ᠭᠡᠷ ᠤᠨ ᠲᠡᠵᠢᠭᠡᠪᠦᠷᠢ ᠶᠢᠨ ᠲᠥᠷᠥᠯ ᠵᠦᠢᠯ᠂ ᠡᠭᠦᠯᠳᠡᠷ᠂ ᠶᠡᠭᠡ ᠪᠠᠭ᠎ᠠ ᠵᠡᠷᠭᠡ ᠠᠳᠠᠯᠢ ᠪᠤᠰᠤ ᠪᠠᠶᠢᠳᠠᠯ ᠤᠨ | ᠢᠯᠭᠠᠯ ᠦᠭᠡᠢ ᠪᠠᠷ ᠵᠢᠯ ᠪᠦᠷᠢ ᠶᠢᠨ ᠬᠠᠪᠤᠷ᠂ ᠨᠠᠮᠤᠷ ᠬᠤᠶᠠᠷ ᠤᠯᠠᠷᠢᠯ ᠳᠤ ᠴᠥᠮ ᠲᠡᠵᠢᠭᠡᠪᠦᠷᠢ ᠶᠢᠨ ᠨᠥᠬᠦᠴᠡᠯ ᠪᠠ | ᠲᠡᠵᠢᠭᠡᠪᠦᠷᠢ ᠶᠢᠨ ᠣᠷᠴᠢᠨ ᠲᠣᠭᠤᠷᠢᠨ ᠢᠶᠠᠨ ᠦᠨᠳᠦᠰᠦᠯᠡᠵᠦ ᠬᠤᠷᠣᠬᠠᠢ ᠬᠥᠭᠡᠭᠡᠬᠦ ᠬᠡᠷᠡᠭᠲᠡᠢ᠂ ᠬᠠᠪᠤᠷ ᠤᠨ | ᠤᠯᠠᠷᠢᠯ ᠳᠤ ᠬᠤᠷᠣᠬᠠᠢ ᠬᠥᠭᠡᠭᠡᠬᠦ ᠶᠠᠪᠤᠳᠠᠯ ᠢ ᠠᠩᠬᠠᠷᠬᠤ ᠬᠡᠷᠡᠭᠲᠡᠢ᠃ | ᠬᠤᠷᠣᠬᠠᠢ ᠶᠢ ᠴᠠᠭ ᠲᠤᠬᠠᠢ ᠳᠤᠨᠢ ᠬᠥᠭᠡᠭᠡᠬᠦ ᠬᠡᠷᠡᠭᠲᠡᠢ᠃ ᠤᠴᠢᠷ ᠨᠢ ᠵᠢᠯ ᠪᠦᠷᠢ ᠶᠢᠨ ᠬᠠᠪᠤᠷ ᠤᠨ | ᠤᠯᠠᠷᠢᠯ ᠳᠤ ᠠᠭᠠᠷ ᠤᠨ ᠳᠤᠯᠠᠭᠠᠨ ᠳᠡᠭᠡᠭᠰᠢᠯᠡᠭᠡᠳ ᠵᠣᠬᠢᠬᠤ ᠬᠡᠮᠵᠢᠶᠡᠨ ᠳᠤ ᠬᠦᠷᠬᠦ ᠦᠶ᠎ᠡ ᠳᠤ᠂ ᠮᠠᠰᠢ ᠣᠯᠠᠨ | ᠰᠢᠮᠡᠭᠦᠷ ᠬᠤᠷᠣᠬᠠᠢ ᠪᠠ ᠬᠤᠷᠣᠬᠠᠢ ᠶᠢᠨ ᠥᠨᠳᠡᠭᠡ ᠨᠢ ᠪᠠᠶᠢᠭᠠᠯᠢ ᠤᠷᠴᠢᠨ ᠳᠤ ᠥᠰᠴᠦ ᠦᠷᠡᠵᠢᠳᠡᠭ᠂ ᠣᠷᠴᠢᠨ | ᠲᠣᠭᠤᠷᠢᠨ ᠪᠠ ᠡᠪᠡᠰᠦ ᠪᠣᠷᠳᠤᠭ᠎ᠠ ᠶᠢ ᠪᠣᠬᠢᠷᠲᠤᠭᠤᠯᠵᠤ᠂ ᠮᠠᠰᠢ ᠣᠯᠠᠨ ᠰᠢᠮᠡᠭᠦᠷ ᠬᠤᠷᠣᠬᠠᠢ ᠪᠠ ᠬᠤᠷᠣᠬᠠᠢ ᠶᠢᠨ | ᠥᠨᠳᠡᠭᠡ ᠨᠢ ᠡᠪᠡᠰᠦ ᠪᠣᠷᠳᠤᠭ᠎ᠠ ᠶᠢ ᠳᠠᠭᠠᠵᠤ ᠭᠡᠷ ᠤᠨ ᠲᠡᠵᠢᠭᠡᠪᠦᠷᠢ ᠳᠤ ᠬᠠᠯᠳᠠᠪᠤᠷᠢᠯᠠᠨ᠂ ᠭᠡᠷ ᠤᠨ | ᠲᠡᠵᠢᠭᠡᠪᠦᠷᠢ ᠶᠢᠨ ᠡᠷᠡᠭᠦᠯ ᠮᠡᠨᠳᠦ ᠳᠤ ᠲᠦᠢᠯ ᠤᠨ ᠶᠡᠭᠡ ᠬᠤᠣᠷ ᠬᠥᠨᠥᠭᠡᠯ ᠤᠴᠠᠷᠠᠭᠤᠯᠵᠤ᠂ ᠬᠦᠨᠳᠦ ᠨᠣᠴᠢᠲᠠᠢ ᠨᠢ | ᠪᠠᠰᠠ ᠭᠡᠷ ᠤᠨ ᠲᠡᠵᠢᠭᠡᠪᠦᠷᠢ ᠶᠢ ᠦᠬᠦᠭᠦᠯᠳᠡᠭ᠂ ᠡᠶᠢᠮᠦ ᠠᠴᠠ ᠴᠠᠭ ᠲᠤᠬᠠᠢ ᠳᠤᠨᠢ ᠲᠣᠭᠲᠠᠭᠰᠠᠨ | ᠬᠤᠭᠤᠴᠠᠭ᠎ᠠ ᠲᠠᠢ ᠪᠠᠷ ᠬᠤᠷᠣᠬᠠᠢ ᠶᠢ ᠬᠥᠭᠡᠭᠡᠬᠦ ᠬᠡᠷᠡᠭᠲᠡᠢ᠃ | ᠠᠮᠠᠷᠬᠠᠨ ᠡᠭᠦᠰᠬᠦ ᠰᠢᠮᠡᠭᠦᠷ ᠬᠤᠷᠣᠬᠠᠢ ᠶᠢᠨ ᠡᠪᠡᠳᠴᠢᠨ᠃ ᠮᠥᠯᠵᠢᠨ ᠠᠮᠢᠳᠤᠷᠠᠬᠤ ᠬᠡᠰᠡᠭ ᠠᠴᠠ ᠨᠢ | ᠪᠡᠶ᠎ᠡ ᠶᠢᠨ ᠳᠣᠲᠣᠷ᠎ᠠ ᠪᠠ ᠪᠡᠶ᠎ᠡ ᠶᠢᠨ ᠭᠠᠳᠠᠨ᠎ᠠ ᠭᠡᠵᠦ ᠬᠤᠶᠠᠷ ᠵᠦᠢᠯ ᠳᠤ ᠠᠩᠭᠢᠯᠠᠳᠠᠭ᠃ | ᠪᠡᠶ᠎ᠡ ᠶᠢᠨ ᠭᠠᠳᠠᠨ᠎ᠠ ᠨᠢ ᠪᠥᠭᠡᠰᠦ᠂ ᠬᠠᠴᠢᠭ᠂ ᠠᠷᠠᠰᠤᠨ ᠢᠯᠠᠭ᠎ᠠ᠂ ᠬᠠᠮᠠᠷ ᠤᠨ ᠢᠯᠠᠭ᠎ᠠ ᠲᠠᠢ᠃ ᠬᠠᠴᠢᠭ | ᠬᠤᠷᠣᠬᠠᠢ ᠶᠢᠨ ᠡᠪᠡᠳᠴᠢᠨ ᠪᠣᠯ ᠬᠦᠷᠦᠯᠴᠡᠬᠦ ᠴᠢᠨᠠᠷᠲᠠᠢ ᠰᠢᠮᠡᠭᠦᠷ ᠬᠤᠷᠣᠬᠠᠢ ᠶᠢᠨ ᠡᠪᠡᠳᠴᠢᠨ ᠣᠯᠠᠨ ᠡᠭᠦᠰᠳᠡᠭ | ᠪᠥᠭᠡᠳ ᠪᠠᠰᠠ ᠠᠷᠠᠰᠤᠨ ᠤ ᠢᠯᠠᠭ᠎ᠠ ᠪᠠ ᠬᠠᠮᠠᠷ ᠤᠨ ᠢᠯᠠᠭ᠎ᠠ ᠪᠠᠶᠢᠳᠠᠭ᠃ | ᠪᠡᠶ᠎ᠡ ᠶᠢᠨ ᠲᠣᠲᠤᠷ᠎ᠠ ᠬᠦᠵᠢ ᠬᠤᠷᠣᠬᠠᠢ᠂ ᠲᠤᠤᠰᠠ ᠬᠤᠷᠣᠬᠠᠢ᠂ ᠰᠢᠯᠪᠢᠭᠦᠷᠲᠦ ᠬᠤᠷᠣᠬᠠᠢ ᠵᠡᠷᠭᠡ | ᠤᠲᠠᠰᠤᠯᠢᠭ ᠬᠤᠷᠣᠬᠠᠢ ᠶᠢᠨ ᠲᠥᠷᠥᠯ ᠲᠠᠢ᠂ ᠪᠠᠰᠠ ᠰᠢᠷᠬᠡᠭᠯᠢᠭ ᠬᠤᠷᠣᠬᠠᠢ᠂ ᠰᠢᠮᠡᠭᠦᠷ ᠬᠤᠷᠣᠬᠠᠢ᠂ ᠪᠥᠮᠪᠥᠭᠡᠨ | ᠬᠤᠷᠣᠬᠠᠢ᠂ ᠬᠡᠦᠷᠰᠢᠮᠡᠯ ᠬᠤᠷᠣᠬᠠᠢ ᠵᠡᠷᠭᠡ ᠪᠤᠶ᠃ ᠡᠭᠦᠨ ᠠᠴᠠ ᠭᠠᠳᠠᠨ᠎ᠠ ᠪᠠᠰᠠ ᠰᠢᠷᠬᠡᠭᠯᠢᠭ ᠬᠤᠷᠣᠬᠠᠢ᠂ ᠰᠢᠮᠡᠭᠦᠷ | ᠬᠤᠷᠣᠬᠠᠢ᠂ ᠪᠥᠮᠪᠥᠭᠡᠨ ᠬᠤᠷᠣᠬᠠᠢ᠂ ᠬᠡᠦᠷᠰᠢᠮᠡᠯ ᠬᠤᠷᠣᠬᠠᠢ ᠭᠡᠬᠦ ᠮᠡᠲᠦ ᠪᠤᠶ᠃ ᠡᠭᠦᠨ ᠤ ᠳᠣᠲᠣᠷ᠎ᠠ ᠪᠡᠶ᠎ᠡ ᠶᠢᠨ | ᠳᠣᠲᠣᠷᠠᠬᠢ ᠮᠥᠯᠵᠢᠭᠦᠷ ᠬᠤᠷᠣᠬᠠᠢ ᠶᠢᠨ ᠶᠡᠬᠡᠩᠬᠢ ᠬᠡᠰᠡᠭ ᠨᠢ ᠬᠤᠷᠣᠬᠠᠢ ᠶᠢᠨ ᠥᠨᠳᠡᠭᠡ ᠪᠠᠷ ᠳᠡᠮᠵᠢᠨ ᠲᠠᠷᠬᠠᠳᠠᠭ᠃ | ᠵᠠᠪᠰᠠᠷ ᠤᠨ ᠵᠠᠭᠤᠴᠢ ᠳᠤ ᠪᠠᠲᠠᠭᠠᠨ᠎ᠠ᠂ ᠢᠯᠠᠭ᠎ᠠ᠂ ᠲᠡᠯᠡᠭᠴᠢ᠂ ᠱᠠᠯᠵᠠ ᠵᠡᠷᠭᠡ ᠴᠢᠰᠤ ᠰᠤᠷᠤᠭᠴᠢ ᠰᠢᠪᠠᠵᠢ | ᠪᠠᠶᠢᠳᠠᠭ᠃ ᠳᠤᠮᠳᠠᠬᠢ ᠬᠤᠰᠲ ᠤᠨ ᠡᠵᠡᠨ ᠳᠤᠨᠢ ᠡᠮᠡᠭᠡᠨ ᠬᠢᠮᠤᠰᠤ᠂ ᠴᠡᠩᠭᠡᠭ ᠤᠰᠤᠨ ᠤ ᠬᠢᠮᠤᠰᠤ᠂ ᠴᠢᠭᠢᠭ ᠤᠨ | ᠤᠯᠠᠭᠠᠨ ᠬᠤᠷᠣᠬᠠᠢ ᠵᠡᠷᠭᠡ ᠪᠤᠶ︔ ᠪᠣᠬᠢᠷᠲᠤᠯ ᠤᠨ ᠵᠠᠭᠤᠴᠢ ᠳᠤ ᠤᠰᠤ ᠤᠮᠳᠠ᠂ ᠬᠥᠬᠡ ᠡᠪᠡᠰᠦ᠂ ᠪᠠᠭᠠᠰᠤ | ᠰᠢᠭᠡᠰᠦ ᠵᠡᠷᠭᠡ ᠪᠤᠢ︔ ᠦᠢᠯᠡᠳᠪᠦᠷᠢᠯᠡᠯ ᠤᠨ ᠳᠤᠮᠳᠠ ᠦᠷᠭᠦᠯᠵᠢ ᠬᠠᠷᠠᠭᠳᠠᠳᠠᠭ ᠦᠬᠡᠷ᠂ ᠬᠤᠨᠢᠨ ᠤ ᠡᠯᠢᠭᠡᠨ ᠤ | ᠬᠠᠪᠲᠠᠭᠠᠢ ᠰᠢᠮᠡᠭᠦᠷ ᠬᠤᠷᠣᠬᠠᠢ᠂ ᠠᠭᠤᠰᠬᠢᠨ ᠤ ᠰᠢᠷᠬᠡᠭᠯᠢᠭ ᠬᠤᠷᠣᠬᠠᠢ᠂ ᠪᠥᠮᠪᠥᠭᠡᠨ ᠬᠤᠷᠣᠬᠠᠢ︔ ᠦᠬᠡᠷ ᠤᠨ | ᠨᠠᠷᠢᠰᠤᠨ ᠬᠤᠷᠣᠬᠠᠢ︔ ᠦᠬᠡᠷ᠂ ᠬᠤᠨᠢᠨ ᠤ ᠲᠠᠷᠢᠬᠢᠨ ᠤ ᠪᠠᠭᠯᠠᠭᠴᠢ ᠬᠤᠷᠣᠬᠠᠢ ᠵᠡᠷᠭᠡ᠃ | ᠮᠥᠯᠵᠢᠭᠦᠷ ᠬᠤᠷᠣᠬᠠᠢ ᠶᠢᠨ ᠡᠪᠡᠳᠴᠢᠨ ᠢ ᠰᠡᠷᠭᠡᠶᠢᠯᠡᠬᠦ ᠪᠠ ᠡᠮᠨᠡᠨ ᠵᠠᠰᠠᠬᠤ᠃ ᠭᠡᠷ ᠤᠨ ᠲᠡᠵᠢᠭᠡᠪᠦᠷᠢ ᠶᠢᠨ | ᠰᠢᠮᠡᠭᠦᠷ ᠬᠤᠷᠣᠬᠠᠢ ᠶᠢᠨ ᠡᠪᠡᠳᠴᠢᠨ ᠣᠳᠣᠬᠠᠨ ᠳᠤ ᠪᠠᠰᠠ ᠡᠭᠡᠯᠢᠯᠡᠭᠡ ᠶᠢᠨ ᠪᠦᠲᠦᠮᠵᠢᠲᠡᠶ ᠠᠷᠭ᠎ᠠ ᠦᠭᠡᠢ | ᠪᠠᠶᠢᠭᠰᠠᠭᠠᠷ᠂ ᠵᠥᠪᠬᠡᠨ ᠰᠢᠨᠵᠢᠯᠡᠬᠦ ᠤᠬᠠᠭᠠᠨᠴᠢ ᠪᠠᠷ ᠠᠷᠠᠴᠢᠯᠠᠵᠤ ᠬᠠᠮᠢᠶᠠᠷᠬᠤ᠂ ᠣᠷᠴᠢᠨ ᠲᠣᠭᠤᠷᠢᠨ ᠤ ᠬᠢᠨᠠᠨ | ᠡᠵᠡᠮᠳᠡᠯ ᠢ ᠴᠢᠩᠭᠠᠳᠬᠠᠬᠤ ᠪᠠ ᠴᠠᠭ ᠲᠤᠬᠠᠢ ᠳᠤᠨᠢ ᠪᠠᠭᠠᠰᠤ ᠰᠢᠭᠡᠰᠦ ᠶᠢ ᠪᠠᠶᠢᠴᠠᠭᠠᠬᠤ᠂ ᠬᠤᠷᠣᠬᠠᠢ ᠶᠢᠨ | ᠥᠨᠳᠡᠭᠡ ᠶᠢ ᠪᠠᠶᠢᠴᠠᠭᠠᠬᠤ ᠪᠠᠷ ᠳᠠᠮᠵᠢᠨ᠂ ᠪᠦᠲᠦᠮᠵᠢᠲᠡᠶ ᠠᠷᠢᠭᠤᠳᠬᠠᠬᠤ ᠳᠦᠷᠢᠮ ᠢ ᠪᠠᠶᠢᠭᠤᠯᠵᠤ᠂ ᠬᠤᠷᠣᠬᠠᠢ ᠶᠢᠨ | ᠥᠨᠳᠡᠭᠡ ᠶᠢ ᠤᠰᠠᠳᠬᠠᠨ᠂ ᠳᠤᠮᠳᠠᠬᠢ ᠬᠤᠰᠲ ᠤᠨ ᠲᠠᠷᠬᠠᠯᠲᠠ ᠶᠢ ᠲᠠᠰᠤᠯᠵᠤ᠂ ᠲᠣᠭᠲᠠᠭᠰᠠᠨ | ᠬᠤᠭᠤᠴᠠᠭ᠎ᠠ ᠲᠠᠢ ᠪᠠᠷ ᠬᠤᠷᠣᠬᠠᠢ ᠶᠢ ᠬᠥᠭᠡᠭᠡᠵᠦ ᠰᠡᠷᠭᠡᠶᠢᠯᠡᠨ᠎ᠡ᠃ | ᠡᠮᠨᠡᠨ ᠵᠠᠰᠠᠬᠤ ᠡᠮ᠃ ᠦᠷᠭᠦᠯᠵᠢ ᠬᠡᠷᠡᠭᠯᠡᠳᠡᠭ ᠲᠠᠷᠢᠯᠭ᠎ᠠ ᠶᠢᠨ ᠡᠮ ᠳᠤ ᠢᠥᠸᠢ ᠪᠠᠺᠲ᠋ᠧᠷᠢ ᠶᠢᠨ ᠡᠳ᠋᠂ | ᠫᠢᠷᠢᠳᠤᠨ᠂ ᠭᠤᠷᠪᠠᠴᠢ ᠠᠽᠤᠮᠢᠳᠢᠨ ᠵᠡᠷᠭᠡ ᠪᠤᠶ᠃ ᠦᠷᠭᠦᠯᠵᠢ ᠬᠡᠷᠡᠭᠯᠡᠳᠡᠭ ᠤᠤᠭᠤᠬᠤ ᠡᠮ ᠳᠤ ᠢᠮᠢᠳᠠᠽᠤᠯ᠂ | ᠫᠷᠤᠫᠢᠯ ᠬᠦᠬᠦᠷᠲᠦ ᠢᠮᠢᠳᠠᠽᠤᠯ᠂ ᠠᠮᠫᠢᠷᠢᠨ᠂ ᠠᠽᠣᠲ ᠾᠯᠣᠷᠲᠤ ᠹᠧᠨᠤᠯ᠂ ᠫᠢᠷᠤᠺᠥ᠋ᠢᠨᠤᠨ᠂ ᠪᠠᠰᠠ ᠬᠦᠬᠦᠷᠯᠢᠭ | ᠠᠮᠢᠨ ᠤ ᠲᠥᠷᠥᠯ ᠪᠤᠶ᠃ ᠲᠠᠷᠢᠯᠭ᠎ᠠ ᠶᠢᠨ ᠡᠮ ᠳᠤ ᠢᠮᠢᠳᠠᠽᠤᠯ᠂ ᠠᠮᠫᠢᠷᠢᠨ᠂ ᠠᠽᠣᠲ ᠾᠯᠣᠷᠲᠤ ᠹᠧᠨᠤᠯ᠂ | ᠫᠢᠷᠤᠺᠥ᠋ᠢᠨᠤᠨ᠂ ᠪᠠᠰᠠ ᠬᠦᠬᠦᠷᠯᠢᠭ ᠠᠮᠢᠨ ᠤ ᠲᠥᠷᠥᠯ ᠪᠤᠶ᠃ ᠵᠢᠱᠢᠶᠡᠯᠡᠪᠡᠯ ᠢᠥᠸᠢ ᠪᠠᠺᠲ᠋ᠧᠷᠢ ᠶᠢᠨ ᠡᠳ᠋ ᠢᠶᠠᠷ | ᠪᠡᠶ᠎ᠡ ᠶᠢᠨ ᠳᠣᠲᠣᠭᠠᠳᠤ ᠶᠢᠨ ᠤᠲᠠᠰᠤᠯᠢᠭ ᠬᠤᠷᠣᠬᠠᠢ ᠪᠠ ᠪᠡᠶ᠎ᠡ ᠶᠢᠨ ᠭᠠᠳᠠᠷᠭᠤ ᠶᠢᠨ ᠰᠢᠮᠡᠭᠦᠷ ᠬᠤᠷᠣᠬᠠᠢ ᠶᠢᠨ | ᠡᠪᠡᠳᠴᠢᠨ ᠢ ᠵᠠᠰᠠᠬᠤ ᠳᠤ ᠬᠡᠷᠡᠭᠯᠡᠵᠦ᠂ ᠺᠢᠯᠣᠭ᠍ᠷᠠᠮ ᠪᠦᠷᠢ ᠶᠢᠨ ᠪᠡᠶ᠎ᠡ ᠶᠢᠨ ᠬᠦᠨᠳᠦ ᠶᠢ 0.2 ᠮᠢᠯᠢᠭᠷᠡᠮ ᠠᠷᠠᠰᠤᠨ ᠤ | ᠳᠣᠣᠷ᠎ᠠ ᠲᠠᠷᠢᠵᠤ ᠪᠣᠯᠣᠨ᠎ᠠ᠃ ᠵᠢᠱᠢᠶᠡᠯᠡᠪᠡᠯ ᠠᠹᠧᠨ᠋ᠳᠠᠽᠤᠯ ᠢ ᠤᠤᠭᠤᠪᠠᠯ᠂ ᠺᠢᠯᠣᠭ᠍ᠷᠠᠮ ᠪᠡᠶ᠎ᠡ ᠶᠢᠨ ᠬᠦᠨᠳᠦ ᠪᠦᠷᠢ ᠳᠤ | 10-15 ᠮᠢᠯᠢᠭᠷᠡᠮ ᠤᠤᠭᠤᠪᠠᠯ ᠪᠡᠶ᠎ᠡ ᠶᠢᠨ ᠳᠣᠲᠣᠷᠠᠬᠢ ᠲᠤᠤᠰᠠ ᠬᠤᠷᠣᠬᠠᠢ᠂ ᠬᠦᠵᠢ ᠬᠤᠷᠣᠬᠠᠢ᠂ ᠲᠠᠷᠢᠬᠢᠨ ᠤ | ᠪᠠᠭᠯᠠᠭᠴᠢ ᠬᠤᠷᠣᠬᠠᠢ ᠵᠡᠷᠭᠡ ᠶᠢ ᠠᠷᠢᠯᠭᠠᠵᠤ ᠲᠠᠶᠢᠯᠤᠨ᠎ᠠ᠃ ᠡᠭᠦᠨ ᠳᠤ ᠪᠡᠶ᠎ᠡ ᠶᠢᠨ ᠳᠣᠲᠣᠷᠠᠬᠢ ᠲᠤᠤᠰᠠ | ᠬᠤᠷᠣᠬᠠᠢ᠂ ᠬᠦᠵᠢ ᠬᠤᠷᠣᠬᠠᠢ᠂ ᠲᠠᠷᠢᠬᠢᠨ ᠤ ᠪᠠᠭᠯᠠᠭᠴᠢ ᠬᠤᠷᠣᠬᠠᠢ ᠵᠡᠷᠭᠡ ᠶᠢ ᠠᠷᠢᠯᠭᠠᠵᠤ ᠲᠠᠶᠢᠯᠤᠨ᠎ᠠ᠃ | ᠠᠮᠫᠢᠯᠢᠨ ᠢ ᠤᠤᠭᠤᠪᠠᠯ ᠰᠢᠩᠭᠡᠭᠡᠯᠲᠡ ᠶᠢᠨ ᠵᠠᠮ ᠤᠨ ᠪᠥᠮᠪᠥᠭᠡᠨ ᠬᠤᠷᠣᠬᠠᠢ ᠶᠢ ᠠᠷᠢᠯᠭᠠᠵᠤ ᠲᠠᠶᠢᠯᠤᠨ᠎ᠠ︔ ᠪᠤᠯᠴᠢᠩ | ᠳᠤᠨᠢ ᠭᠤᠷᠪᠠᠨ ᠠᠽᠤᠲ᠋ᠠᠮᠢᠳᠢ ᠶᠢ ᠲᠠᠷᠢᠪᠠᠯ ᠴᠢᠰᠤᠨ ᠳᠣᠲᠣᠷᠠᠬᠢ ᠬᠡᠦᠷᠰᠢᠮᠡᠯ ᠬᠤᠷᠣᠬᠠᠢ ᠵᠡᠷᠭᠡ ᠶᠢ ᠠᠷᠢᠯᠭᠠᠵᠤ | ᠴᠢᠳᠠᠨ᠎ᠠ᠃ | |