ᠭᠠᠳᠠᠭᠠᠳᠤ ᠶᠢᠨ ᠨᠢᠭᠡᠨ ᠰᠡᠳᠬᠦᠯ ᠤᠨ ᠣᠶᠢᠷ᠎ᠠ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ | ᠢᠯᠡᠷᠡᠭᠦᠯᠦᠭᠰᠡᠨ ᠢᠶᠠᠷ᠂ ᠡᠨᠧᠷᠭᠢ ᠶᠢᠨ ᠤᠮᠳᠠᠭᠠᠨ ᠤᠤᠭᠤᠬᠤ ᠨᠢ ᠵᠠᠯᠠᠭᠤᠴᠤᠳ ᠤᠨ ᠨᠦᠢᠷ ᠮᠠᠭᠤᠲᠠᠬᠤ ᠲᠠᠢ | ᠬᠤᠯᠪᠤᠭ᠎ᠠ ᠲᠠᠢ᠃ ᠡᠶᠢᠮᠦ ᠤᠮᠳᠠᠭᠠᠨ ᠢ ᠭᠡᠳᠦ ᠤᠯᠠᠨ ᠤᠤᠭᠤᠪᠠᠯ ᠵᠠᠯᠠᠭᠤᠴᠤᠳ ᠤᠨ ᠤᠨᠲᠠᠬᠤ ᠴᠠᠭ ᠨᠢ ᠲᠡᠳᠦᠢ | ᠪᠠᠭ᠎ᠠ ᠪᠣᠯᠵᠤ᠂ ᠰᠠᠷ᠎ᠠ ᠳᠤ 1 — 3 ᠤᠳᠠᠭ᠎ᠠ ᠯᠡ ᠤᠤᠭᠤᠭᠰᠠᠨ ᠴᠦ ᠨᠦᠢᠷ ᠢ ᠬᠠᠷᠰᠢᠯᠠᠬᠤ ᠲᠦᠭᠰᠢᠭᠦᠷᠢ ᠲᠠᠢ | ᠭᠡᠵᠡᠢ᠃ | ᠡᠨᠧᠷᠭᠢ ᠶᠢᠨ ᠤᠮᠳᠠᠭᠠᠨ ᠤ ᠳᠤᠮᠳᠠᠴᠢ ᠺᠤᠹᠤᠶ᠋ᠢᠨ ᠤ ᠠᠭᠤᠯᠤᠭᠳᠠᠴᠠ ᠨᠢ ᠯᠢᠳ᠋ᠷ ᠪᠦᠷᠢ ᠳᠤ 150 ᠮᠢᠯᠢᠭᠷᠡᠮ | ᠪᠠᠶᠢᠵᠤ᠂ ᠪᠠᠰᠠ ᠰᠢᠬᠢᠷ᠂ ᠸᠢᠲ᠋ᠠᠮᠢᠨ᠂ ᠡᠷᠦᠳᠡᠰᠦ ᠪᠠ ᠰᠢᠪᠲᠦᠷᠲᠦ ᠬᠦᠴᠢᠯ ᠵᠡᠷᠭᠡ ᠶᠢ ᠠᠭᠤᠯᠳᠠᠭ᠃ ᠬᠦᠴᠦ | ᠲᠠᠮᠢᠷ ᠰᠡᠯᠪᠢᠵᠦ᠂ ᠴᠤᠭ ᠵᠢᠪᠬᠤᠭ᠎ᠠ ᠶᠢ ᠰᠡᠷᠭᠦᠭᠡᠬᠦ ᠡᠮ ᠪᠣᠯᠤᠭᠰᠠᠨ ᠤ ᠬᠤᠪᠢ ᠳᠤ᠂ ᠡᠨᠧᠷᠭᠢ ᠶᠢᠨ ᠤᠮᠳᠠᠭᠠᠨ ᠨᠢ | ᠵᠠᠯᠠᠭᠤᠴᠤᠳ ᠤᠨ ᠪᠠᠭ᠋ᠠᠷᠬᠠᠯ ᠢ ᠶᠡᠬᠡᠳᠡ ᠲᠠᠲᠠᠳᠠᠭ᠃ | ᠰᠤᠳᠤᠯᠭᠠᠨ ᠤ ᠠᠵᠢᠯᠲᠠᠨ 18 — 35 ᠨᠠᠰᠤᠨ ᠤ 53266 ᠣᠷᠣᠯᠴᠠᠭᠰᠠᠳ ᠤᠨ ᠲᠤᠭ᠎ᠠ | ᠪᠠᠷᠢᠮᠲᠠ ᠶᠢ ᠠᠰᠢᠭᠯᠠᠵᠠᠢ᠃ ᠣᠷᠣᠯᠴᠠᠭᠰᠠᠳ ᠡᠨᠧᠷᠭᠢ ᠶᠢᠨ ᠤᠮᠳᠠᠭᠠᠨ ᠤᠤᠭᠤᠬᠤ ᠳᠠᠪᠲᠠᠮᠵᠢ ᠵᠢᠴᠢ ᠤᠨᠲᠠᠬᠤ | ᠵᠠᠭᠪᠤᠷ ᠤᠨ ᠲᠤᠬᠠᠢ ᠨᠠᠷᠢᠨ ᠲᠣᠳᠣᠷᠬᠠᠢ ᠠᠰᠠᠭᠤᠯᠲᠠ ᠳᠤ ᠬᠠᠨᠳᠤᠵᠤ᠂ ᠰᠥᠨᠢ ᠪᠦᠷᠢ ᠶᠢᠨ ᠶᠡᠷᠦᠩᠬᠡᠢ ᠤᠨᠲᠠᠬᠤ | ᠴᠠᠭ ᠪᠣᠯᠣᠨ ᠬᠡᠪᠲᠡᠬᠦ ᠴᠠᠭ ᠢ ᠦᠨᠳᠦᠰᠦᠯᠡᠨ ᠤᠨᠲᠠᠬᠤ ᠨᠣᠷᠮ᠎ᠠ ᠶᠢ ᠪᠤᠳᠤᠨ᠎ᠠ᠃ ᠨᠢᠭᠡ ᠭᠠᠷᠠᠭ ᠲᠤ ᠠᠳᠠᠭ | ᠪᠠᠭ᠎ᠠ ᠳᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠤᠰᠬᠤ᠂ ᠨᠢᠭᠡ ᠭᠠᠷᠠᠭ ᠲᠤ ᠠᠳᠠᠭ | ᠪᠠᠭ᠎ᠠ ᠳᠠᠭᠠᠨ 3 ᠡᠳᠦᠷ ᠨᠢ ᠮᠠᠩᠰᠢᠭᠤᠷᠠᠬᠤ ᠪᠠ ᠶᠠᠳᠠᠷᠠᠵᠤ ᠴᠢᠯᠡᠭᠡᠷᠬᠡᠬᠦ᠂ ᠡᠨᠡ ᠮᠡᠲᠦ ᠪᠠᠷ ᠨᠠᠭᠠᠲᠤ ᠵᠠᠬ᠎ᠠ ᠳᠠᠭᠠᠨ | 3 ᠰᠠᠷ᠎ᠠ ᠦᠷᠭᠦᠯᠵᠢᠯᠡᠪᠡᠯ ᠨᠦᠢᠷ ᠬᠤᠯᠵᠢᠭᠰᠠᠨ ᠳᠤ ᠲᠣᠭᠠᠴᠢᠪᠠ᠃ | ᠪᠠᠶᠢᠴᠠᠭᠠᠯᠲᠠ ᠪᠠᠷ ᠢᠯᠡᠷᠡᠭᠦᠯᠦᠭᠰᠡᠨ ᠨᠢ᠂ ᠡᠨᠧᠷᠭᠢ ᠶᠢᠨ ᠤᠮᠳᠠᠭᠠᠨ ᠤ ᠬᠡᠷᠡᠭᠯᠡᠭᠡ ᠳᠤ ᠬᠦᠢᠰᠦ ᠢᠯᠭᠠᠯ ᠤᠨ | ᠢᠯᠡᠷᠬᠡᠢ ᠵᠥᠷᠢᠶ᠎ᠡ ᠣᠷᠣᠰᠢᠵᠤ ᠵᠢᠱᠢᠶᠡᠯᠡᠪᠡᠯ᠂ ᠡᠮᠡᠭᠲᠡᠶᠢᠴᠦᠳ ᠡᠷᠡᠭᠲᠡᠶᠢᠴᠦᠳ ᠠᠴᠠ ᠨᠠᠩ ᠴᠥᠭᠡᠨ ᠪᠤᠶᠤ | ᠶᠡᠷᠦ ᠠᠴᠠ ᠡᠨᠧᠷᠭᠢ ᠶᠢᠨ ᠤᠮᠳᠠᠭᠠᠨ ᠢ ᠤᠤᠭᠤᠳᠠᠭ ᠦᠭᠡᠢ᠃ ᠡᠳᠡᠭᠡᠷ ᠤᠮᠳᠠᠭᠠᠨ ᠢ ᠦᠨᠡᠬᠡᠷ ᠤᠤᠭᠤᠵᠤ | ᠥᠩᠭᠡᠷᠡᠭᠰᠡᠨ ᠭᠡᠵᠦ ᠬᠠᠷᠢᠭᠤᠯᠤᠭᠰᠠᠨ ᠬᠥᠮᠥᠰ ᠤᠨ ᠳᠣᠲᠣᠷ᠎ᠠ᠂ 5.5% ᠶᠢᠨ ᠡᠮᠡᠭᠲᠡᠶᠢᠴᠦᠳ ᠭᠠᠷᠠᠭ ᠪᠦᠷᠢ 4 | — 6 ᠤᠳᠠᠭ᠎ᠠ ᠤᠤᠭᠤᠵᠤ᠂ 3% ᠠᠴᠠ ᠢᠯᠡᠭᠦᠦ ᠡᠮᠡᠭᠲᠡᠶᠢᠴᠦᠳ ᠡᠳᠦᠷ ᠪᠦᠷᠢ ᠡᠶᠢᠮᠦ ᠤᠮᠳᠠᠭᠠᠨ | ᠤᠤᠭᠤᠳᠠᠭ ᠭᠡᠵᠡᠢ ; ᠡᠷᠡᠭᠲᠡᠶᠢᠴᠦᠳ ᠤᠨ ᠬᠠᠷᠢᠴᠠᠯ ᠲᠤᠭ᠎ᠠ ᠨᠢ ᠲᠤᠰᠪᠦᠷᠢ 8% ᠪᠠ 5% ᠪᠣᠯᠣᠨ᠎ᠠ᠃ | ᠡᠨᠧᠷᠭᠢ ᠶᠢᠨ ᠤᠮᠳᠠᠭᠠᠨ ᠤ ᠬᠡᠷᠡᠭᠯᠡᠭᠡ ᠬᠢᠭᠡᠳ ᠤᠨᠲᠠᠬᠤ ᠴᠠᠭ ᠪᠠᠭᠠᠰᠬᠤ ᠶᠢᠨ ᠬᠤᠭᠤᠷᠣᠨᠳᠤ ᠢᠯᠡᠷᠬᠡᠢ | ᠲᠤᠰᠬᠠᠯ ᠤᠨ ᠬᠠᠷᠢᠴᠠᠭ᠎ᠠ ᠲᠠᠢ ᠪᠠᠶᠢᠳᠠᠭ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭᠰᠡᠨ ᠡᠷᠡᠭᠲᠡᠢ ᠡᠮᠡᠭᠲᠡᠢ ᠨᠢ | ᠴᠥᠮ ᠬᠠᠶᠠ ᠵᠠᠷᠢᠮ ᠳᠠᠭᠠᠨ ᠤᠤᠭᠤᠳᠠᠭ ᠪᠤᠶᠤ ᠶᠡᠷᠦ ᠠᠴᠠ ᠤᠤᠭᠤᠳᠠᠭ ᠦᠭᠡᠢ ᠭᠡᠵᠦ ᠮᠡᠳᠡᠭᠦᠯᠦᠭᠰᠡᠨ ᠡᠷᠡᠭᠲᠡᠢ | ᠡᠮᠡᠭᠲᠡᠢ ᠠᠴᠠ ᠬᠠᠭᠠᠰ ᠴᠠᠭ ᠣᠷᠴᠢᠮ ᠳᠤᠲᠠᠭᠤ ᠤᠨᠲᠠᠳᠠᠭ ᠃ | ᠡᠨᠧᠷᠭᠢ ᠶᠢᠨ ᠤᠮᠳᠠᠭᠠᠨ ᠤ ᠬᠡᠷᠡᠭᠯᠡᠭᠡ ᠶᠢᠨ ᠨᠡᠮᠡᠭᠳᠡᠯ ᠨᠢ ᠨᠦᠢᠷ ᠮᠠᠭᠤᠲᠠᠬᠤ ᠲᠠᠢ ᠰᠢᠭᠤᠳ ᠬᠤᠯᠪᠤᠭ᠎ᠠ ᠲᠠᠢ | ᠪᠠᠶᠢᠵᠤ᠂ ᠰᠥᠨᠢ ᠰᠡᠷᠢᠭᠦ ᠳᠠᠪᠲᠠᠮᠵᠢ ᠪᠠ ᠤᠨᠲᠠᠬᠤ ᠳᠤ ᠬᠡᠷᠡᠭᠰᠡᠬᠦ ᠴᠠᠭ ᠨᠢ ᠬᠠᠷᠢᠴᠠᠩᠭᠤᠢ ᠪᠠᠷ ᠨᠡᠮᠡᠭᠳᠡᠳᠡᠭ᠃ |