᠢ ᠠᠭᠤᠯᠠᠨ᠎ᠠ ︵︽ᠨᠢᠭᠤᠴᠠ ᠲᠤᠪᠴᠢᠶᠠᠨ︾ ᠳᠤ ᠮᠤᠩᠭᠤᠯ ᠴᠡᠷᠢᠭ ᠰᠠᠭᠠᠷᠢ ᠬᠡᠬᠡᠷ᠎ᠠ ᠲᠡᠯᠬᠡᠨ ᠪᠠᠭᠤᠵᠤ᠂ ᠨᠠᠬᠤ ᠭᠤᠨ ᠬᠡᠮᠡᠬᠦ ᠭᠠᠵᠠᠷ ᠨᠠᠢᠮᠠᠨ ᠲᠠᠢ ᠪᠠᠶᠢᠯᠳᠤᠭᠰᠠᠨ ᠬᠡᠳᠡᠭ︶ ᠪᠠᠭᠤᠪᠠᠢ᠃ ᠁ ᠨᠠᠢᠮᠠᠨ ᠤ ᠲᠠᠶᠠᠨ ᠬᠠᠨ ᠵᠢᠳᠡ ᠲᠠᠯᠠᠶᠢᠨ ᠭᠠᠷᠴᠤ ᠢᠷᠡᠳᠡᠯ᠎ᠠ᠂ ᠬᠠᠪᠤᠳᠤ ᠬᠠᠰᠠᠷ ᠮᠦᠨ ᠵᠢᠳᠡ ᠪᠠᠷᠢᠨ ᠭᠠᠷᠤᠭᠠᠳ ᠬᠤᠶᠠᠭᠤᠯᠠ ᠲᠤᠯᠤᠯᠴᠠᠵᠤ᠂ ᠭᠤᠴᠢ ᠲᠦᠴᠢᠨ ᠦᠶ᠎ᠠ ᠡᠷᠬᠢᠯᠳᠤᠨ ᠨᠠᠮᠨᠠᠬᠤ ᠳᠤ ᠲᠠᠶᠠᠨ ᠬᠠᠨ ᠤ ᠴᠡᠷᠢᠭ ᠤᠨ ᠰᠠᠮᠠᠬᠤᠷ ᠨᠠᠷᠠᠳᠤ ᠵᠠᠩᠵᠤᠨ ᠬᠡᠯᠡᠭᠰᠡᠨ ᠨᠢ ︽ᠡᠷᠳᠡ ᠪᠠᠷ ᠮᠤᠩᠭᠤᠯ ᠤᠨ ᠴᠡᠷᠢᠭ ᠢ ᠬᠡᠳᠦᠨ ᠦᠶ᠎ᠠ ᠲᠠᠶᠢᠯᠤᠨ ᠶᠠᠪᠤᠯᠤᠭ᠎ᠠ᠃ ᠲᠡᠷᠡ ᠴᠠᠭᠳᠤᠷ ᠬᠤᠨᠢᠨ ᠤ ᠨᠢᠯᠬ᠎ᠠ ᠬᠤᠷᠠᠭ᠎ᠠ ᠠᠳᠠᠯᠢᠬᠠᠨ ᠠᠷᠠᠰᠤᠳᠠᠢ ᠬᠤᠬᠢᠰᠠᠳᠠᠢ ᠢᠳᠡᠭᠳᠡᠬᠦ ᠬᠡᠷᠢ ᠪᠦᠯᠦᠬᠡ︖ ᠡᠳᠦᠬᠡ ᠦᠵᠡᠪᠡᠰᠤ ᠡᠨᠡ ᠬᠦᠮᠦᠨ ᠲᠡᠭᠷᠢ ᠶᠢᠨ ᠪᠠᠭᠠᠳᠤᠷ ᠮᠡᠳᠦ ᠪᠦᠬᠡᠳ ᠴᠡᠷᠢᠭ ᠵᠠᠬᠢᠷᠤᠭᠰᠠᠨ ᠠᠨᠤ ᠴᠢᠩᠳᠡ ᠢᠳᠡ ᠬᠦᠴᠦᠨ ᠠᠨᠤ ᠤᠷᠢᠳᠠᠬᠢ ᠠᠴᠠ ᠦᠪᠡᠷ᠎ᠠ ᠲᠤᠯᠠ ᠪᠢᠳᠡ ᠬᠡᠷᠬᠢᠪᠡᠴᠤ ᠲᠠᠶᠢᠯᠠᠳᠤᠮᠤᠢ᠃ ᠡᠶᠢᠮᠤ ᠶᠢᠨ ᠲᠤᠯᠠ ᠬᠤᠶᠢᠰᠢ ᠪᠤᠴᠠᠵᠤ ᠨᠤᠳᠤᠭ ᠢᠶᠠᠨ ᠴᠢᠩᠳᠡᠯᠡᠨ ᠰᠠᠬᠢᠪᠠᠰᠤ ᠵᠤᠬᠢᠮᠤᠢ︾ ᠬᠡᠵᠤ ᠬᠡᠯᠡᠬᠡᠳ ᠪᠤᠴᠠᠵᠤ ᠤᠳᠤᠬᠰᠠᠨ ᠪᠠᠶᠢᠨ᠎ᠠ᠃ ᠬᠠᠰᠠᠷ ᠨᠢᠬᠡᠨ ᠦᠶ᠎ᠠ ᠠᠯᠠᠯᠳᠤᠭᠠᠳ ︽ᠮᠤᠷᠢ ᠶᠠᠳᠠᠪᠠᠢ᠃ ᠠᠮᠤᠷᠠᠭᠠᠳ ᠲᠡᠬᠢᠵᠤ ᠠᠯᠠᠯᠳᠤᠶ᠎ᠠ︾ ᠬᠡᠳ ᠵᠢᠯᠤᠭᠤ ᠪᠠᠨ ᠡᠷᠬᠢᠬᠦᠯᠦᠨ ᠪᠤᠴᠠᠶ᠎ᠠ ᠬᠡᠳᠡᠯ᠎ᠠ ᠲᠠᠶᠠᠨ ᠬᠠᠨ ᠡᠷᠡᠮᠰᠢᠯᠡᠵᠤ ᠵᠢᠯᠤᠭᠤ ᠪᠠᠨ ᠲᠠᠯᠪᠢᠨ ᠬᠠᠰᠬᠢᠷᠤᠭᠠᠳ ᠬᠦᠬᠡᠬᠡᠨ ᠢᠷᠡᠬᠦᠢ ᠳᠤ ᠬᠠᠰᠠᠷ ᠮᠠᠰᠢ ᠠᠶᠤᠮᠰᠢᠬ ᠦᠬᠡᠢ ᠶᠠᠪᠤᠵᠤ ᠤᠢᠢᠷ᠎ᠠ ᠬᠦᠷᠴᠤ ᠢᠷᠡᠬᠦ ᠳᠤᠨᠢ ᠨᠢᠬᠡᠨ ᠰᠤᠮᠤ ᠤᠨᠢᠯᠠᠭᠠᠳ᠂ ᠭᠠᠭᠴᠠ ᠤᠨᠢᠨ ᠲᠡᠬᠡᠷ᠎ᠠ ᠲᠠᠶᠠᠨ ᠬᠠᠨ ᠤ ᠨᠢᠭᠤᠷ ᠢ ᠰᠢᠪᠳᠤ ᠬᠠᠷᠪᠤᠨ ᠤᠨᠤᠵᠤ᠂ ᠬᠠᠰᠠᠷ ᠲᠡᠬᠢᠨ ᠪᠤᠴᠠᠵᠤ ᠬᠠᠰᠬᠢᠷᠤᠭᠠᠳ᠂ ᠪᠠᠳᠤ ᠲᠠᠪᠤᠨᠠᠩ ᠴᠡᠷᠢᠭ ᠤᠳᠤᠷᠢᠳᠳᠤᠨ ᠴᠠᠪᠴᠢᠨ ᠤᠷᠤᠪᠠᠢ ᠁ ᠬᠡᠬᠦ ᠮᠡᠳᠦ ᠪᠠᠷ ᠲᠤᠰ ᠪᠠᠶᠢᠯᠳᠤᠭᠠᠨ ᠤ ᠲᠤᠬᠠᠢ ᠨᠠᠷᠢᠨ ᠲᠦᠷᠰᠦᠯᠡᠵᠦ ᠦᠬᠦᠯᠡᠬᠦ ᠳᠡᠭᠡᠨ ᠬᠠᠰᠠᠷ ᠤᠨ ᠡᠷᠡᠯᠬᠡᠭ ᠵᠤᠷᠢᠭ᠂ ᠠᠷᠭ᠎ᠠ ᠰᠠᠮᠪᠠᠭ᠎ᠠ ᠶᠢ ᠲᠤᠪᠤᠶᠢᠯᠭᠠᠨ ᠢᠯᠡᠳᠬᠡᠭᠰᠡᠨ ᠪᠠᠶᠢᠳᠠᠭ᠃   ᠮᠦᠨ ᠡᠨᠡ ᠪᠠᠶᠢᠯᠳᠤᠭᠠᠨ ᠳᠤ ᠨᠠᠢᠮᠠᠨ ᠤ ᠲᠠᠶᠠᠨ ᠬᠠᠨ ᠤ ᠪᠠᠭᠰᠢ ᠪᠦᠬᠡᠳ ᠠᠯᠳᠠᠨ ᠲᠠᠮᠠᠭ᠎ᠠ ᠬᠠᠮᠢᠶᠠᠷᠳᠠᠭ ᠲᠠᠮᠠᠭᠠᠨ ᠲᠦᠰᠢᠮᠡᠯ ᠤᠢᠢᠭᠤᠷ ᠤᠨ ᠲᠠᠳᠠᠳᠤᠩᠭ᠎ᠠ ᠶᠢ ᠬᠠᠰᠠᠷ ᠠᠮᠢᠳᠤ ᠪᠠᠷ ᠪᠠᠷᠢᠪᠴᠢᠯᠠᠵᠤ᠂ ᠲᠡᠬᠦᠨ ᠢᠶᠠᠷ ᠪᠠᠭᠰᠢ ᠪᠤᠯᠭᠠᠨ ᠪᠢᠴᠢᠭ ᠬᠠᠤᠯᠢ᠂ ᠴᠡᠷᠢᠭ ᠤᠨ ᠪᠤᠳᠤᠯᠭ᠎ᠠ ᠵᠡᠷᠬᠡ ᠤᠯᠠᠨ ᠵᠦᠢᠯ ᠤᠨ ᠪᠢᠴᠢᠭ ᠤᠳᠬ᠎ᠠ ᠶᠢ ᠵᠢᠭᠠᠯᠭᠠᠵᠤ᠂ ᠤᠳᠠᠯ ᠦᠬᠡᠢ ᠰᠤᠷᠴᠠᠢ ③᠃      ᠴᠢᠩᠬᠢᠰ ᠤᠨ ᠬᠡᠳᠦᠨ ᠲᠡᠬᠦᠤ ᠨᠠᠷ ᠤᠨ ᠲᠤᠳᠤᠷ᠎ᠠ ᠠᠴᠠ ᠬᠠᠰᠠᠷ ᠪᠤᠯ ᠡᠷ᠎ᠠ ᠴᠢᠳᠠᠯ᠂ ᠡᠷᠡᠯᠬᠡᠭ ᠵᠤᠷᠢᠭ ᠬᠡᠳᠦ᠋ᠢᠳᠦᠭᠰᠡᠨ᠂ ᠭᠠᠪᠢᠶ᠎ᠠ ᠵᠢᠳᠬᠦᠯ ᠠᠷᠪᠢᠨ ᠪᠠᠶᠢᠭᠤᠯᠵᠤ᠂ ᠢᠳᠡᠬᠡᠯ ᠬᠦᠨᠳᠤ ᠨᠢ ᠬᠠᠮᠤᠭ ᠤᠨ ᠶᠡᠭᠡ ᠶᠤᠮ᠃ ᠲᠡᠬᠡᠬᠦᠯᠡᠷ᠂ ᠮᠤᠬᠤᠷ ᠪᠢᠰᠢᠷᠡᠯ ᠤᠨ ᠪᠠᠭᠠᠵᠢ ᠶᠢ ᠠᠰᠢᠭᠯᠠᠵᠤ᠂ ᠮᠤᠩᠭᠤᠯ ᠤᠨ ᠬᠠᠭᠠᠨᠳᠤ ᠲᠦᠷᠦ ᠶᠢᠨ ᠡᠷᠬᠡ ᠶᠢ ᠪᠤᠯᠢᠶᠠᠬᠤ ᠬᠡᠰᠡᠨ ᠤᠯᠤᠰ ᠲᠦᠷᠦ ᠶᠢᠨ ᠵᠡᠷᠯᠢᠭ ᠰᠠᠨᠠᠭᠠᠳᠠᠨ ᠲᠡᠪ ᠲᠡᠭᠷᠢ ︵ᠪᠦᠬᠡ︶ — ᠬᠦᠬᠡᠴᠤ ᠵᠡᠷᠬᠡ ᠠᠬ᠎ᠠ ᠲᠡᠬᠦᠤ ᠲᠤᠯᠤᠭᠤᠯᠠ᠂ ᠬᠠᠰᠠᠷ ᠢ ᠬᠠᠮᠤᠭ ᠤᠨ ᠶᠡᠭᠡ ᠬᠠᠷᠰᠢ ᠰᠠᠭᠠᠳ ᠬᠡᠵᠤ ᠦᠵᠡᠵᠡᠢ᠃ ᠴᠢᠩᠬᠢᠬᠡᠳ᠂ 1206 ᠤᠨ ᠳᠤ ᠴᠢᠩᠬᠢᠰ ᠬᠠᠭᠠᠨ ᠶᠡᠭᠡ ᠤᠷᠤ ᠰᠠᠭᠤᠭᠰᠠᠨ ᠠᠴᠠ ᠨᠠᠭᠠᠰᠢ᠂ ᠲᠡᠳᠡ ᠬᠠᠰᠠᠷ ᠪᠠ ᠴᠢᠩᠬᠢᠰ ᠬᠠᠭᠠᠨ ᠬᠤᠶᠠᠷ ᠢ ᠬᠠᠭᠠᠴᠠᠭᠤᠯᠤᠨ ᠵᠠᠪᠰᠠᠷᠳᠠᠭᠤᠯᠬᠤ ᠤᠪ ᠶᠠᠪᠤᠭᠤᠯᠤᠯᠭ᠎ᠠ ᠪᠠᠨ ᠤᠯᠠᠨᠳᠠ ᠬᠢᠵᠡᠢ᠃ ᠴᠢᠩᠬᠢᠰ ᠬᠠᠭᠠᠨ᠂ ᠲᠡᠪ ᠲᠡᠭᠷᠢ ᠶᠢᠨ ᠤᠪ ᠮᠡᠭᠡ ᠶᠢ ᠢᠳᠡᠬᠡᠵᠤ᠂ ᠲᠡᠬᠦᠤ ᠬᠠᠰᠠᠷ ᠢᠶᠠᠨ ᠰᠢᠳᠬᠡᠭᠰᠡᠨ ᠳᠤ ᠬᠠᠰᠠᠷ ᠭᠤᠮᠤᠳᠠᠵᠤ᠂ ᠠᠬ᠎ᠠ  ᠠᠴᠠ ᠪᠠᠨ ᠰᠠᠯᠵᠤ ᠶᠠᠪᠤᠭᠰᠠᠨ ᠤᠳᠠᠭ᠎ᠠ ᠴᠤ ᠪᠤᠢ᠃ ᠬᠡᠪᠡᠴᠤ᠂ ᠬᠠᠰᠠᠷ ︽ᠬᠦᠢ ᠡᠯᠢᠬᠡᠨ ᠠᠴᠠ ᠪᠠᠨ ᠬᠠᠭᠠᠴᠠᠪᠠᠰᠤ ᠂ ᠬᠦᠨᠳᠡᠯᠡᠨ ᠬᠦᠮᠦᠨ ᠤ ᠢᠳᠡᠰᠢ ᠪᠤᠯᠤᠮ᠎ᠠ ‍ᠶ᠎ᠠ᠂ ᠦᠨᠦᠷ ᠬᠦᠮᠦᠨ ᠠᠴᠠ ᠪᠠᠨ ᠬᠠᠭᠠᠴᠠᠪᠠᠰᠤ ᠦᠨᠦᠴᠢᠨ ᠬᠦᠮᠦᠨ ᠤ ᠢᠳᠡᠰᠢ ᠪᠤᠯᠤᠮ᠎ᠠ ‍ᠶ᠎ᠠ︾ ᠬᠡᠰᠡᠨ ᠰᠦᠪᠡᠬᠡᠳᠡᠢ ᠪᠠᠭᠠᠳᠤᠷ ᠤᠨ ᠢᠳᠬᠠᠯ ᠢ ᠵᠦᠪᠰᠢᠶᠡᠵᠤ᠂ ᠴᠢᠩᠬᠢᠰ ᠬᠠᠭᠠᠨ ᠲᠠᠢ ᠬᠦᠴᠦᠨ ᠨᠢᠬᠡᠳᠦᠨ ᠠᠵᠢᠯᠯᠠᠭᠰᠠᠨ ᠪᠠᠶᠢᠨ᠎ᠠ ④᠃ ︽ᠰᠤᠳᠤᠷ ᠤᠨ ᠴᠢᠭᠤᠯᠭᠠᠨ︾ ᠳᠤ᠂ ᠬᠡᠳᠦ᠋ᠢᠪᠡᠷ ᠴᠢᠩᠬᠢᠰ ᠬᠠᠭᠠᠨ ᠸᠠᠩ ᠬᠠᠨ ᠲᠠᠢ ᠪᠠᠶᠢᠯᠳᠤᠬᠤ ᠦᠶ᠎ᠠ ᠳᠤ ᠬᠠᠰᠠᠷ ᠲᠡᠬᠦᠨ ᠠᠴᠠ ᠰᠠᠯᠤᠨ ᠶᠠᠪᠤᠵᠤ᠂ ᠪᠠᠰᠠ ᠬᠡᠳᠦ ᠤᠳᠠᠭ᠎ᠠ ᠦᠬᠡᠷ᠎ᠠ ᠶᠠᠪᠤᠳᠠᠯ ᠭᠠᠷᠴᠤ᠂ ᠪᠤᠷᠤᠭᠤ ᠨᠢ ᠬᠠᠰᠠᠷ ᠤᠨ ᠪᠡᠶ᠎ᠠ ᠲᠡᠬᠡᠷ᠎ᠠ ᠪᠠᠭᠤᠭᠰᠠᠨ ᠴᠤ᠂ ᠨᠠᠢᠮᠠᠨ ᠤ ᠲᠠᠶᠠᠨ ᠬᠠᠨ  ᠲᠠᠢ ᠪᠠᠶᠢᠯᠳᠤᠬᠤ ᠳᠤ ᠴᠢᠩᠬᠢᠰ ᠬᠠᠭᠠᠨ᠂ ᠦᠪᠡᠷ ᠤᠨ ᠭᠤᠤᠯ ᠤᠨ ᠴᠡᠷᠢᠭ ᠢᠶᠠᠨ ᠬᠠᠰᠠᠷ ᠢᠶᠠᠷ ᠵᠠᠬᠢᠷᠤᠭᠤᠯᠤᠭᠰᠠᠨ ᠪᠠᠶᠢᠨ᠎ᠠ ᠬᠡᠵᠤ ᠲᠡᠮᠳᠡᠭᠯᠡᠵᠦ ᠪᠠᠶᠢᠨ᠎ᠠ᠃ ︽ᠪᠤᠯᠤᠷ ᠲᠤᠯᠢ︾ ᠳᠤ ᠸᠠᠩ ᠬᠠᠨ ᠢ ᠰᠦᠨᠦᠬᠡᠭᠰᠡᠨ ᠤ ᠬᠤᠶᠢᠨ᠎ᠠ᠂ ᠴᠢᠩᠬᠢᠰ ᠬᠠᠭᠠᠨ ᠬᠠᠰᠠᠷ ᠯᠤᠭ᠎ᠠ ᠪᠠᠨ ᠨᠠᠶᠢᠯᠠᠨ ᠲᠡᠮᠬᠡᠢ ᠨᠡᠷᠡᠳᠦ ᠠᠭᠤᠯᠠᠨ᠎ᠠ ᠠᠪᠠᠯᠠᠵᠤ᠂ ᠴᠠᠭᠠᠵᠠ ᠬᠠᠤᠯᠢ ᠲᠤᠭᠳᠠᠭᠠᠨ ᠵᠠᠷᠯᠠᠭᠠᠳ᠂ ᠬᠠᠰᠠᠷ ᠤᠨ ᠲᠡᠶᠢᠯᠦᠭᠰᠡᠨ ᠬᠦᠴᠦᠨ ᠢ ᠠᠯᠳᠠᠷᠰᠢᠭᠤᠯᠤᠨ ᠨᠤᠳᠤᠭ ᠲᠠᠭᠠᠨ ᠪᠠᠭᠤᠪᠠᠢ ᠬᠡᠵᠤ ᠪᠠᠶᠢᠳᠠᠭ᠃      ᠪᠠᠷᠤᠭ 1210 ᠤᠨ ᠤ ᠦᠶ᠎ᠠ ᠳᠤ᠂ ᠴᠢᠩᠬᠢᠰ ᠬᠠᠭᠠᠨ ᠲᠡᠪ ᠲᠡᠭᠷᠢ ᠶᠢᠨ ᠲᠦᠷᠦ ᠶᠢᠨ ᠬᠤᠪᠢᠰᠤᠯ ᠭᠠᠷᠭᠠᠬᠤ ᠦᠳᠦᠬᠡᠯᠬᠡ ᠶᠢ ᠦᠵᠡᠵᠦ ᠭᠠᠷᠤᠭᠠᠳ ᠲᠡᠪ ᠲᠡᠭᠷᠢ — ᠬᠦᠬᠡᠴᠤ ᠶᠢ ᠰᠢᠳᠬᠡᠭᠰᠡᠨ ᠪᠠᠶᠢᠨ᠎ᠠ᠃ ︽ᠨᠢᠭᠤᠴᠠ ᠲᠤᠪᠴᠢᠶᠠᠨ︾ ᠳᠤ ᠪᠤᠯ ᠤᠳᠴᠢᠬᠢᠨ ᠨᠤᠶᠠᠨ ᠭᠤᠷᠪᠠᠨ ᠪᠦᠬᠡᠴᠢᠨ ᠪᠡᠯᠡᠳᠬᠡᠵᠤ᠂ ᠮᠡᠩᠯᠢᠭ ᠡᠴᠢᠬᠡ ᠲᠤᠯᠤᠭᠠᠨ ᠬᠦᠤ ᠪᠠᠨ ᠲᠠᠭᠠᠭᠤᠯᠵᠤ ᠢᠷᠡᠭᠰᠡᠨ ᠳᠤ᠂ ᠤᠳᠴᠢᠬᠢᠨ ᠲᠡᠪ ᠲᠡᠭᠷᠢ ᠶᠢ ᠭᠠᠳᠠᠨ᠎ᠠ ᠴᠢᠷᠴᠤ ᠭᠠᠷᠴᠤ᠂ ᠭᠤᠷᠪᠠᠨ ᠪᠦᠬᠡᠴᠢᠨ ᠲᠡᠪ ᠲᠡᠭᠷᠢ ᠶᠢᠨ ᠨᠢᠷᠤᠭᠤ ᠶᠢ ᠬᠤᠭᠤᠯᠵᠤ ᠠᠯᠠᠭᠰᠠᠨ ᠢᠶᠠᠷ ᠲᠡᠮᠳᠡᠭᠯᠡᠵᠦ ᠪᠠᠶᠢᠨ᠎ᠠ᠃ ᠬᠡᠳᠡᠯ᠎ᠠ᠂ ︽ᠰᠤᠳᠤᠷ ᠤᠨ ᠴᠢᠭᠤᠯᠭᠠᠨ︾ ᠳᠤ ᠪᠤᠯ ᠴᠢᠩᠬᠢᠰ ᠬᠠᠭᠠᠨ᠂ ᠵᠦᠴᠢ ᠬᠠᠰᠠᠷ ᠲᠠᠢ ᠵᠦᠪᠳᠡᠯᠴᠡᠨ ᠰᠢᠢᠳᠪᠤᠷᠢ ᠭᠠᠷᠭᠠᠵᠤ᠂ ᠲᠡᠪ ᠲᠡᠭᠷᠢ ᠶᠢ ᠤᠷᠳᠤᠨ ᠳᠤ ᠢᠷᠡᠵᠤ ᠲᠡᠬᠦᠨ ᠳᠤ ᠬᠠᠮᠢᠶ᠎ᠠ ᠦᠬᠡᠢ ᠠᠯᠢᠪᠠ ᠤᠴᠢᠷ ᠢ ᠬᠠᠮᠢᠶᠠᠷᠬᠤ ᠦᠶ᠎ᠠ ᠳᠤ᠂ ᠬᠠᠰᠠᠷ ᠲᠡᠬᠦᠨ ᠢ ᠬᠤᠶᠠᠷ ᠭᠤᠷᠪᠠ ᠢᠰᠬᠦᠯᠦᠬᠡᠳ ᠤᠷᠳᠤᠨ ᠠᠴᠠ ᠴᠢᠯᠠᠭᠤᠳᠠᠨ ᠭᠠᠷᠭᠠᠵᠤ ᠠᠯᠠᠭᠰᠠᠨ  ᠢᠶᠠᠷ ᠲᠡᠮᠳᠡᠭᠯᠡᠵᠦ ᠪᠠᠶᠢᠨ᠎ᠠ᠃        1211 ᠤᠨ ᠳᠤ ᠴᠢᠩᠬᠢᠰ ᠬᠠᠭᠠᠨ ᠠᠯᠳᠠᠨ ᠤᠯᠤᠰ ᠢ ᠠᠩᠬ᠎ᠠ ᠤᠳᠠᠭ᠎ᠠ ᠲᠠᠶᠢᠯᠠᠬᠤ ᠳᠤ ᠬᠠᠰᠠᠷ ᠴᠤᠬᠤᠮ ᠬᠠᠮᠳᠤ ᠶᠠᠪᠤᠭᠰᠠᠨ ᠡᠰᠡᠬᠦ ᠶᠢ ︽ᠨᠢᠭᠤᠴᠠ ᠲᠤᠪᠴᠢᠶᠠᠨ︾ ᠳᠤ ᠲᠡᠮᠳᠡᠭᠯᠡᠭᠡ ᠦᠬᠡᠢ᠃ ᠬᠠᠷᠢᠨ 1213 ᠤᠨ ᠳᠤ ︵ᠵᠠᠷᠢᠮ ᠨᠤᠮ ᠳᠤ 1214 ᠤᠨ ᠬᠡᠵᠤ ᠪᠤᠢ︶ ᠴᠢᠩᠬᠢᠰ ᠬᠠᠭᠠᠨ ᠪᠦᠬᠦ ᠴᠡᠷᠢᠭ ᠢᠶᠠᠨ ᠭᠤᠷᠪᠠᠨ ᠵᠠᠮ ᠬᠤᠪᠢᠶᠠᠨ ᠠᠯᠳᠠᠨ ᠤᠯᠤᠰ ᠤᠨ ᠠᠷᠤ ᠲᠡᠯ᠎ᠠ ᠶᠢᠨ ᠬᠦᠨ ᠲᠡᠶᠢᠰᠢ ᠲᠤᠪᠳᠤᠯᠬᠤ ᠳᠤ ᠬᠠᠰᠠᠷ ᠵᠡᠬᠦᠨ ᠵᠠᠮ ᠤᠨ ᠴᠡᠷᠢᠭ ᠢ ᠤᠳᠤᠷᠢᠳᠴᠤ᠂ ᠲᠡᠯᠡᠢ ᠲᠠᠭᠠᠤ ᠵᠡᠬᠦᠨᠰᠢ ᠲᠤᠪᠳᠤᠯᠵᠤ᠂ ᠵᠢᠶ᠋ᠸᠤ ︵ᠾᠧᠪᠧᠢ ᠮᠤᠵᠢ ᠶᠢᠨ ᠵᠢᠢ ᠰᠢᠶᠠᠨ︶᠂ ᠯᠦᠸᠧᠵᠸᠤ ︵ᠾᠧᠪᠧᠢ ᠮᠤᠵᠢ ᠶᠢᠨ ᠯᠦᠸᠠᠨ ᠰᠢᠶᠠᠨ︶ ᠪᠠ ᠯᠢᠶᠤᠤᠰᠢ ᠶᠢᠨ ᠡᠯ᠎ᠠ ᠭᠠᠵᠠᠷ ᠤᠳ ᠢ ᠪᠠᠶᠢᠯᠳᠤᠨ ᠠᠪᠤᠭᠰᠠᠨ ᠲᠤᠬᠠᠢ ︽ᠬᠠᠰᠠᠷ᠂ ᠪᠡᠬᠡᠵᠢᠩ ᠪᠠᠯᠭᠠᠰᠤᠨ ᠤᠷᠤᠭᠤᠯᠵᠤ᠂ ᠵᠦᠷᠴᠢᠳ ᠤᠨ ᠹᠦᠬᠠᠨᠤ ︵ᠬᠦᠮᠦᠨ ᠤ ᠨᠡᠷ᠎ᠠ ︶ ᠶᠢ ᠡᠯᠰᠡᠬᠦᠯᠵᠦ᠂ ᠮᠤᠷᠢ ᠪᠦᠷᠢ ᠪᠠᠯᠭᠠᠰᠤᠨ ︵ᠵᠠᠮ ᠲᠠᠭᠠᠤ ᠪᠠᠯᠬᠠᠰᠤᠨ︶ ᠢ ᠤᠷᠤᠭᠤᠯᠤᠭᠠᠳ᠂ ᠬᠠᠰᠠᠷ ᠲᠠᠤᠤᠷ ᠮᠦᠷᠢᠨ ᠦᠬᠡᠳᠡ ᠢᠷᠡᠵᠤ ᠶᠡᠭᠡ ᠠᠭᠤᠷᠤᠭ ︵ᠤᠷᠳᠤ︶ ᠲᠤᠷ ᠪᠠᠭᠤᠵᠤ ᠢᠷᠡᠪᠡᠢ︾ ᠬᠡᠵᠤ ︽ᠨᠢᠭᠤᠴᠠ ᠲᠤᠪᠴᠢᠶᠠᠨ︾ ᠳᠤ ᠪᠠᠶᠢᠳᠠᠭ᠃        ᠲᠡᠬᠡᠷ᠎ᠠ ᠨᠢᠬᠡᠨᠳᠡ ᠬᠡᠯᠡᠵᠦ ᠦᠡᠭᠬᠡᠷᠡᠭᠰᠡᠨ ᠮᠡᠳᠦ ᠪᠠᠷ ᠬᠠᠰᠠᠷ ᠤᠨ ᠲᠤᠬᠠᠢ ᠴᠢᠮᠡᠭᠡ ︽ᠮᠤᠩᠭᠤᠯ ᠤᠨ ᠨᠢᠭᠤᠴᠠ ᠲᠤᠪᠴᠢᠶᠠᠨ︾ ᠳᠤ ᠠᠳᠡ ᠬᠦᠷᠦᠬᠡᠳ ᠦᠨᠳᠦᠰᠦᠨ ᠳᠡᠭᠡᠨ ᠲᠠᠰᠤᠷᠠᠵᠤ᠂ ᠴᠢᠩᠬᠢᠰ ᠬᠠᠭᠠᠨ 1219 ᠤᠨ ᠳᠤ ᠴᠡᠷᠢᠭ ᠲᠠᠶᠢᠴᠢᠯᠠᠨ ᠰᠠᠷᠳᠠᠭᠤᠯ ᠳᠤ ᠮᠤᠷᠢᠯᠠᠭᠰᠠᠨ᠂ ᠪᠠᠰᠠ ᠤᠮᠠᠷᠠᠳᠤ ᠡᠨᠡᠳᠬᠡᠭ᠂ ᠪᠠᠭᠳᠠᠳ᠋᠂ ᠬᠢᠪᠴᠠᠭ᠂ ᠤᠷᠤᠰ ᠵᠡᠷᠬᠡ ᠤᠯᠤᠰ ᠦᠨᠳᠦᠰᠦᠳᠡᠨ ᠢ ᠡᠵᠡᠯᠡᠬᠦᠯᠬᠦ ᠪᠠᠷ ᠲᠤᠰᠪᠤᠷᠢ ᠴᠡᠷᠢᠭ ᠮᠤᠷᠳᠠᠭᠤᠯᠤᠭᠰᠠᠨ ᠪᠠ 1226 ᠤᠨ ᠳᠤ ᠲᠠᠩᠭᠤᠳ ᠲᠤ ᠴᠡᠷᠢᠭ ᠶᠠᠪᠤᠭᠤᠯᠤᠨ ᠮᠦᠬᠦᠬᠡᠭᠰᠡᠨ ᠵᠡᠷᠬᠡ ᠴᠢᠬᠤᠯᠠ ᠲᠤᠮᠤ ᠲᠡᠤᠬᠡ ᠶᠢᠨ ᠬᠡᠷᠡᠭ ᠶᠠᠪᠤᠳᠠᠯ ᠳᠤ ᠬᠠᠰᠠᠷ ᠤᠨ ᠲᠤᠬᠠᠢ ᠨᠢᠬᠡ ᠴᠤ ᠦᠬᠡ ᠲᠤᠷᠠᠳᠤᠭ᠎ᠠ ᠦᠬᠡᠢ᠃      ᠤᠳᠤ ᠪᠢᠳᠡ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠡ ᠦᠬᠡᠢ ᠴᠢᠬᠤᠯᠠ ᠴᠢᠬᠤᠯᠠ ᠲᠡᠤᠬᠡ ᠶᠢᠨ ᠬᠡᠷᠡᠭ ᠶᠠᠪᠤᠳᠠᠯ ᠤᠳ ᠢ ᠲᠡᠮᠳᠡᠭᠯᠡᠭᠰᠡᠨ ︽ᠬᠤᠷᠢᠶᠠᠩᠭᠤᠢ ᠠᠯᠳᠠᠨ ᠲᠤᠪᠴᠢ︾᠂ ︽ᠴᠢᠩᠬᠢᠰ ᠬᠠᠭᠠᠨ ᠤ ᠠᠯᠳᠠᠨ ᠲᠤᠪᠴᠢ︾᠂ ︽ᠯᠤ ᠠᠯᠳᠠᠨ ᠲᠤᠪᠴᠢ︾ ᠵᠢᠴᠢ ᠲᠤᠳᠤᠭᠠᠳᠤ ᠭᠠᠳᠠᠭᠠᠳᠤ ᠶᠢᠨ ᠪᠤᠰᠤᠳ ᠲᠡᠤᠬᠡᠨ ᠰᠤᠷᠪᠤᠯᠵᠢ ᠪᠢᠴᠢᠭ ᠤᠳ ᠠᠴᠠ ᠦᠵᠡᠪᠡᠯ᠂ ᠬᠠᠰᠠᠷ ᠪᠤᠯᠤᠨ ᠠᠬ᠎ᠠ ᠴᠢᠩᠬᠢᠰ ᠤᠨ ᠬᠤᠭᠤᠷᠤᠨᠳᠤᠬᠢ ᠵᠦᠷᠢᠴᠡᠯ᠂ ᠬᠠᠰᠠᠷ ᠤᠨ ᠬᠠᠭᠠᠨ ᠰᠢᠷᠡᠬᠡᠨ ᠳᠤ ᠭᠠᠷᠬᠤ ᠬᠡᠰᠡᠨ ᠰᠠᠨᠠᠭ᠎ᠠ᠂ ᠲᠡᠬᠦᠨᠴᠢᠯᠡᠨ 1226 ᠤᠨ ᠳᠤ ᠬᠠᠰᠠᠷ ᠲᠠᠩᠭᠤᠳ ᠢ ᠲᠠᠷᠤᠬᠤ ᠪᠠᠷ ᠶᠠᠪᠤᠬᠤ ᠳᠤ ᠤᠷᠤᠯᠴᠠᠭᠰᠠᠨ᠂ ᠴᠢᠩᠬᠢᠰ ᠬᠠᠰᠠᠷ ᠢ ᠰᠢᠳᠬᠡᠭᠰᠡᠨ ᠵᠡᠷᠬᠡ ᠬᠡᠷᠡᠭ ᠶᠠᠪᠤᠳᠠᠯ ᠪᠠ ᠬᠠᠰᠠᠷ ᠤᠨ ᠦᠢᠯᠡ ᠠᠵᠢᠯᠯᠠᠭᠠᠨ ᠤ ᠲᠤᠬᠠᠢ ᠰᠢᠨ᠎ᠠ ᠰᠢᠨ᠎ᠠ ᠲᠡᠮᠳᠡᠭᠯᠡᠯ ᠪᠠᠶᠢᠳᠠᠭ᠃ ᠵᠢᠱᠢᠶᠡᠯᠡᠪᠡᠯ᠂ ︽ᠬᠤᠷᠢᠶᠠᠩᠭᠤᠢ ᠠᠯᠳᠠᠨ ᠲᠤᠪᠴᠢ︾ ᠪᠠ ︽ᠯᠤ ᠠᠯᠳᠠᠨ ᠲᠤᠪᠴᠢ︾ ᠶᠢᠨ 130.131.132 ᠳ᠋ᠤᠭᠠᠷ ᠪᠦᠯᠦᠭ  ᠲᠤ ᠲᠠᠶᠢᠴᠢᠭᠤᠳ ᠤᠨ ᠴᠢᠯᠬᠡᠷ ᠪᠦᠬᠡ ᠶᠢᠨ ᠬᠠᠭᠤᠷᠮᠠᠭ ᠵᠠᠯᠠᠯᠭ᠎ᠠ ᠳᠤ ᠬᠠᠰᠠᠷ᠂ ᠴᠢᠩᠬᠢᠰ ᠢ ᠬᠠᠮᠠᠭᠠᠯᠠᠨ ︽ᠰᠠᠭᠠᠳᠠᠭ ᠬᠠᠳᠠᠭᠠᠯᠠᠨ︾ ᠤᠴᠢᠵᠤ᠂ ᠬᠡᠷᠡᠬᠦᠯ ᠵᠤᠳᠤᠭᠠᠨ ᠡᠬᠦᠰᠬᠦ ᠳᠤ ᠲᠡᠷᠡ ᠪᠠᠰᠠ ︽ᠲᠤᠬᠤᠯᠠᠵᠤ︾ ᠪᠠᠶᠢᠪᠠ᠃ ᠴᠢᠩᠬᠢᠰ ᠬᠠᠭᠠᠨ᠂ ᠪᠡᠯᠬᠦᠳᠡᠢ ᠨᠠᠮᠠᠢᠢ ᠦᠯᠦ ᠲᠤᠭᠤᠬᠤ ᠮᠡᠳᠦ ᠵᠡᠬᠦᠨ ᠭᠠᠷ ᠢᠶᠠᠷ ᠠᠪᠴᠤ ᠮᠤᠷᠢᠨ ᠳᠤ ᠤᠨᠤᠭᠤᠯᠪᠠ ᠬᠡᠵᠤ ᠬᠤᠷᠢᠪᠠ᠃ ᠡᠬᠦᠨ ᠳᠤ ᠬᠠᠰᠠᠷ ᠪᠡᠯᠬᠦᠳᠡᠢ ᠬᠤᠶᠠᠭᠤᠯᠠ ︽ᠡᠨᠡ ᠡᠵᠡᠨ ᠶᠤᠰᠤᠨ ᠦᠬᠡᠢ ᠵᠠᠰᠠᠭ ᠵᠠᠷᠯᠢᠭ ᠪᠤᠯᠠᠢ ᠃ ᠬᠠᠰᠠᠷ ᠤᠨ ᠬᠠᠪᠤ᠂ ᠪᠡᠯᠬᠦᠳᠡᠢ ᠶᠢᠨ ᠪᠦᠬᠡ ᠬᠦᠴᠦᠨ ᠢᠶᠠᠷ ᠲᠠᠪᠤᠨ ᠦᠡᠭᠬᠡ᠂ ᠲᠦᠷᠪᠡᠨ ᠬᠠᠷᠢ ᠶᠡᠭᠡ ᠤᠯᠤᠰ ᠢ ᠡᠷᠬᠡ ᠳᠤᠷ ᠢᠶᠠᠨ ᠤᠷᠤᠭᠤᠯᠪᠠᠢ ‍ᠶ᠎ᠠ︾ ᠬᠡᠵᠤ ᠬᠡᠯᠡᠯᠴᠡᠨ ᠶᠠᠪᠤᠬᠤ ᠶᠢ ᠡᠵᠡᠨ ᠮᠡᠳᠡᠬᠡᠳ᠂ ᠲᠡᠳᠡᠨ ᠤ ᠤᠮᠤᠭ ᠢ ᠲᠤᠷᠦ᠋ᠢᠳᠠᠭᠤᠯᠤᠶ᠎ᠠ ᠬᠡᠵᠤ᠂ ᠲᠤᠤᠷᠠᠳᠤ ᠮᠠᠭᠤ ᠡᠪᠤᠬᠡᠨ ᠬᠦᠮᠦᠨ ᠪᠤᠯᠤᠨ ᠨᠢᠬᠡᠨ ᠤᠷᠳᠤᠬᠴᠢᠨ ᠨᠤᠮᠤ ᠶᠢ ᠪᠠᠷᠢᠵᠤ ᠬᠤᠳᠠᠯᠳᠤᠶ᠎ᠠ ᠬᠡᠮᠡᠨ ᠰᠤᠷᠠᠭᠯᠠᠨ ᠶᠠᠪᠤᠵᠤ᠂ ᠬᠠᠰᠠᠷ ᠪᠡᠯᠬᠦᠳᠡᠢ ᠬᠤᠶᠠᠷ ᠢ ᠲᠤᠩᠭᠤᠳᠤᠨ ᠰᠤᠷᠭᠠᠭᠰᠠᠨ ᠲᠤᠬᠠᠢ ᠲᠤᠮᠤᠭ ᠢ ᠲᠡᠮᠳᠡᠭᠯᠡᠭᠰᠡᠨ ᠪᠠᠶᠢᠳᠠᠭ᠃       ᠡᠩᠬᠦᠳ ︵ᠤᠡᠭᠭᠤᠳ︶ ᠠᠶᠢᠮᠠᠭ ᠤᠨ ᠨᠤᠶᠠᠨ ᠠᠯᠢᠬᠤᠱᠳᠠᠬᠢᠳ ᠤᠨ ᠬᠦᠪᠡᠬᠦᠨ ᠤᠷᠠᠨ ᠴᠡᠩᠬᠦᠢ᠂ ᠭᠤᠴᠢᠨ ᠨᠢᠬᠡᠨ ᠤᠳᠤᠭ ᠢ ᠠᠪᠴᠤ ︽ᠬᠠᠷᠢᠳᠠᠨ ᠲᠠᠶᠢᠰᠤᠨ ᠪᠤᠯᠤᠨ ᠤᠳᠬᠤ︾ ᠳᠤ ︽ᠡᠵᠡᠨ᠂ ᠬᠠᠰᠠᠷ ᠬᠤᠶᠠᠭᠤᠯᠠ ᠨᠡᠬᠡᠵᠤ ᠬᠦᠢᠴᠡᠪᠡᠢ︾᠃ ᠬᠠᠰᠠᠷ᠂ ᠴᠢᠩᠬᠢᠰ ᠤᠨ ᠰᠠᠶᠢᠨ ᠰᠠᠮᠤᠴᠢᠨ ᠬᠡᠭᠴᠢ ᠮᠤᠷᠢ ᠶᠢ ᠤᠨᠤᠵᠤ᠂ ᠬᠦᠪᠡᠬᠦᠨ ᠲᠤᠭᠳᠠᠩᠭ᠎ᠠ ︵︽ᠯᠤ ᠠᠯᠳᠠᠨ ᠲᠤᠪᠴᠢ︾ ᠳᠤ ᠲᠤᠭᠳᠤᠩᠭ᠎ᠠ︶ ᠪᠠᠭᠠᠳᠤᠷ ᠢ ᠤᠳᠤᠷᠢᠳᠤᠨ ᠬᠠᠰᠢᠭᠤᠯᠵᠤ᠂ ᠰᠠᠶᠢᠨ ᠰᠠᠮᠤᠴᠢᠨ ᠢ ᠴᠢᠰᠤᠨ ᠵᠡᠬᠡᠷᠳᠡ ᠪᠤᠯᠳᠠᠯ᠎ᠠ ᠤᠷᠤᠯᠳᠤᠵᠤ ᠲᠠᠷᠤᠭᠠᠳ ᠠᠪᠴᠤ ᠢᠷᠡᠵᠡᠢ᠃ ᠴᠢᠩᠬᠢᠬᠡᠳ᠂ ᠬᠠᠰᠠᠷ ︽ᠪᠤᠮᠪᠠᠯᠠ ᠨᠡᠷᠡᠳᠦ ᠡᠮ᠎ᠠ ᠶᠢᠨ ᠱᠠᠩ ᠠᠪᠤᠪᠠᠢ︾ ᠬᠡᠵᠤ ︽ᠬᠤᠷᠢᠶᠠᠩᠭᠤᠢ ᠠᠯᠳᠠᠨ ᠲᠤᠪᠴᠢ ︾ ᠪᠠ ︽ᠯᠤ ᠠᠯᠳᠠᠨ ᠲᠤᠪᠴᠢ︾ ᠶᠢᠨ 215 ᠳ᠋ᠤᠭᠠᠷ ᠪᠦᠯᠦᠭ ᠲᠤ ᠲᠡᠮᠳᠡᠭᠯᠡᠵᠦ ᠪᠠᠶᠢᠨ᠎ᠠ᠃       1226 ᠤᠨ ᠳᠤ᠂ ᠬᠠᠰᠠᠷ᠂ ᠴᠢᠩᠬᠢᠰ ᠤᠨ ᠬᠠᠮᠳᠤ ᠲᠠᠩᠭᠤᠳ ᠢ ᠲᠠᠶᠢᠯᠠᠷ᠎ᠠ ᠶᠠᠪᠤᠭᠰᠠᠨ ᠪᠠ ᠴᠢᠩᠬᠢᠰ ᠬᠠᠪᠤᠳᠤ ᠬᠠᠰᠠᠷ ᠢ ᠬᠠᠰᠢᠶᠠᠳᠤ ᠬᠤᠳᠳᠤᠭ ᠲᠤ ᠬᠤᠷᠢᠵᠤ ᠰᠢᠳᠬᠡᠭᠰᠡᠨ᠂ ᠬᠠᠰᠠᠷ ᠬᠠᠷᠢᠶᠠᠯᠴᠢ ᠬᠠᠷ᠎ᠠ ᠡᠮᠡᠬᠡᠨ ᠢ ᠲᠠᠷᠤᠭᠰᠠᠨ ᠲᠤᠬᠠᠢ ︽ᠬᠤᠷᠢᠶᠠᠩᠭᠤᠢ ᠠᠯᠳᠠᠨ ᠲᠤᠪᠴᠢ︾᠂ ︽ᠴᠢᠩᠬᠢᠰ ᠬᠠᠭᠠᠨ ᠤ ᠠᠯᠳᠠᠨ ᠲᠤᠪᠴᠢ︾᠂ ︽ᠯᠤ ᠠᠯᠳᠠᠨ ᠲᠤᠪᠴᠢ︾᠂ ︽ᠡᠷᠳᠡᠨᠢ ᠶᠢᠨ ᠲᠤᠪᠴᠢ︾᠂ ︽ᠪᠤᠯᠤᠷ ᠲᠤᠯᠢ︾ ᠵᠡᠷᠬᠡ ᠲᠡᠤᠬᠡᠨ ᠰᠤᠷᠪᠤᠯᠵᠢ ᠪᠢᠴᠢᠭ ᠤᠳ ᠲᠤ ᠲᠡᠮᠳᠡᠭᠯᠡᠭᠰᠡᠨ ᠨᠢ ᠦᠢᠯᠡ ᠶᠠᠪᠤᠳᠠᠯ ᠤᠨ ᠲᠡᠯ᠎ᠠ ᠪᠠᠷ ᠬᠠᠷᠢᠯᠴᠠᠨ ᠵᠦᠷᠢᠶ᠎ᠠ ᠲᠠᠢ ᠪᠠᠶᠢᠳᠠᠭ ᠪᠦᠬᠡᠳ ᠲᠤᠮᠤᠭ ᠦᠯᠢᠬᠡᠷ ᠤᠨ ᠠᠷᠭ᠎ᠠ ᠪᠠᠷᠢᠯ ᠢᠶᠠᠷ ᠪᠢᠴᠢᠭᠳᠡᠭᠰᠡᠨ ᠪᠤᠯᠪᠠᠴᠤ᠂ ᠡᠨᠡ ᠨᠢ ᠬᠠᠪᠤᠳᠤ ᠬᠠᠰᠠᠷ᠂ ᠲᠠᠩᠭᠤᠳ ᠢ ᠲᠠᠶᠢᠯᠠᠬᠤ ᠳᠤ ᠶᠠᠪᠤᠭᠰᠠᠨ ᠬᠡᠳᠡᠭ ᠲᠡᠤᠬᠡ ᠶᠢᠨ ᠬᠡᠷᠡᠭ ᠶᠠᠪᠤᠳᠠᠯ ᠯᠠᠪᠳᠠᠢ ᠪᠠᠶᠢᠬᠤ ᠶᠢ ᠲᠤᠳᠤᠯᠠᠵᠤ ᠪᠠᠶᠢᠭ᠎ᠠ ᠬᠡᠵᠤ ᠮᠡᠬᠦᠰ ᠪᠢ ᠦᠵᠡᠵᠦ ᠪᠠᠶᠢᠨ᠎ᠠ᠃   ᠡᠳᠡᠬᠡᠷ ᠲᠡᠤᠬᠡᠨ ᠬᠡᠷᠡᠭ ᠶᠠᠪᠤᠳᠠᠯ ᠢ ᠱᠠᠰᠢᠨ ᠰᠤᠷᠳᠠᠬᠤᠨ ᠤ ᠦᠵᠡᠯᠳᠡ ᠪᠠᠷ ᠪᠢᠴᠢᠭᠰᠡᠨ ᠪᠤᠯᠬᠤᠷ ᠵᠠᠷᠢᠮ ᠲᠡᠤᠬᠡᠴᠢᠳ ᠡᠨᠡ ᠪᠤᠯ ᠲᠡᠤᠬᠡ ᠶᠢᠨ ᠦᠨᠡᠨ ᠪᠢᠰᠢ᠂ ᠱᠠᠰᠢᠨ ᠤ ᠲᠤᠮᠤᠭ ᠪᠤᠶᠤ ᠠᠷᠠᠳ ᠤᠨ ᠠᠮᠠᠨ ᠵᠤᠬᠢᠶᠠᠯ ᠬᠡᠵᠤ ᠦᠵᠡᠬᠡᠳ᠂ ᠬᠠᠰᠠᠷ ᠤᠨ ᠨᠠᠰᠤ ᠪᠠᠷᠠᠭᠰᠠᠨ ᠵᠢᠯ ᠢ 1213 ᠤᠨ ᠬᠡᠬᠦ ᠪᠤᠶᠤ ᠠᠷᠪᠠᠨ ᠭᠤᠷᠪᠠᠳᠤᠭᠠᠷ ᠵᠠᠭᠤᠨ ᠤ ᠠᠷᠪᠠᠭᠠᠳ ᠤᠨ ᠤ ᠲᠤᠤᠷᠠᠳᠤ ᠬᠠᠭᠠᠰ ᠢᠶᠠᠷ ᠬᠡᠵᠤ ᠵᠢᠱᠢᠵᠤ ᠪᠤᠢ ⑥᠃ ᠡᠬᠦᠨ ᠳᠤ ᠤᠯᠳᠤᠢ ᠪᠢ ᠡᠨᠡ ᠪᠤᠯ ᠱᠠᠰᠢᠨ ᠰᠤᠷᠳᠠᠬᠤᠨ ᠢ ᠠᠰᠢᠭᠯᠠᠨ ᠮᠤᠩᠭᠤᠯ ᠤᠨ ᠬᠠᠭᠠᠨ ᠲᠦᠷᠦ ᠶᠢ ᠬᠠᠮᠠᠭᠠᠯᠠᠵᠤ᠂ ᠬᠠᠭᠠᠨ ᠤ ᠬᠦᠴᠦᠨ ᠢ ᠲᠦᠰᠢᠭᠯᠡᠵᠦ ᠱᠠᠰᠢᠨ ᠰᠤᠷᠳᠠᠬᠤᠨ ᠢᠶᠠᠨ ᠬᠠᠮᠠᠭᠠᠯᠠᠬᠤ ᠵᠤᠷᠢᠯᠭ᠎ᠠ ᠪᠦᠬᠦᠢ ᠲᠡᠤᠬᠡ ᠶᠢᠨ ᠵᠤᠬᠢᠶᠠᠭᠴᠢ ᠨᠢ ᠪᠤᠷᠬᠠᠨ ᠱᠠᠰᠢᠨ ᠤ ᠲᠤᠮᠤᠭ ᠦᠯᠢᠬᠡᠷ ᠪᠠ ᠠᠷᠠᠳ ᠤᠨ ᠠᠮᠠᠨ ᠵᠤᠬᠢᠶᠠᠯ ᠤᠨ ᠠᠷᠭ᠎ᠠ ᠪᠠᠷᠢᠯ ᠢᠶᠠᠷ ᠪᠢᠴᠢᠭᠰᠡᠨ ᠲᠡᠤᠬᠡ ᠶᠢᠨ ᠦᠨᠡᠨ ᠬᠡᠷᠡᠭ ᠮᠦᠨ ᠬᠡᠵᠤ ᠦᠵᠡᠵᠦ ᠪᠠᠶᠢᠨ᠎ᠠ᠃ ᠨᠡᠩ ᠴᠤ᠂ ᠬᠠᠰᠠᠷ ᠪᠠ ᠴᠢᠩᠬᠢᠰ ᠤᠨ ᠬᠤᠭᠤᠷᠤᠨᠳᠤᠬᠢ ᠵᠦᠷᠢᠯᠳᠦᠬᠡᠨ ᠢ ᠪᠠᠷᠤᠭ ᠴᠦᠮ ᠲᠤᠮᠤᠭ ᠦᠯᠢᠬᠡᠷ ᠤᠨ ᠠᠷᠭ᠎ᠠ ᠪᠠᠷᠢᠯ ᠢᠶᠠᠷ ᠢᠯᠡᠳᠬᠡᠭᠰᠡᠨ ᠪᠠᠶᠢᠨ᠎ᠠ᠃ ᠵᠢᠱᠢᠶᠡᠯᠡᠪᠡᠯ᠄ ᠲᠠᠶᠢᠴᠢᠭᠤᠳ ᠤᠨ ᠬᠡᠷᠡᠬᠦᠯ ᠤᠨ ᠲᠠᠷᠠᠭ᠎ᠠ᠂ ᠬᠠᠰᠠᠷ ᠪᠡᠯᠬᠦᠳᠡᠢ ᠬᠤᠶᠠᠭᠤᠯᠠ ︽ᠡᠨᠡ ᠡᠵᠡᠨ ᠶᠤᠰᠤᠨ ᠦᠬᠡᠢ ᠵᠠᠰᠠᠭ ᠵᠠᠷᠯᠢᠭ ᠪᠤᠯᠠᠢ ᠁︾ ᠬᠡᠵᠤ ᠬᠡᠯᠡᠯᠴᠡᠭᠰᠡᠨ ᠢ ᠴᠢᠩᠬᠢᠰ ᠬᠠᠭᠠᠨ ᠮᠡᠳᠡᠬᠡᠳ ᠨᠤᠮᠤ ᠬᠤᠳᠠᠯᠳᠤᠭᠴᠢ ᠲᠤᠤᠷᠠᠳᠤ ᠮᠠᠭᠤ ᠡᠪᠤᠬᠡᠨ ᠪᠤᠯᠤᠨ ᠬᠤᠪᠢᠯᠵᠤ ᠲᠡᠷᠡ ᠬᠤᠶᠠᠷ ᠤᠨ ᠤᠮᠤᠭ ᠢ ᠲᠠᠷᠤᠭᠰᠠᠨ︔ ᠴᠢᠩᠬᠢᠰ ᠬᠠᠭᠠᠨ ᠰᠠᠷᠳᠠᠭᠤᠯ ᠢ ᠲᠠᠷᠤᠭᠰᠠᠨ ᠤ ᠲᠠᠷᠠᠭ᠎ᠠ ︵ᠪᠠᠷᠤᠭ 1225 ᠤᠨ ᠳᠤ︶ ᠴᠢᠩᠬᠢᠰ ᠬᠠᠭᠠᠨ ᠬᠠᠰ ᠠᠶᠠᠭᠠᠨ ᠳᠤ ᠷᠠᠰᠢᠶᠠᠨ ᠠᠷᠢᠬᠢ ᠤᠤᠭᠤᠬᠤ ᠳᠤ ᠲᠦᠷᠪᠡᠨ ᠲᠡᠬᠦᠤ ᠨᠢ ᠠᠳᠠᠭᠠᠷᠬᠠᠵᠤ ᠬᠡᠯᠡᠭᠰᠡᠨ ᠨᠢ ︽ᠠᠬ᠎ᠠ ᠳᠤ ᠠᠷᠪᠠ ᠪᠤᠯᠤᠰᠠ ᠲᠡᠬᠦᠤ ᠳᠤ ᠲᠦᠷᠪᠡ ᠬᠦᠷᠳᠡᠬᠦ ᠪᠢᠰᠢ ᠤᠤ︖ ᠦᠨᠦ ᠡᠵᠡᠨ ᠶᠡᠭᠡ ᠶᠢ ᠵᠤᠭᠤᠭᠯᠠᠬᠤ ᠪᠤᠯᠤᠭᠠᠳ ᠡᠰᠡᠷᠡᠴᠤ ᠮᠠᠨ ᠳᠤᠷ ᠦᠴᠦᠬᠡᠨ ᠢ ᠰᠤᠶᠤᠷᠬ᠎ᠠ ᠁︾ ᠬᠡᠬᠦ ᠳᠤ᠂ ᠴᠢᠩᠬᠢᠰ ᠬᠠᠰ ᠠᠶᠠᠭ᠎ᠠ ᠲᠠᠢ ᠠᠷᠢᠬᠢ ᠪᠠᠨ ᠲᠦᠷᠪᠡᠨ ᠲᠡᠬᠦᠤ ᠳᠡᠭᠡᠨ ᠦᠭᠪᠡ᠃ ᠲᠦᠷᠪᠡᠨ ᠲᠡᠬᠦᠤ ᠨᠢ ᠠᠪᠴᠤ ᠤᠤᠭᠤᠪᠠᠯ ᠠᠮᠠᠨ ᠳᠤ ᠤᠷᠤᠭᠠᠳ ᠬᠤᠭᠤᠯᠠᠢ ᠳᠤᠨᠢ ᠡᠰᠡ ᠤᠷᠤᠵᠠᠢ᠃ ᠡᠬᠦᠨ ᠳᠤ ᠲᠦᠷᠪᠡᠨ ᠲᠡᠬᠦᠤ ᠨᠢ ︽ᠵᠠᠶᠠᠭᠠᠳᠤ ᠡᠵᠡᠨ ᠠᠴᠠ᠂ ᠵᠠᠶᠠᠭ᠎ᠠ ᠦᠬᠡᠢ ᠪᠢᠳᠡ ᠪᠤᠷᠤᠭᠤ ᠪᠤᠯᠢᠶᠠᠯᠳᠤᠪᠠᠢ᠃ ᠠᠶᠢᠯ ᠤᠨ ᠠᠯᠪᠠ ᠮᠡᠳᠡᠬᠦ ᠨᠤᠶᠠᠨ ᠪᠤᠯᠤᠶ᠎ᠠ ᠪᠢᠳᠡ᠂ ᠡᠵᠡᠨ ᠵᠤᠭᠤᠭᠯᠠ︾ ᠬᠡᠵᠤ ᠮᠦᠷᠬᠦᠨ ᠬᠡᠯᠡᠵᠦ ᠪᠠᠷᠢᠭᠰᠠᠨ︔ 1226 ᠤᠨ ᠳᠤ᠂ ᠲᠠᠩᠭᠤᠳ ᠢ ᠲᠠᠶᠢᠯᠠᠬᠤ ᠪᠠᠷ ᠶᠠᠪᠤᠬᠤ ᠵᠠᠮ ᠳᠤ ᠲᠤᠬᠢᠶᠠᠯᠳᠤᠭᠰᠠᠨ ᠠᠷᠪᠢᠨ ᠤᠴᠢᠷ ᠶᠠᠪᠤᠳᠠᠯ ᠵᠡᠷᠬᠡ ᠤᠯᠠᠨ ᠵᠢᠱᠢᠶ᠎ᠠ ᠶᠢ ᠲᠤᠷᠠᠳᠴᠤ ᠪᠤᠯᠤᠨ᠎ᠠ᠃ ︽ᠪᠤᠯᠤᠷ ᠲᠤᠯᠢ︾ ᠳᠤ᠂ ᠴᠢᠩᠬᠢᠰ ᠬᠠᠭᠠᠨ᠂ ᠬᠠᠰᠠᠷ ᠨᠠᠷ ᠴᠡᠷᠢᠭ ᠠᠪᠴᠤ ᠮᠢᠨᠠᠭ ᠤᠨ ᠲᠤᠶᠠᠢ ᠰᠢᠳᠤᠷᠭᠤ ᠬᠠᠭᠠᠨ ︵ᠲᠠᠩᠭᠤᠳ ᠤᠨ ᠡᠴᠤᠰ ᠤᠨ ᠬᠠᠭᠠᠨ ᠢᠯᠤᠬᠤ ᠪᠤᠷᠬᠠᠨ︶ ᠢ ᠲᠠᠶᠢᠯᠠᠷ᠎ᠠ ᠮᠤᠷᠳᠠᠭᠠᠳ᠂ ᠲᠡᠮᠤᠷ ᠬᠠᠭᠠᠯᠭᠠᠨ ᠳᠤᠷ ᠬᠦᠷᠴᠤ ᠪᠠᠭᠤᠬᠤ ᠳᠤ ︽ᠪᠢᠶ᠎ᠠ ᠪᠤᠭᠤᠤ ᠠᠳᠠᠯᠢ᠂ ᠮᠤᠷᠢᠨ ᠰᠡᠬᠦᠯ ᠲᠠᠢ᠂ ᠨᠤᠭᠤᠭᠠᠨ ᠦᠡᠭᠬᠡ ᠲᠠᠢ︾ ᠰᠤᠨᠢᠨ ᠠᠮᠢᠳᠠᠨ ᠦᠵᠡᠭᠳᠡᠵᠦ᠂ ᠲᠡᠷᠡ ᠠᠮᠢᠳᠠᠨ ︽ᠴᠡᠷᠢᠭ ᠤᠨ ᠤᠯᠤᠰ ᠢ ᠦᠵᠡᠬᠡᠳ ᠮᠤᠩᠭᠤᠯ ᠬᠡᠯᠡ ᠪᠠᠷ ᠬᠠᠭᠠᠨ ᠢ ︿ᠬᠤᠷᠳᠤᠨ ᠪᠤᠴᠠ﹀ ᠬᠡᠵᠤ ᠬᠡᠯᠡᠪᠡᠢ ︾ ᠬᠡᠰᠡᠨ ᠰᠤᠨᠢᠨ ᠶᠠᠷᠢᠶ᠎ᠠ ᠴᠡᠷᠢᠭ ᠤᠨ ᠲᠤᠮᠳᠠ ᠲᠠᠷᠬᠠᠵᠠᠢ᠃ ᠡᠬᠦᠨ ᠳᠤ ᠴᠢᠩᠬᠢᠰ ᠢ ᠲᠠᠭᠠᠭᠰᠠᠨ ᠪᠢᠴᠢᠭ ᠤᠨ ᠡᠷᠬᠢᠨ ᠲᠦᠰᠢᠮᠡᠯ ᠵᠦᠷᠴᠢᠨ ᠤ ᠶᠧᠯᠢᠤᠢ ᠴᠦᠰᠡᠢ ᠬᠠᠭᠠᠨ ᠳᠤ ᠠᠶᠢᠯᠠᠳᠬᠠᠭᠰᠠᠨ ᠨᠢ ︽ᠡᠨᠡ ᠪᠤᠯᠪᠠᠰᠤ ᠬᠢᠶᠤᠤ ᠲᠤᠸᠠᠨ ᠬᠡᠮᠡᠭᠴᠢ ᠬᠦᠷᠦᠬᠡᠰᠤ᠂ ᠡᠬᠦᠨ ᠢ ᠲᠡᠭᠷᠢ ᠵᠠᠷᠤᠵᠤ ᠬᠡᠯᠡᠭᠰᠡᠨ ᠪᠤᠯᠠᠢ᠃ ᠬᠠᠭᠠᠨ ᠪᠠᠷ ᠲᠡᠭᠷᠢ ᠶᠢᠨ ᠰᠡᠳᠬᠢᠯ ᠯᠦᠬᠡ ᠨᠡᠶᠢᠯᠡᠬᠦᠯᠵᠦ ᠴᠡᠷᠢᠭ ᠪᠤᠴᠠᠪᠠᠰᠤ ᠰᠠᠶᠢᠨ︾ ᠬᠡᠵᠡᠢ᠃ ᠡᠬᠦᠨ ᠢ ᠬᠠᠰᠠᠷ ᠰᠤᠨᠤᠰᠤᠭᠠᠳ ︽ᠪᠢᠴᠢᠭ ᠤᠨ ᠲᠦᠰᠢᠮᠡᠯ ᠴᠤᠰᠢ ︵ᠴᠦᠰᠢ︶ ᠴᠢ ᠴᠡᠷᠢᠭ ᠤᠨ ᠶᠠᠪᠤᠳᠠᠯ ᠢ ᠪᠡᠷᠬᠡᠰᠢᠶᠡᠪᠡᠰᠤ ᠴᠢᠨᠤ ᠦᠪᠡᠷ ᠤᠨ ᠪᠡᠶ᠎ᠠ ᠪᠤᠴᠠᠪᠠᠰᠤ ᠪᠤᠯᠤᠮᠤᠢ ‍ᠶ᠎ᠠ᠃ ᠲᠡᠮᠡᠢ ᠦᠬᠡ ᠬᠦᠭᠵᠢᠬᠡᠵᠤ ᠬᠠᠭᠠᠨ ᠤ ᠰᠡᠳᠬᠢᠯ ᠢ ᠬᠦᠳᠦᠯᠬᠡᠨ᠂ ᠶᠡᠭᠡ ᠲᠦᠷᠦ ᠶᠢᠨ ᠶᠠᠪᠤᠳᠠᠯ ᠢ ᠰᠠᠭᠠᠳ ᠬᠢᠵᠤ ᠦᠬᠦᠯᠡᠬᠦ ᠴᠢᠨᠤ ᠶᠠᠭᠤᠨ ᠪᠤᠢ︖ ᠪᠢ ᠡᠳᠦᠢ ᠵᠢᠷᠠ ᠭᠠᠷᠤᠢ ᠨᠠᠰᠤᠯᠠᠵᠤ᠂ ᠭᠠᠵᠠᠷ ᠭᠠᠵᠠᠷ ᠶᠠᠪᠤᠳᠠᠯ᠎ᠠ ᠡᠰᠡ ᠦᠵᠡᠭᠰᠡᠨ᠂ ᠡᠰᠡ ᠰᠤᠨᠤᠰᠤᠭᠰᠠᠨ᠃ ᠬᠢᠶᠤᠤ ᠲᠤᠸᠠᠨ ᠬᠡᠮᠡᠭᠴᠢ ᠡᠨᠡ ᠡᠳᠦᠷ ᠬᠠᠮᠢᠭ᠎ᠠ ᠠᠴᠠ ᠲᠡᠭᠷᠢ ᠶᠢᠨ ᠡᠯᠴᠢ ᠪᠤᠯᠤᠨ ᠢᠷᠡᠪᠡᠢ︖ ᠴᠢᠨᠤ ᠬᠠᠭᠤᠷᠮᠠᠯ ᠳᠤᠷ ᠪᠢᠳᠡ ᠪᠠᠰᠠ ᠤᠷᠤᠬᠤ ᠪᠤᠶᠤ︾ ᠬᠡᠮᠡᠨ ᠶᠡᠬᠡᠳᠡ ᠴᠤᠤᠬᠢᠶᠠᠨ ᠪᠤᠯᠤᠭᠰᠠᠨ ᠪᠠᠶᠢᠨ᠎ᠠ᠃ ᠴᠢᠩᠬᠢᠰ ᠬᠠᠭᠠᠨ᠂ ᠶᠧᠯᠢᠤᠢ ᠴᠦᠰᠡᠢ ᠶᠢ ᠶᠡᠭᠡ ᠮᠡᠷᠬᠡᠨ ᠬᠡᠵᠤ ᠢᠳᠡᠬᠡᠳᠡᠭ ᠲᠤᠯᠠ ᠬᠠᠰᠠᠷ ᠤᠨ ᠠᠪᠤᠷᠢ ᠶᠢ ᠵᠦᠢ ᠦᠬᠡᠢ ᠦᠵᠡᠵᠦ ᠪᠤᠷᠤᠭᠤᠰᠢᠶᠠᠨ ᠲᠤᠩᠭᠤᠳᠤᠭᠠᠳ ᠶᠡᠭᠡ ᠴᠡᠷᠢᠭ ᠪᠤᠴᠠᠵᠤ ᠮᠤᠨᠢ ᠬᠤᠰᠢᠭᠤᠨ᠎ᠠ ᠪᠠᠭᠤᠭᠰᠠᠨ ᠪᠠᠶᠢᠨ᠎ᠠ᠃ ᠨᠢᠬᠡᠨ ᠤᠭᠤᠯᠢ ᠡᠳᠦᠷ ᠢᠶᠠᠷ ᠪᠠᠷᠬᠢᠷᠠᠵᠤ ᠰᠠᠭᠤᠬᠤ ᠳᠤ ᠴᠢᠩᠬᠢᠰ ᠡᠵᠡᠨ ᠵᠢᠭᠰᠢᠵᠦ ᠬᠠᠰᠠᠷ ᠢ ᠬᠠᠷᠪᠤ ᠬᠡᠰᠡᠨ ᠳᠤ ᠬᠠᠰᠠᠷ ᠬᠠᠷᠪᠤᠳᠠᠯ᠎ᠠ ᠨᠢᠬᠡᠨ ᠱᠠᠭᠠᠵᠠᠭᠠᠢ ᠪᠤᠰᠴᠤ ᠵᠠᠮ ᠳᠤ ᠤᠨᠤᠭᠳᠠᠨ᠂ ᠤᠭᠤᠯᠢ ᠡᠰᠡ ᠠᠯᠠᠭᠳᠠᠵᠠᠢ᠃ ᠡᠬᠦᠨ ᠳᠤ ᠴᠢᠩᠬᠢᠰ ᠬᠢᠯᠢᠩᠨᠡᠵᠦ ᠬᠠᠰᠠᠷ ᠢ ᠪᠠᠷᠢᠭᠤᠯᠤᠨ ᠬᠢᠨᠵᠢ ᠲᠦᠡᠭᠬᠡ ᠡᠮᠦᠰᠬᠡᠵᠤ ᠬᠠᠰᠢᠶᠠᠳᠤ ᠬᠤᠳᠳᠤᠭ ᠲᠤᠳᠤᠷ᠎ᠠ ᠬᠢᠵᠤ᠂ ᠡᠳᠦᠷ ᠪᠦᠷᠢ ᠠᠷᠪᠠᠨ ᠨᠠᠢᠮᠠᠨ ᠬᠦᠮᠦᠨ ᠢᠶᠠᠷ ᠰᠡᠬᠢᠨ ᠮᠠᠨᠠᠭᠤᠯᠵᠠᠢ ᠁ ᠬᠡᠵᠤ ᠲᠡᠮᠳᠡᠭᠯᠡᠵᠦ ᠪᠠᠶᠢᠨ᠎ᠠ᠃ ᠡᠨᠡ ᠪᠤᠯ ᠮᠦᠨ ᠴᠤ ᠴᠢᠩᠬᠢᠰ ᠪᠤᠯᠤᠨ ᠬᠠᠰᠠᠷ ᠵᠢᠴᠢ ᠮᠤᠩᠭᠤᠯ ᠤᠨ ᠨᠤᠶᠠᠷᠬᠠᠭᠴᠢ ᠲᠠᠪᠬᠤᠷᠭᠠᠳᠠᠨ ᠤ ᠲᠤᠳᠤᠷᠠᠬᠢ ᠵᠦᠷᠢᠴᠡᠯ ᠮᠦᠷᠬᠦᠯᠳᠦᠬᠡᠨ ᠢ ᠲᠤᠮᠤᠭ ᠦᠯᠢᠬᠡᠷ ᠤᠨ ᠠᠷᠭ᠎ᠠ ᠪᠠᠷᠢᠯ ᠢᠶᠠᠷ ᠢᠯᠡᠳᠬᠡᠭᠰᠡᠨ ᠤ ᠬᠠᠮᠳᠤ ᠬᠠᠰᠠᠷ ᠤᠨ ᠶᠡᠭᠡ ᠲᠦᠷᠦ ᠶᠢᠨ ᠶᠠᠪᠤᠳᠠᠯ ᠤᠨ ᠲᠦᠯᠦᠬᠡ ᠶᠡᠷᠦ ᠠᠴᠠ ᠬᠠᠳᠠᠭᠤ ᠴᠢᠩᠭ᠎ᠠ ᠵᠤᠷᠢᠭ ᠪᠠᠷᠢᠵᠤ ᠶᠠᠪᠤᠳᠠᠭ ᠪᠠᠭᠠᠳᠤᠷᠯᠢᠬ ᠲᠦᠷᠢ ᠶᠢ ᠵᠢᠷᠤᠭᠯᠠᠨ ᠭᠠᠷᠭᠠᠵᠠᠢ᠃       ᠬᠡᠷᠪᠡ ᠲᠡᠬᠡᠷ᠎ᠠ ᠲᠤᠷᠠᠳᠤᠭᠰᠠᠨ ᠵᠢᠱᠢᠶ᠎ᠠ ᠨᠦᠭᠦᠳ ᠢ ᠲᠡᠤᠬᠡ ᠶᠢᠨ ᠦᠨᠡᠨ ᠬᠡᠷᠡᠭ ᠶᠠᠪᠤᠳᠠᠯ ᠬᠡᠵᠤ ᠦᠵᠡᠪᠡᠯ᠂ ᠬᠠᠰᠠᠷ ᠤᠨ ᠨᠠᠰᠤ ᠪᠠᠷᠠᠭᠰᠠᠨ ᠨᠢ ᠠᠷᠪᠠᠨ ᠭᠤᠷᠪᠠᠳᠤᠭᠠᠷ ᠵᠠᠭᠤᠨ ᠤ ᠠᠷᠪᠠᠭᠠᠳ ᠤᠨ ᠤ ᠦᠶ᠎ᠠ ᠳᠤ ᠪᠢᠰᠢ᠂ ᠬᠠᠷᠢᠨ 1226 ᠠᠴᠠ 1227 ᠤᠨ ᠪᠤᠯᠤᠨ᠎ᠠ᠃ ᠡᠨᠡ ᠲᠤᠬᠠᠢ ︽ᠪᠤᠯᠤᠷ ᠲᠤᠯᠢ︾ ᠳᠤ ᠨᠠᠷᠢᠨ ᠲᠡᠮᠳᠡᠭᠯᠡᠯ ᠪᠠᠶᠢᠨ᠎ᠠ᠄ ᠮᠢᠨᠠᠭ ᠤᠨ ᠬᠠᠭᠠᠨ ᠤ ᠤᠯᠤᠰ ᠠᠴᠠ ᠢᠷᠡᠭᠰᠡᠨ ᠨᠢᠬᠡᠨ ᠬᠠᠷᠢᠶᠠᠯᠴᠢ ᠲᠠᠩᠭᠤᠳ ︵︽ᠠᠯᠳᠠᠨ ᠲᠤᠪᠴᠢ︾ ᠳᠤ ᠷᠤᠭᠴᠢᠨ ᠢᠵᠠᠭᠤᠷ ᠲᠤ ᠬᠠᠷᠢᠶᠠᠯᠴᠢ ᠬᠠᠷ᠎ᠠ ᠡᠮᠡᠬᠡᠨ ᠬᠡᠵᠤ ᠪᠤᠢ︶ ᠮᠤᠨᠢ ᠠᠭᠤᠯᠠᠨ ᠳᠤ ᠰᠠᠭᠤᠭᠠᠳ ᠬᠠᠷᠢᠶᠠᠯ ᠬᠢᠵᠤ᠂ ᠶᠡᠭᠡ ᠴᠡᠷᠢᠭ ᠤᠨ ᠤᠷᠤᠭᠰᠢᠯᠠᠬᠤ ᠵᠠᠮ ᠢ ᠬᠤᠷᠢᠭᠰᠠᠨ ᠳᠤ᠂ ᠬᠠᠰᠠᠷ ᠠᠴᠠ ᠪᠤᠰᠤ ᠬᠦᠮᠦᠨ ᠲᠠᠷᠤᠵᠤ ᠦᠯᠦ ᠴᠢᠳᠠᠬᠤ ᠲᠤᠯᠠ ᠴᠢᠩᠬᠢᠰ ᠬᠠᠭᠠᠨ ᠵᠠᠷᠯᠢᠬ ᠪᠤᠯᠵᠤ ᠬᠠᠰᠠᠷ ᠢ ᠬᠠᠰᠢᠶᠠᠳᠤ ᠬᠤᠳᠳᠤᠭ ᠠᠴᠠ ᠭᠠᠷᠭᠠᠵᠤ ᠬᠠᠷᠢᠶᠠᠯᠴᠢ  ᠶᠢ ᠭᠠᠭᠴᠠ ᠰᠤᠮᠤ ᠪᠠᠷ ᠬᠠᠷᠪᠤᠵᠤ ᠲᠠᠷᠤᠵᠠᠢ᠃ ᠡᠬᠦᠨ ᠳᠤ ︽ᠬᠠᠭᠠᠨ ᠪᠠᠷ ᠬᠠᠰᠠᠷ ᠢ ᠶᠠᠯᠠᠯᠠᠭᠰᠠᠨ ᠢᠶᠠᠨ ᠮᠠᠰᠢ ᠬᠡᠮᠰᠢᠨ᠂ ᠵᠠᠷᠯᠢᠬ ᠪᠤᠯᠵᠤ ᠬᠠᠰᠠᠷ ᠯᠤᠭ᠎ᠠ ᠨᠠᠶᠢᠷᠯᠠᠭᠠᠳ ᠮᠢᠨᠠᠭ ᠤᠯᠤᠰ ᠲᠤᠷ ᠮᠤᠷᠳᠠᠪᠠᠢ᠃ ᠬᠠᠰᠠᠷ ᠪᠤᠴᠠᠵᠤ ᠤᠷᠳᠤᠨ ᠲᠠᠭᠠᠨ ᠤᠳᠤᠭᠠᠳ᠂ ᠬᠢᠳᠡᠳ ᠤᠨ ᠯᠢ ᠤᠪᠤᠭᠳᠤ ᠬᠦᠮᠦᠨ ᠢᠶᠠᠷ ᠡᠮᠨᠡᠬᠦᠯᠦᠨ᠂ ᠬᠦᠯ ᠤᠨ ᠲᠤᠯᠢ ︵ᠬᠦᠯ ᠬᠠᠪᠤᠳᠬᠤ ᠰᠦᠷᠡᠬᠡᠢ ᠡᠪᠡᠳᠴᠢᠨ︶ ᠦᠴᠦᠬᠡᠨ ᠵᠠᠰᠠᠷᠠᠪᠠᠴᠤ ᠲᠠᠮᠢᠷ ᠦᠯᠦ ᠲᠡᠩᠬᠦᠷᠡᠨ᠂ ᠤᠯᠠᠮ ᠰᠤᠯᠠ ᠪᠤᠯᠤᠭᠰᠠᠭᠠᠷ ᠤᠳᠴᠤ ᠲᠡᠭᠷᠢ ᠪᠤᠯᠪᠠ᠃ ᠬᠠᠰᠠᠷ ᠤᠨ ᠬᠡᠬᠦᠷ ᠢ ᠶᠡᠭᠡ ᠠᠭᠤᠯᠠᠨ᠎ᠠ ᠤᠡᠭᠭᠤᠯᠠᠪᠠ ᠬᠡᠮᠡᠮᠤ᠃︾       ᠬᠠᠪᠤᠳᠤ ᠬᠠᠰᠠᠷ ᠤᠨ ᠨᠢᠬᠡ ᠨᠠᠰᠤᠨ ᠤ ᠦᠢᠯᠡ ᠶᠠᠪᠤᠳᠠᠯ ᠠᠳᠡ ᠬᠦᠷᠦᠬᠡᠳ ᠲᠡᠬᠦᠰᠬᠦ ᠪᠤᠯᠤᠯ᠎ᠠ᠃ ᠲᠡᠬᠦᠨ ᠤ ᠲᠡᠤᠬᠡ ᠶᠢᠨ ᠤᠯᠠ ᠮᠦᠷ ᠠᠴᠠ ᠪᠢᠳᠡ ᠬᠠᠰᠠᠷ ᠪᠤᠯ ᠵᠦᠪᠬᠡᠨ ᠪᠢᠷ᠎ᠠ ᠴᠢᠳᠠᠯ ᠲᠦᠢᠯ ᠤᠨ ᠶᠡᠭᠡ᠂ ᠬᠠᠷᠪᠤᠬᠤ ᠨᠠᠮᠨᠠᠬᠤ ᠳᠠᠭᠠᠨ ᠰᠢᠯᠭᠠᠷᠠᠭᠰᠠᠨ ᠨᠢᠬᠡᠨ ᠪᠠᠭᠠᠳᠤᠷ ᠬᠦᠴᠦᠳᠡᠨ ᠪᠤᠯᠬᠤ ᠲᠡᠳᠦᠢ ᠪᠢᠰᠢ᠂ ᠬᠠᠷᠢᠨ ᠵᠤᠷᠢᠭ ᠬᠠᠳᠠᠭᠤ᠂ ᠵᠤᠭᠰᠤᠯᠳᠠ ᠪᠠᠳᠤ᠂ ᠠᠷᠭ᠎ᠠ ᠰᠠᠮᠪᠠᠭ᠎ᠠ ᠲᠠᠢ᠂ ᠠᠪᠢᠶᠠᠰ ᠪᠢᠯᠢᠭ ᠲᠠᠢ ᠨᠢᠬᠡᠨ ᠤᠯᠤᠰ ᠲᠦᠷᠦᠴᠢᠨ ᠪᠠ ᠴᠡᠷᠢᠭ ᠤᠨ ᠪᠤᠳᠤᠯᠭᠠᠳᠠᠨ ᠪᠤᠯᠬᠤ ᠪᠦᠬᠡᠳ ᠮᠦᠨ ᠴᠤ ᠨᠢᠬᠡᠨ ᠬᠠᠶᠢᠷᠠᠯᠠᠬᠤ ᠬᠤᠷᠤᠰᠬᠤ᠂ ᠪᠠᠶᠠᠰᠬᠤ ᠭᠤᠮᠤᠳᠠᠬᠤ ᠪᠠᠶᠠᠯᠢᠭ ᠰᠡᠳᠬᠢᠯᠬᠡ ᠲᠠᠢ ᠵᠢᠷ ᠤᠨ ᠨᠢᠬᠡᠨ ᠬᠦᠮᠦᠨ ᠪᠤᠯᠬᠤ ᠶᠢ ᠲᠤᠪ ᠲᠤᠳᠤ ᠤᠯᠵᠤ ᠦᠵᠡᠬᠦ ᠪᠢᠰᠢ ᠤᠤ⁈ ᠲᠡᠬᠡᠬᠦᠯᠡᠷ᠂ ᠦᠡᠭᠬᠡᠷᠡᠭᠰᠡᠨ ᠳᠤ ᠬᠠᠰᠠᠷ ᠪᠤᠯ ᠪᠤᠯᠬᠢ ᠪᠦᠳᠦᠬᠦᠯᠢᠭ ᠡᠷ᠎ᠠ ᠶᠢᠨ ᠲᠦᠷᠢ ᠪᠠᠷ ᠬᠦᠮᠦᠰ ᠤᠨ ᠰᠡᠳᠬᠢᠯ ᠳᠤ ᠰᠠᠭᠤᠭᠳᠠᠭᠰᠠᠨ ᠬᠡᠯᠪᠠᠶᠢᠬᠦᠤ ᠦᠵᠡᠯᠳᠡ ᠶᠢ ᠲᠡᠤᠬᠡ ᠶᠢᠨ ᠦᠨᠡᠨ ᠢᠶᠠᠷ ᠵᠠᠯᠠᠷᠠᠭᠤᠯᠬᠤ ᠴᠢᠬᠤᠯᠠᠳᠠᠢ ᠪᠠᠶᠢᠨ᠎ᠠ᠃      ᠪᠠᠭᠴᠠᠯᠠᠭᠠᠳ ᠬᠡᠯᠡᠪᠡᠯ᠂ ᠴᠢᠩᠬᠢᠰ ᠬᠠᠭᠠᠨ ᠤᠯᠠᠨ ᠠᠶᠢᠮᠠᠭ ᠤᠳ ᠢ ᠨᠢᠬᠡᠨ ᠵᠢᠯᠤᠭᠤ ᠲᠤᠤᠷ᠎ᠠ ᠬᠤᠷᠢᠶᠠᠮᠵᠢᠯᠠᠵᠤ᠂ ᠠᠽᠢᠶ᠎ᠠ᠂ ᠡᠸᠦ᠋ᠷᠦᠫᠠ ᠶᠢ ᠰᠤᠨᠳᠠᠯᠠᠭᠰᠠᠨ ᠮᠤᠩᠭᠤᠯ ᠤᠨ ᠶᠡᠭᠡ ᠬᠠᠭᠠᠨᠳᠤ ᠤᠯᠤᠰ ᠢ ᠪᠠᠶᠢᠭᠤᠯᠵᠤ ᠂ ᠲᠡᠤᠬᠡᠨ ᠳᠤ ᠦᠬᠡᠢ ᠠᠭᠤᠤ ᠶᠡᠭᠡ ᠦᠢᠯᠡᠰ ᠢ ᠪᠦᠳᠦᠬᠡᠬᠦ ᠳᠤ ᠲᠡᠬᠦᠨ ᠤ ︽ᠴᠡᠬᠡᠨ ᠬᠠᠳᠠ︾᠂ ︽ᠴᠡᠬᠡᠯ ᠤᠨ ᠤᠰᠤ︾ ᠮᠡᠳᠦ ᠪᠠᠳᠤ ᠪᠠᠬᠢ ᠲᠦᠰᠢᠭ ᠪᠤᠯᠤᠭᠴᠢ᠂ ︽ᠬᠠᠷᠪᠤᠬᠤ ᠬᠦᠴᠦ ᠡᠷᠳᠡᠮᠳᠤ︾ ᠲᠡᠬᠦᠤ ᠬᠠᠪᠤᠳᠤ ᠬᠠᠰᠠᠷ᠂ ᠠᠷᠭ᠎ᠠ ᠤᠬᠠᠭᠠᠨ ᠢᠶᠠᠨ ᠡᠷᠬᠦᠵᠤ᠂ ᠠᠮᠢ ᠪᠠᠨ ᠴᠦᠯᠡᠨ᠂ ᠴᠢᠰᠤ ᠪᠠᠨ ᠤᠷᠤᠰᠬᠠᠨ ᠡᠷᠡᠯᠬᠡᠭᠯᠡᠨ ᠪᠠᠶᠢᠯᠳᠤᠵᠤ᠂ ᠪᠠᠯᠠᠷᠠᠰᠢ ᠦᠬᠡᠢ ᠭᠠᠪᠢᠶ᠎ᠠ ᠵᠢᠳᠬᠦᠯ ᠢ ᠪᠠᠶᠢᠭᠤᠯᠵᠠᠢ᠃ ᠴᠢᠩᠬᠢᠰ ᠬᠠᠭᠠᠨ ︽ᠪᠡᠯᠬᠦᠳᠡᠢ ᠶᠢᠨ ᠪᠦᠬᠡ᠂ ᠬᠠᠰᠠᠷ ᠤᠨ ᠬᠠᠪᠤ ᠪᠠᠷ ᠲᠡᠯᠡᠬᠡᠢ ᠶᠢ ᠡᠵᠡᠯᠡᠪᠡᠢ︾ ᠬᠡᠵᠤ ᠬᠡᠯᠡᠭᠰᠡᠨ ᠨᠢ ᠮᠠᠰᠢ ᠵᠦᠢᠳᠡᠢ ᠪᠦᠬᠡᠳ ᠦᠬᠡᠯᠤᠨ ᠡᠬᠡ ᠠᠴᠠ᠄      ︽ᠬᠠᠰᠠᠷ ᠬᠠᠪᠤ ᠬᠦᠴᠦᠳᠡᠢ ᠲᠤᠯᠠ      ᠬᠠᠳᠬᠤᠯᠳᠤᠨ ᠵᠠᠶᠢᠯᠠᠭᠰᠠᠳ ᠢ      ᠬᠠᠷᠪᠤᠬᠤ ᠰᠤᠮᠤ ᠶᠢᠨ ᠬᠦᠴᠦ ᠪᠠᠷ      ᠬᠠᠮᠤᠵᠤ ᠠᠪᠴᠢᠷᠠᠳᠠᠭ ᠪᠢᠯᠡ︕      ᠤᠭᠰᠢᠵᠤ ᠲᠤᠳᠠᠭᠠᠭᠰᠠᠳ ᠢ      ᠤᠨᠤᠬᠤ ᠰᠤᠮᠤ ᠶᠢᠨ ᠬᠦᠴᠦ ᠪᠠᠷ      ᠤᠷᠤᠭᠤᠯᠤᠨ‌ᠠᠪᠴᠢᠷᠠᠳᠠᠭ ᠪᠢᠯᠡ︕︾ ᠬᠡᠵᠤ ᠵᠦᠪ ᠦᠨᠡᠯᠡᠵᠡᠢ᠃ ︽ᠶᠡᠭᠡ ᠮᠤᠩᠭᠤᠯ ᠤᠯᠤᠰ ᠤᠨ ᠦᠨᠳᠦᠰᠦᠨ ᠠᠯᠳᠠᠨ ᠲᠤᠪᠴᠢ︾ ᠳᠤ ︽ᠬᠠᠰᠠᠷ ᠪᠤᠭᠳᠠ ᠠᠷᠪᠠᠨ ᠲᠠᠪᠤᠨ ᠨᠠᠰᠤᠨ ᠠᠴᠠ ᠡᠬᠢᠯᠡᠵᠤ ᠵᠦᠭ ᠵᠦᠭ  ᠲᠤᠷ ᠵᠤᠬᠢᠰ ᠢᠶᠠᠷ ᠶᠠᠪᠤᠨ᠂ ᠲᠠᠪᠤᠨ ᠬᠠᠷᠢ ᠶᠢᠨ ᠠᠶᠢᠮᠠᠭ ᠤᠳ ᠢ ᠡᠷᠬᠡ ᠳᠡᠭᠡᠨ ᠤᠷᠤᠭᠤᠯᠤᠨ᠂ ᠬᠡᠷᠴᠡᠬᠡᠢ ᠶᠢ ᠰᠦᠨᠦᠬᠦᠯᠦᠨ᠂ ᠵᠢᠷᠤᠮᠳᠠᠨ ᠢ ᠠᠮᠤᠷᠤᠭᠤᠯᠤᠨ᠂ ᠵᠠᠭᠤᠨ ᠠᠶᠢᠮᠠᠭ ᠤᠯᠠᠨ ᠤᠪᠤᠭ ᠪᠦᠬᠦᠳᠡ ᠶᠢ ᠡᠩᠬᠡ ᠨᠠᠶᠢᠷᠠᠯᠳᠤ ᠳ᠋ᠠ ᠵᠤᠬᠢᠶᠠᠭᠠᠳ ᠶᠤᠸᠠᠨ ᠤ ᠲᠦᠷᠦ ᠪᠠᠶᠢᠭᠤᠯᠤᠭᠰᠠᠨ ᠶᠠᠪᠤᠳᠠᠯ ᠤᠨ ᠶᠡᠭᠡ ᠬᠦᠴᠦᠨ ᠡᠬᠢ ᠢᠨᠤ ᠬᠠᠰᠠᠷ ᠠᠴᠠ ᠭᠠᠷᠤᠭᠰᠠᠨ ᠤ ᠲᠤᠯᠠ ᠲᠡᠭᠷᠢ ᠮᠡᠳᠦ ᠦᠨᠳᠦᠷ ᠪᠦᠬᠡᠳ ᠭᠠᠵᠠᠷ ᠮᠡᠳᠦ ᠦᠷᠬᠡᠨ ᠪᠤᠯᠵᠤᠬᠤᠢ᠃︾ ᠬᠡᠵᠤ ᠴᠢᠩᠬᠢᠰ ᠬᠠᠭᠠᠨ ᠲᠠᠢ ᠵᠡᠷᠬᠡᠴᠡᠬᠦᠯᠦᠨ ᠡᠷᠬᠦᠨ ᠮᠠᠭᠳᠠᠵᠠᠢ᠃ ᠤᠷᠠᠳ ᠤᠨ ᠲᠤᠮᠳᠠᠳᠤ ᠬᠦᠩ ᠬᠤᠰᠢᠭᠤᠨ ᠤ ᠵᠢᠮᠪᠠᠳᠤᠷᠵᠢ ᠶᠢᠨ ᠵᠤᠬᠢᠶᠠᠭᠰᠠᠨ ︽ᠪᠤᠯᠤᠷ ᠲᠤᠯᠢ︾ ᠳᠤ᠂ ᠮᠤᠩᠭᠤᠯ ᠤᠨ ᠶᠡᠭᠡ ᠬᠠᠭᠠᠨᠳᠤ ᠤᠯᠤᠰ ᠢ ᠪᠠᠶᠢᠭᠤᠯᠤᠭᠰᠠᠨ ᠭᠠᠪᠢᠶ᠎ᠠ ᠵᠢᠳᠬᠦᠯ ᠢ ᠭᠠᠭᠴᠠᠬᠠᠨ ᠴᠢᠩᠬᠢᠰ ᠬᠠᠭᠠᠨ ᠤ ᠭᠠᠪᠢᠶ᠎ᠠ ᠵᠢᠳᠬᠦᠯ ᠬᠡᠵᠤ ᠦᠵᠡᠭᠰᠡᠨ ᠪᠢᠰᠢ᠂ ᠲᠡᠬᠦᠨ ᠤ ᠲᠡᠬᠦᠤ ᠬᠠᠪᠤᠳᠤ ᠬᠠᠰᠠᠷ ᠪᠠᠰᠠ ᠲᠤᠩ ᠶᠡᠭᠡ ᠦᠢᠯᠡᠳᠦᠯ ᠦᠵᠡᠬᠦᠯᠦᠭᠰᠡᠨ ᠬᠡᠵᠤ ᠦᠨᠡᠯᠡᠬᠡᠳ᠂ ᠴᠢᠩᠬᠢᠰ ᠪᠤᠯᠤᠨ ᠬᠠᠰᠠᠷ ᠢ ︽ᠬᠤᠯᠪᠤᠭᠠᠳᠠᠢ ᠬᠤᠶᠠᠷ ᠨᠠᠷᠠ︾ ᠬᠡᠵᠤ ᠵᠦᠢᠷᠯᠡᠭᠰᠡᠨ ᠨᠢ ᠮᠤᠩᠭᠤᠯ ᠤᠨ ᠲᠡᠤᠬᠡ ᠶᠢᠨ ᠦᠨᠡᠨ ᠲᠠᠢ ᠶᠠᠭ ᠨᠡᠶᠢᠴᠡᠵᠦ ᠪᠠᠶᠢᠨ᠎ᠠ ᠬᠡᠵᠤ ᠮᠡᠬᠦᠰ ᠪᠢ ᠦᠵᠡᠵᠦ ᠪᠠᠶᠢᠨ᠎ᠠ᠃        ᠬᠠᠪᠤᠳᠤ ᠬᠠᠰᠠᠷ ᠤᠨ ᠵᠢᠩᠬᠢᠨᠢ ᠬᠠᠳᠤᠨ ᠪᠤᠯ ᠭᠤᠷᠯᠤᠰ ᠤᠪᠤᠭ ᠤᠨ ᠶᠢᠰᠤᠬᠡᠢ ᠶᠢᠨ ᠬᠡᠤᠬᠡᠨ ᠠᠯᠳᠠᠨ ᠬᠠᠳᠤᠨ ᠮᠦᠨ ᠪᠤᠯᠤᠯᠳᠠᠢ᠃ ︽ᠰᠤᠳᠤᠷ ᠤᠨ ᠴᠢᠭᠤᠯᠭᠠᠨ︾ ᠳᠤ ᠲᠡᠮᠳᠡᠭᠯᠡᠭᠰᠡᠨ ᠨᠢ᠄ ᠬᠠᠰᠠᠷ ᠤᠨ ᠦᠷ᠎ᠠ ᠬᠡᠤᠬᠡᠳ ᠲᠦᠴᠢ ᠤᠷᠴᠢᠮ ᠪᠠᠶᠢᠪᠠᠴᠤ ᠬᠠᠮᠤᠭ ᠤᠨ ᠨᠡᠷ᠎ᠠ ᠠᠯᠳᠠᠷᠳᠠᠢ ᠨᠢ ᠶᠡᠬᠦ᠂ ᠲᠤᠬᠤ ⑥ ᠶᠢᠰᠤᠩᠬᠡ ᠭᠤᠷᠪᠠ ᠶᠤᠮ᠃ ᠬᠠᠰᠠᠷ ᠦᠬᠦᠭᠰᠡᠨ ᠤ ᠲᠠᠷᠠᠭ᠎ᠠ ᠲᠡᠬᠦᠨ ᠤ ᠶᠡᠭᠡ ᠬᠦᠪᠡᠬᠦᠨ ᠶᠡᠬᠦ ᠤᠷᠤ ᠶᠢ ᠵᠠᠯᠭᠠᠮᠵᠢᠯᠠᠵᠤ᠂ ᠮᠦᠡᠭᠬᠡ ᠬᠠᠭᠠᠨ ᠪᠠ ᠬᠤᠪᠢᠯᠠᠢ ᠬᠠᠭᠠᠨ ᠤ ᠦᠶ᠎ᠠ ᠳᠤ᠂ ᠶᠢᠰᠤᠩᠬᠡ ᠬᠠᠪᠤᠳᠤ ᠬᠠᠰᠠᠷ ᠤᠨ ᠵᠠᠯᠭᠠᠮᠵᠢᠯᠠᠭᠴᠢ ᠪᠤᠯᠤᠭᠰᠠᠨ ᠤ ᠬᠤᠪᠢ ᠳᠤ ᠠᠯᠳᠠᠷ ᠨᠡᠷ᠎ᠠ ᠨᠢ ᠲᠠᠶᠠᠭᠠᠷ ᠲᠤ ᠲᠠᠭᠤᠷᠢᠰᠴᠤ᠂ ᠲᠦᠷᠦ ᠶᠢᠨ ᠴᠢᠬᠤᠯᠠ ᠶᠠᠪᠤᠳᠠᠯ ᠳᠤ ᠤᠷᠤᠯᠴᠠᠨ᠂ ᠤᠯᠤᠰ ᠤᠨ ᠶᠡᠭᠡ ᠬᠡᠷᠡᠭ ᠢ ᠵᠦᠪᠳᠡᠯᠴᠡᠵᠦ ᠶᠡᠭᠡ ᠬᠦᠨᠳᠤᠳᠠᠢ ᠪᠠᠶᠢᠵᠠᠢ᠃         ᠬᠠᠪᠤᠳᠤ ᠬᠠᠰᠠᠷ ᠤᠨ ᠦᠮᠴᠢᠯᠡᠵᠤ ᠬᠤᠪᠢᠳᠠᠭᠰᠠᠨ ᠭᠠᠵᠠᠷ ᠨᠤᠳᠤᠭ ᠪᠤᠯ ︽ᠰᠢᠷ᠎ᠠ ᠲᠤᠭᠤᠵᠢ︾ ᠳᠤ ᠬᠤᠷᠴᠢᠨ᠂ ᠯᠠᠤᠰᠠᠴᠢᠨ ᠬᠡᠵᠤ ᠲᠡᠮᠳᠡᠭᠯᠡᠵᠡᠢ᠃ ︽ᠪᠤᠭᠳᠠ ᠪᠠᠭᠠᠳᠤᠷ ᠤᠨ ᠲᠡᠮᠳᠡᠭᠯᠡᠯ︾ ᠳᠤ ︽ᠬᠤᠷᠴᠢᠨ ᠠᠶᠢᠮᠠᠭ ᠠᠨᠤ ᠪᠠᠶᠠᠰᠬᠤᠯᠠᠩ ᠬᠠᠳᠠ ᠳᠤ ᠬᠠᠭᠠᠯᠭ᠎ᠠ ᠶᠢᠨ ᠭᠠᠳᠠᠨ᠎ᠠ ᠪᠤᠢ᠃ ᠵᠡᠬᠦᠨᠰᠢ ᠪᠠᠷᠠᠭᠤᠨᠰᠢ ᠨᠠᠢᠮᠠᠨ ᠵᠠᠭᠤ ᠲᠠᠯᠠᠨ ᠭᠠᠵᠠᠷ ᠂ ᠡᠮᠤᠨᠡᠰᠢ ᠤᠮᠠᠷᠠᠰᠢ ᠬᠤᠶᠠᠷ ᠮᠢᠩᠭ᠎ᠠ ᠪᠦᠬᠡᠳ ᠵᠠᠭᠤᠨ ᠭᠠᠵᠠᠷ ᠪᠤᠶᠤ᠃ ᠡᠮᠤᠨ᠎ᠠ ᠬᠢᠵᠠᠭᠠᠷ ᠢᠨᠤ ᠮᠦᠭᠳᠡᠨ ᠤ ᠵᠠᠬ᠎ᠠ ᠬᠡᠷᠡᠮ ᠳᠤᠷ ᠲᠤᠯᠵᠤ᠂ ᠬᠤᠶᠢᠳᠤ ᠬᠢᠵᠠᠭᠠᠷ ᠢᠨᠤ ᠰᠤᠯᠤᠨ ᠳᠤᠷ ᠬᠦᠷᠦᠮᠤᠢ᠃ ᠤᠭ ᠠᠨᠤ ᠶᠤᠸᠠᠨ ᠲᠠᠶᠢᠽᠤ ︵ᠴᠢᠩᠬᠢᠰ ᠬᠠᠭᠠᠨ︶ ᠶᠢᠨ ᠲᠡᠬᠦᠤ ᠬᠠᠪᠤᠳᠤ ᠬᠠᠰᠠᠷ ᠤᠨ ᠬᠤᠶᠢᠴᠢ ᠪᠦᠯᠦᠬᠡ︾ ᠬᠡᠵᠡᠢ᠃ ᠯᠠᠤᠰᠠᠴᠢᠨ ᠬᠡᠳᠡᠭ ᠨᠢ ︽ᠭᠠᠨᠭ᠍ᠭ᠎ᠠ ᠶᠢᠨ ᠤᠷᠤᠰᠬᠠᠯ︾ ᠳᠤ ᠬᠤᠶᠠᠷ ᠯᠠᠤᠰᠠᠴᠢᠨ ᠠᠶᠢᠮᠠᠭ ᠬᠡᠵᠤ ᠪᠤᠢ᠃ ᠬᠤᠵᠢᠮ ᠨᠢ ᠦᠵᠦᠮᠦᠴᠢᠨ ᠬᠤᠰᠢᠭᠤᠨ ᠳᠤ ᠬᠠᠷᠢᠶᠠᠯᠠᠭᠳᠠᠭᠠᠳ ᠬᠤᠶᠠᠷ ᠰᠤᠮᠤ ᠪᠤᠯᠭᠠᠨ ᠬᠤᠪᠢᠶᠠᠪᠠ ᠬᠡᠵᠡᠢ᠃ ᠤᠤᠯ ᠤᠨ ᠵᠢᠷᠢᠮ ᠤᠨ ᠴᠢᠭᠤᠯᠭᠠᠨ ᠳᠤ ᠬᠠᠷᠢᠶᠠᠯᠠᠭᠳᠠᠵᠤ ᠪᠠᠶᠢᠭᠰᠠᠨ ᠬᠤᠷᠴᠢᠨ ᠠᠷᠪᠠᠨ ᠬᠤᠰᠢᠭᠤ᠂ ᠦᠬᠡᠷ᠎ᠠ ᠪᠠᠰᠠ ᠠᠷᠤ ᠬᠤᠷᠴᠢᠨ ᠨᠢᠬᠡ ᠬᠤᠰᠢᠭᠤ᠂ ᠤᠷᠠᠳ ᠤᠨ ᠭᠤᠷᠪᠠᠨ ᠬᠤᠰᠢᠭᠤ᠂ ᠲᠦᠷᠪᠡᠳ᠂ ᠮᠤᠤᠮᠢᠩᠭᠠᠨ ᠲᠠᠢ ᠨᠡᠶᠢᠳᠡ ᠠᠷᠪᠠᠨ ᠵᠢᠷᠭᠤᠭᠠᠨ ᠬᠤᠰᠢᠭᠤ ᠶᠢᠨ ᠤᠭ ᠨᠢ ᠴᠦᠮ ᠬᠠᠪᠤᠳᠤ ᠬᠠᠰᠠᠷ ᠤᠨ ᠬᠤᠶᠢᠴᠢ ᠦᠶ᠎ᠠ ᠪᠤᠯᠤᠨ᠎ᠠ᠃ ︽ᠴᠢᠩ ᠤᠯᠤᠰ ᠤᠨ ᠲᠡᠤᠬᠡ  ᠶᠢᠨ ᠡᠬᠡ ᠨᠤᠤᠷᠠᠭ︾ ᠤᠨ ᠲᠡᠮᠳᠡᠭᠯᠡᠯ ᠠᠴᠠ ᠦᠵᠡᠪᠡᠯ ᠠᠯᠠᠱᠠ ᠪᠠ ᠬᠦᠬᠡᠨᠠᠭᠤᠷ ᠤᠨ ᠦᠬᠡᠯᠡᠤᠨ ᠪᠤᠯ ᠪᠠᠰᠠ ᠴᠤ ᠬᠠᠪᠤᠳᠤ ᠬᠠᠰᠠᠷ ᠤᠨ ᠬᠤᠶᠢᠴᠢ ᠦᠶ᠎ᠡ ᠮᠦᠨ ᠶᠤᠮ ᠪᠠᠶᠢᠨ᠎ᠠ᠃        ᠲᠡᠤᠬᠡ ᠶᠢᠨ ᠮᠡᠳᠡᠭᠡ ᠨᠦᠭᠦᠳ ᠠᠴᠠ ᠦᠵᠡᠪᠡᠯ᠂ ᠵᠦᠪᠬᠡᠨ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ ᠤ ᠰᠢᠨᠠᠪᠤᠯᠠᠭ ᠰᠤᠮᠤᠨ ᠳᠤ ᠬᠠᠪᠤᠳᠤ ᠬᠠᠰᠠᠷ ᠤᠨ ᠲᠠᠶᠢᠯᠭ᠎ᠠ ᠶᠢᠨ ᠦᠷᠬᠦᠬᠡ ᠨᠢ 1966 ᠤᠨ ᠪᠤᠯᠳᠠᠯ᠎ᠠ ᠪᠠᠶᠢᠵᠠᠢ᠃ ᠲᠡᠬᠢᠨ ︽ᠰᠠᠭᠠᠩ ᠰᠠᠴᠠᠨ ᠤ ᠡᠷᠳᠡᠨᠢ ᠶᠢᠨ ᠲᠤᠪᠴᠢ︾ ᠶᠢᠨ ᠬᠤᠶᠢᠨᠠᠬᠢ ᠲᠡᠮᠳᠡᠭᠯᠡᠯ ᠳᠤ ᠮᠡᠷᠬᠡᠨᠪᠠᠭᠠᠳᠤᠷ ᠠᠪᠤᠭᠠᠢ ᠠᠴᠠ ᠤᠳᠤᠭ ᠬᠤᠰᠢᠭᠤᠨ ᠤ ᠡᠷᠢᠶᠡᠨ ᠲᠤᠯᠤᠭᠠᠢ ᠬᠡᠮᠡᠬᠦ ᠭᠠᠵᠠᠷ ᠲᠤ ᠲᠠᠬᠢᠯᠭ᠎ᠠ ᠲᠠᠶᠢᠯᠭ᠎ᠠ  ᠲᠠᠢ ᠠᠭᠯᠠᠭ ᠰᠦᠯᠳᠡ ᠶᠢᠨ ᠬᠤᠷᠤᠭ᠎ᠠ ᠬᠡᠵᠤ ᠪᠠᠶᠢᠳᠠᠭ᠃ ᠡᠨᠡ ᠨᠢ ᠬᠠᠪᠤᠳᠤ ᠬᠠᠰᠠᠷ ᠤᠨ ᠰᠦᠯᠳᠡ ᠪᠤᠯᠤᠯᠳᠠᠢ ᠬᠡᠵᠤ ᠮᠡᠳᠡᠬᠡᠯᠡᠵᠡᠢ᠃ ᠰᠠᠶᠢᠨᠵᠢᠷᠭᠠᠯ᠂ ᠰᠢᠷᠠᠯᠳᠠᠢ ᠨᠠᠷ ᠤᠨ ᠪᠢᠴᠢᠭᠰᠡᠨ ︽ᠠᠯᠳᠠᠨ ᠤᠷᠳᠤᠨ ᠤ ᠲᠠᠶᠢᠯᠭ᠎ᠠ︾ ᠬᠡᠮᠡᠬᠦ ᠨᠤᠮ ᠳᠤ ᠤᠳᠤᠭ ᠬᠤᠰᠢᠭᠤᠨ ᠤ ᠴᠠᠭᠠᠨᠳᠤᠯᠤᠭᠠᠢ ᠨᠢᠬᠡᠳᠦᠯ ᠤᠨ ᠨᠠᠩᠰᠤ ᠶᠡᠭᠡ ᠪᠠᠷᠢᠭᠠᠳᠠ ᠶᠢᠨ ᠭᠠᠵᠠᠷ ᠲᠡᠬᠢᠵᠤ ᠪᠠᠶᠢᠭᠰᠠᠨ ᠠᠯᠠᠭ ᠰᠦᠯᠳᠡ ᠪᠤᠯ ᠴᠢᠩᠬᠢᠰ ᠤᠨ ᠲᠡᠬᠦᠤ ᠬᠠᠪᠤᠳᠤ ᠬᠠᠰᠠᠷ ᠤᠨ ᠰᠢᠳᠦᠬᠡᠨ ᠰᠦᠯᠳᠡ ᠶᠤᠮ ᠪᠠᠶᠢᠨ᠎ᠠ ᠬᠡᠵᠤ ᠲᠡᠮᠳᠡᠭᠯᠡᠵᠡᠢ᠃ ᠡᠨᠡ ᠨᠢ ᠮᠡᠷᠬᠡᠨᠪᠠᠭᠠᠳᠤᠷ ᠠᠪᠤᠭᠠᠢ ᠶᠢᠨ ᠮᠡᠳᠡᠬᠡᠯᠡᠭᠰᠡᠨ ᠲᠠᠢ ᠭᠠᠵᠠᠷ ᠤᠷᠤᠨ ᠤ ᠲᠡᠯ᠎ᠠ ᠪᠠᠷ ᠪᠠᠭ᠎ᠠ ᠵᠦᠷᠢᠶ᠎ᠠ ᠲᠠᠢ ᠪᠤᠯᠪᠠᠴᠤ ᠠᠯᠠᠭ ᠰᠦᠯᠳᠡ ᠬᠡᠳᠡᠭ ᠨᠢ ᠶᠠᠪ ᠴᠠᠪ ᠨᠡᠶᠢᠴᠡᠵᠤ ᠪᠠᠶᠢᠨ᠎ᠠ᠃ ᠠᠯᠠᠭ ᠰᠦᠯᠳᠡ ᠶᠢᠨ ᠲᠠᠶᠢᠯᠬ᠎ᠠ ᠲᠠᠬᠢᠯᠭ᠎ᠠ ᠵᠤᠭᠰᠤᠭᠠᠳ ᠨᠢᠬᠡᠨᠳᠡ ᠬᠤᠷᠢᠨ ᠬᠡᠳᠦᠨ ᠵᠢᠯ ᠪᠤᠯᠵᠠᠢ᠃ ᠲᠡᠬᠡᠬᠦᠯᠡᠷ᠂ ᠮᠤᠤᠮᠢᠩᠭᠠᠨᠴᠤᠳ ᠨᠢ ᠬᠡᠳᠦᠨ ᠵᠠᠭᠤᠨ ᠵᠢᠯ ᠤᠨ ᠲᠤᠷᠰᠢ ᠦᠶ᠎ᠠ ᠤᠯᠠᠷᠢᠨ ᠲᠠᠰᠤᠷᠠᠯᠳᠠ ᠦᠬᠡᠢ ᠲᠡᠬᠢᠵᠤ ᠰᠢᠳᠦᠭᠰᠡᠬᠡᠷ ᠢᠷᠡᠭᠰᠡᠨ ᠬᠠᠪᠤᠳᠤ ᠬᠠᠰᠠᠷ ᠤᠨ ᠲᠠᠶᠢᠯᠭ᠎ᠠ ᠨᠢ ᠬᠤᠪᠤᠷ ᠨᠠᠨᠳᠢᠨ ᠲᠡᠤᠬᠡ ᠶᠢᠨ ᠲᠤᠷᠠᠰᠬᠠᠯᠳᠤ ᠵᠦᠢᠯ ᠪᠤᠯᠬᠤ ᠪᠦᠬᠡᠳ ᠡᠷᠳᠡᠨ ᠤ ᠮᠤᠩᠭᠤᠯᠴᠤᠳ ᠤᠨ ᠱᠠᠰᠢᠨ ᠰᠢᠳᠦᠯᠬᠡ ᠶᠢᠨ ᠵᠠᠩ ᠦᠢᠯᠡ ᠶᠢ ᠰᠤᠳᠤᠯᠬᠤ ᠳᠤ ᠴᠢᠬᠤᠯᠠ ᠠᠴᠢ ᠬᠤᠯᠪᠤᠭᠳᠠᠯ ᠲᠠᠢ ᠪᠢᠯᠡ᠃        ᠲᠤᠰ ᠦᠬᠦᠯᠡᠯ ᠤᠨ ᠲᠡᠬᠦᠰᠬᠡᠯ ᠳᠡᠭᠡᠨ ᠲᠠᠭᠠᠯᠳᠤᠭᠤᠯᠤᠨ ᠲᠡᠮᠳᠡᠭᠯᠡᠬᠦ ᠵᠦᠢᠯ ᠬᠡᠪᠡᠯ᠄ ᠦᠡᠭᠬᠡᠷᠡᠭᠰᠡᠨ ᠳᠤ ᠮᠤᠩᠭᠤᠯ ᠤᠨ ᠲᠡᠤᠬᠡ ᠶᠢᠨ ᠰᠤᠳᠤᠯᠤᠯ ᠨᠢ ᠴᠢᠩᠬᠢᠰ ᠬᠠᠭᠠᠨ ᠤ ᠰᠤᠳᠤᠯᠤᠯ ᠢᠶᠠᠷ ᠭᠤᠤᠯᠳᠠᠵᠤ᠂ ᠴᠢᠩᠬᠢᠰ ᠬᠠᠭᠠᠨ ᠤ ᠰᠤᠳᠤᠯᠤᠯ ᠨᠢ ︽ᠮᠤᠩᠭᠤᠯ ᠤᠨ ᠨᠢᠭᠤᠴᠠ ᠲᠤᠪᠴᠢᠶᠠᠨ︾ ᠢᠶᠠᠷ ᠪᠠᠷᠢᠮᠵᠢᠶ᠎ᠠ ᠪᠤᠯᠭᠠᠵᠤ ᠪᠠᠶᠢᠬᠤ ᠮᠡᠳᠦ ᠨᠠᠳᠠ ᠳᠤ ᠰᠠᠨᠠᠭᠳᠠᠵᠤ ᠪᠠᠶᠢᠨ᠎ᠠ᠃ ᠡᠨᠡ ᠨᠢ ᠮᠤᠩᠭᠤᠯ ᠤᠨ ᠲᠡᠤᠬᠡ ᠶᠢ ᠨᠡᠩ ᠬᠦᠨ ᠬᠦᠨᠵᠡᠬᠡᠢ᠂ ᠨᠡᠩ ᠦᠷᠬᠡᠨ ᠲᠡᠯᠬᠡᠷᠡᠩᠬᠦᠢ ᠰᠤᠳᠤᠯᠬᠤ ᠳᠤ ᠬᠢᠵᠠᠭᠠᠷᠯᠠᠯ ᠪᠤᠯᠵᠤ ᠪᠠᠶᠢᠬᠤ ᠮᠡᠳᠦ᠃ ᠲᠡᠬᠡᠬᠦᠯᠡᠷ᠂ ᠬᠠᠪᠤᠳᠤ ᠬᠠᠰᠠᠷ ᠤᠨ ᠰᠤᠳᠤᠯᠭᠠᠨ ᠢᠶᠠᠷ ᠲᠠᠮᠵᠢᠭᠤᠯᠵᠤ᠂ ︽ᠨᠢᠭᠤᠴᠠ ᠲᠤᠪᠴᠢᠶᠠᠨ︾ ᠤ ᠬᠦᠷᠢᠶ᠎ᠠ ᠬᠡᠪᠴᠢᠶ᠎ᠠ ᠠᠴᠠ ᠦᠰᠦᠷᠤᠨ ᠭᠠᠷᠴᠤ᠂ ︽ᠬᠤᠷᠢᠶᠠᠩᠭᠤᠢ ᠠᠯᠳᠠᠨ ᠲᠤᠪᠴᠢ︾᠂ ︽ᠴᠢᠩᠬᠢᠰ ᠬᠠᠭᠠᠨ ᠤ ᠠᠯᠳᠠᠨ ᠲᠤᠪᠴᠢ︾᠂ ︽ᠯᠤ ᠠᠯᠳᠠᠨ ᠲᠤᠪᠴᠢ︾᠂ ︽ᠰᠢᠷ᠎ᠠ ᠲᠤᠭᠤᠵᠢ︾᠂ ︽ᠡᠷᠳᠡᠨᠢ ᠶᠢᠨ ᠲᠤᠪᠴᠢ︾᠂ ︽ᠪᠤᠯᠤᠷ ᠲᠤᠯᠢ︾ ᠵᠡᠷᠬᠡ ᠲᠤᠳᠤᠭᠠᠳᠤ ᠭᠠᠳᠠᠭᠠᠳᠤ  ᠶᠢᠨ ᠲᠡᠤᠬᠡ ᠶᠢᠨ ᠰᠤᠷᠪᠤᠯᠵᠢ ᠪᠢᠴᠢᠭ ᠢ ᠲᠡᠬᠦᠯᠳᠡᠷ ᠠᠰᠢᠭᠯᠠᠵᠤ᠂ ︽ᠨᠢᠭᠤᠴᠠ ᠲᠤᠪᠴᠢᠶᠠᠨ︾ ᠳᠤ ᠪᠠᠶᠢᠭ᠎ᠠ ᠦᠬᠡᠢ ᠲᠡᠤᠬᠡ ᠶᠢᠨ ᠮᠡᠳᠡᠭᠡ ᠨᠦᠭᠦᠳ ᠤᠨ ᠦᠨᠡᠨ ᠪᠤᠳᠠᠳᠤ ᠴᠢᠨᠠᠷ ᠢ ᠲᠤᠩᠭᠠᠨ ᠰᠢᠯᠭᠠᠷᠠᠭᠤᠯᠬᠤ ᠨᠢ ᠮᠤᠩᠭᠤᠯ ᠤᠨ ᠰᠤᠳᠤᠯᠤᠯ ᠢ ᠠᠬᠢᠭᠤᠯᠵᠤ᠂ ᠨᠢᠬᠡᠨ ᠰᠢᠨ᠎ᠠ ᠱᠠᠳᠤᠨ ᠳᠤ ᠬᠦᠷᠬᠡᠵᠤ ᠴᠢᠳᠠᠨ᠎ᠠ ᠬᠡᠵᠤ ᠮᠡᠬᠦᠰ ᠪᠢ ᠦᠵᠡᠵᠦ ᠪᠤᠢ᠃ ᠢᠯᠠᠩᠭᠤᠶ᠎ᠠ᠂ ᠲᠡᠬᠡᠷ᠎ᠠ ᠲᠤᠷᠠᠳᠤᠭᠰᠠᠨ ᠲᠡᠤᠬᠡ ᠶᠢᠨ ᠰᠤᠷᠪᠤᠯᠵᠢ ᠪᠢᠴᠢᠭ ᠤᠳ ᠲᠤ ᠪᠠᠶᠢᠳᠠᠭ ᠬᠠᠰᠠᠷ ᠤᠨ ᠲᠤᠬᠠᠢ ᠤᠯᠠᠨ ᠲᠤᠮᠤᠭ ᠦᠯᠢᠬᠡᠷ ᠤᠳ ᠨᠢ ᠴᠤᠬᠤᠮ ᠱᠠᠰᠢᠨ ᠰᠤᠷᠳᠠᠬᠤᠨ ᠤ ᠦᠯᠢᠬᠡᠷ ᠲᠤᠮᠤᠭ ᠪᠤᠯᠬᠤ ᠶᠤᠮ ᠤᠤ ᠡᠰᠡᠬᠦᠯ᠎ᠠ ᠂ ᠲᠤᠮᠤᠭ ᠦᠯᠢᠬᠡᠷ ᠤᠨ ᠠᠷᠭ᠎ᠠ ᠪᠠᠷᠢᠯ ᠢᠶᠠᠷ ᠪᠢᠴᠢᠭᠰᠡᠨ ᠲᠡᠤᠬᠡ ᠶᠢᠨ ᠦᠨᠡᠨ ᠬᠡᠷᠡᠭ ᠪᠤᠯᠬᠤ ᠶᠤᠮ ᠤᠤ︖ ᠬᠡᠳᠡᠭ ᠢ ᠰᠤᠳᠤᠯᠤᠨ ᠲᠤᠳᠤᠯᠠᠬᠤ ᠨᠢ ᠮᠤᠩᠭᠤᠯ ᠤᠨ ᠰᠤᠳᠤᠯᠤᠯ ᠳᠤ ᠲᠤᠩ ᠶᠡᠭᠡ ᠠᠴᠢ ᠬᠤᠯᠪᠤᠭᠳᠠᠯ ᠲᠠᠢ ᠬᠡᠵᠤ ᠪᠤᠳᠤᠵᠤ ᠪᠠᠶᠢᠨ᠎ᠠ᠃ ᠵᠡᠬᠦᠯᠳᠡ ᠲᠠᠶᠢᠯᠪᠤᠷᠢ᠄       ① ᠦᠯᠵᠡᠶᠢᠳᠤ ᠶᠢᠨ ᠲᠠᠶᠢᠯᠪᠤᠷᠢᠯᠠᠭᠰᠠᠨ ︽ᠰᠢᠷ᠎ᠠ ᠲᠤᠭᠤᠵᠢ︾ ᠶᠢᠨ ᠲᠠᠶᠢᠯᠪᠤᠷᠢ ᠳᠤ ᠦᠵᠡ᠃      ② ᠰᠠᠶᠢᠰᠢᠶᠠᠯᠳᠤ ᠶᠢᠨ ︽ᠴᠢᠩᠬᠢᠰ ᠬᠠᠭᠠᠨ ᠤ ᠲᠤᠪᠴᠢᠶᠠᠨ︾ ᠠᠴᠠ ᠡᠰᠢᠯᠡᠪᠡ᠃      ③ ︽ᠪᠤᠯᠤᠷ ᠲᠤᠯᠢ︾ ᠤᠨ 391-417 ᠳ᠋ᠤᠭᠠᠷ ᠨᠢᠭᠤᠷ ᠪᠠ ᠰᠠᠶᠢᠰᠢᠶᠠᠯ ᠤᠨ ︽ᠴᠢᠩᠬᠢᠰ ᠬᠠᠭᠠᠨ ᠤ ᠲᠤᠪᠴᠢᠶᠠᠨ︾ ᠤ 42 ᠳ᠋ᠤᠭᠠᠷ ᠬᠡᠰᠡᠭ ᠠᠴᠠ ᠦᠨᠳᠦᠰᠦᠯᠡᠪᠡ᠃      ④ ︽ᠯᠤ ᠠᠯᠳᠠᠨ ᠲᠤᠪᠴᠢ︾ ᠶᠢᠨ 221 ᠳ᠋ᠤᠬᠡᠷ ᠪᠦᠯᠦᠭ ᠲᠤ ᠦᠵᠡ᠃ ︽ᠬᠤᠷᠢᠶᠠᠩᠭᠤᠢ ᠠᠯᠳᠠᠨ ᠲᠤᠪᠴᠢ︾ ᠳᠤ ᠴᠢᠩᠬᠢᠰ ᠬᠠᠭᠠᠨ ᠶᠡᠭᠡ ᠤᠷᠤ ᠰᠠᠭᠤᠬᠤ ︽ᠡᠬᠦᠨᠴᠡ ᠬᠠᠰᠠᠷ ᠡᠵᠡᠨ ᠠᠶᠤᠵᠤ ᠲᠡᠪᠴᠢᠨ ᠲᠤᠳᠠᠭᠠᠪᠠ︾ ᠬᠡᠵᠤ ᠪᠠᠶᠢᠳᠠᠭ᠃      ⑤ ᠬᠠᠰᠠᠷ ᠤᠨ ᠨᠠᠰᠤ ᠪᠠᠷᠠᠭᠰᠠᠨ ᠵᠢᠯ ᠢ ᠦᠯᠵᠡᠶᠢᠳᠤ ᠭᠤᠸᠠᠢ ︽ᠰᠢᠷ᠎ᠠ ᠲᠤᠭᠤᠵᠢ︾ ᠶᠢᠨ ᠲᠠᠶᠢᠯᠪᠤᠷᠢ ᠳᠤ 1213 ᠤᠨ ᠬᠡᠵᠤ᠂ ᠢᠷᠢᠨᠴᠢᠨ ︽ᠬᠠᠪᠤᠳᠤ ᠬᠠᠰᠠᠷ ᠤᠨ ᠲᠦᠬᠦᠮ ᠲᠠᠨᠢᠯᠴᠠᠭᠤᠯᠭ᠎ᠠ︾ ᠳᠠᠭᠠᠨ ᠠᠷᠪᠠᠨ ᠭᠤᠷᠪᠠᠳᠤᠭᠠᠷ ᠵᠠᠭᠤᠨ ᠤ ᠠᠷᠪᠠᠭᠠᠳ ᠤᠨ ᠤ ᠲᠤᠤᠷ᠎ᠠ ᠬᠠᠭᠠᠰ ᠢᠶᠠᠷ ᠬᠡᠵᠤ ᠪᠤᠢ᠃      ⑥ ᠬᠠᠰᠠᠷ ᠤᠨ ᠬᠦᠤ ᠲᠤᠬᠤ ᠶᠢᠨ ᠲᠤᠬᠠᠢ ᠲᠡᠤᠬᠡᠨ ᠰᠤᠷᠪᠤᠯᠵᠢ ᠪᠢᠴᠢᠭ ᠤᠳ ᠲᠤ ᠲᠡᠮᠡᠢ ᠲᠡᠮᠳᠡᠭᠯᠡᠯ ᠦᠬᠡᠢ᠃ ︽ᠯᠤ ᠠᠯᠳᠠᠨ ᠲᠤᠪᠴᠢ︾ ᠪᠠ ︽ᠬᠤᠷᠢᠶᠠᠩᠭᠤᠢ ᠲᠤᠪᠴᠢ︾ ᠳᠤ ᠭᠠᠷᠳᠠᠭ ᠬᠠᠰᠠᠷ ᠤᠨ ᠬᠦᠤ ᠲᠠᠳᠤᠩᠭ᠎ᠠ ᠪᠤᠶᠤ ᠲᠠᠳᠤᠩᠭ᠎ᠠ ᠪᠠᠭᠠᠳᠤᠷ᠂ ᠲᠡᠬᠢᠪᠡᠯ ︽ᠪᠤᠯᠤᠷ ᠲᠤᠯᠢ︾ ᠳᠤ ᠭᠠᠷᠳᠠᠭ ᠬᠠᠰᠠᠷ ᠤᠨ ᠬᠦᠤ ᠲᠤᠭᠳ᠋ᠸ᠎ᠠ ᠬᠡᠳᠡᠭ ᠨᠢ ᠲᠤᠬᠤ ᠮᠦᠨ ᠪᠤᠯᠤᠯᠳᠠᠢ᠃ ᠲᠡᠤᠬᠡᠴᠢᠳ ᠤᠨ ᠪᠢᠴᠢᠭᠰᠡᠨ ᠬᠠᠰᠠᠷ ᠤᠨ ᠦᠶ᠎ᠠ ᠵᠠᠯᠭᠠᠮᠵᠢ ᠳᠤ ᠬᠠᠰᠠᠷ ᠤᠨ ᠬᠦᠤ ᠲᠠᠳᠤᠩᠭ᠎ᠠ ︵ᠪᠤᠶᠤ ᠲᠤᠭᠳ᠋ᠸ᠎ᠠ︶ ᠬᠡᠰᠡᠨ ᠨᠡᠷ᠎ᠠ ᠶᠡᠷᠦ ᠬᠠᠷᠠᠭᠳᠠᠭᠰᠠᠨ ᠦᠬᠡᠢ᠃
 
ᠢᠷᠡᠯᠲᠡ᠄ ᠲᠠᠷᠬᠠᠨ ᠮᠤᠤᠮᠢᠩᠭᠠᠨ ᠬᠤᠰᠢᠭᠤᠨ ᠤ ᠠᠷᠠᠳ ‍ᠤᠨ‌ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号