ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠳᠤᠬᠠᠭᠠᠯᠭ᠎ᠠ ᠶᠢᠨ ᠭᠤᠷᠪᠠᠳᠤᠭᠠᠷ ᠪᠠᠭ᠎ᠠ ᠰᠤᠷᠭᠠᠭᠤᠯᠢ  ᠶᠢᠨ ᠠᠩᠬᠠᠳᠤᠭᠠᠷ ᠣᠳᠠᠭᠠᠨ ᠤ ︽ᠠᠶᠢᠪᠠᠭ᠎ᠠ ᠶᠢᠨ ᠤᠶᠠᠩᠭ᠎ᠠ︾ ᠢᠷᠠᠭᠤ ᠨᠠᠶᠢᠷᠠᠭ ᠤᠨ ᠤᠷᠤᠯᠳᠤᠭᠠᠨ ᠠᠮᠵᠢᠯᠳᠠ ᠲᠠᠢ ᠶᠠᠪᠤᠭᠳᠠᠭᠰᠠᠨ
ᠨᠡᠶᠢᠲᠡᠯᠡᠭᠰᠡᠨ ᠴᠠᠭ᠄
2024/4/24
      4 ᠰᠠᠷ᠎ᠠ ᠶᠢᠨ23 ᠤ ᠲᠡᠯᠡᠬᠡᠢ ᠶᠢᠨ ᠨᠤᠮ ᠤᠩᠰᠢᠬᠤ ᠡᠳᠦᠷ ᠢ ᠲᠤᠬᠢᠶᠠᠯᠳᠤᠭᠤᠯᠤᠨ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠪᠠᠳᠤᠬᠠᠭᠠᠯᠭ᠎ᠠ ᠶᠢᠨ ᠭᠤᠷᠪᠠᠳᠤᠭᠠᠷ ᠪᠠᠭ᠎ᠠ ᠰᠤᠷᠭᠠᠭᠤᠯᠢ ︽ᠨᠠᠮ ᠳᠤ ᠪᠠᠨ ᠲᠠᠯᠠᠷᠬᠠᠵᠦ ᠨᠠᠮ ᠤᠨ ᠦᠭᠡ ᠶᠢ ᠰᠤᠨᠤᠰᠤᠨ ᠨᠠᠮ ᠢᠶᠠᠨ ᠲᠠᠭᠠᠬᠤ︾ ᠭᠤᠤᠯ ᠰᠡᠳᠦᠪᠳᠦ ᠠᠩᠬᠠᠳᠤᠭᠠᠷ ᠣᠳᠠᠭᠠᠨ ᠤ ︽ᠠᠶᠢᠪᠠᠭ᠎ᠠ ᠶᠢᠨ ᠤᠶᠠᠩᠭ᠎ᠠ︾ ᠢᠷᠠᠭᠤ ᠨᠠᠶᠢᠷᠠᠭ ᠤᠨ ᠤᠷᠤᠯᠳᠤᠭᠠᠨ ᠢ ᠡᠷᠬᠢᠯᠡᠵᠦ ᠪᠠᠭᠰᠢ ᠭᠡᠷ ᠤᠨ ᠠᠬᠠᠮᠠᠳ ᠨᠠᠷ ᠤᠷᠤᠯᠴᠠᠭᠰᠠᠨ ᠪᠠᠶᠢᠨ᠎ᠠ᠃
微信图片_20240424103017.jpg
      ᠤᠷᠤᠯᠳᠤᠭᠠᠨ ᠨᠢ ᠨᠢᠭᠡ ᠠᠴᠠ ᠭᠤᠷᠪᠠᠳᠤᠭᠠᠷ ᠤᠨ ᠢ ᠨᠢᠭᠡ ᠲᠤᠭᠤᠶᠢᠯᠠᠩ ᠪᠤᠯᠭᠠᠵᠦ᠂ ᠲᠦᠷᠪᠡ ᠠᠴᠠ ᠵᠢᠷᠭᠤᠳᠤᠭᠠᠷ ᠤᠨ ᠢ ᠨᠢᠭᠡ ᠲᠤᠭᠤᠶᠢᠯᠠᠩ ᠪᠤᠯᠭᠠᠵᠦ ᠤᠷᠤᠯᠳᠤᠭᠤᠯᠤᠨ᠂ ᠰᠢᠯᠦᠭ ᠨᠠᠶᠢᠷᠠᠭ ᠲᠤ ᠲᠤᠷ᠎ᠠ ᠪᠠᠬ᠎ᠠ ᠲᠠᠢ ᠬᠡᠥᠬᠡᠳ ᠤᠳ ᠡᠬᠡ ᠤᠷᠤᠨ ᠤᠰᠤ ᠨᠤᠳᠤᠭ ᠠᠪᠤ ᠡᠵᠢ ᠪᠠᠨ ᠮᠠᠭᠳᠠᠨ ᠲᠠᠭᠤᠯᠠᠭᠰᠠᠨ ᠰᠢᠯᠦᠭ ᠤᠳ ᠦᠪᠡᠷ ᠦᠪᠡᠷ  ᠤᠨ ᠦᠩᠭᠧ ᠠᠶᠠᠰ ᠢᠶᠠᠷ ᠤᠶᠠᠩᠭᠠᠯᠠᠵᠦ ᠰᠢᠯᠦᠭᠯᠡᠨ᠂ ᠬᠡᠥᠬᠡᠳ ᠤᠨ ᠢᠶᠠᠨ ᠤᠷ᠎ᠠ ᠠᠪᠢᠶᠠᠰ ᠢ ᠬᠠᠷᠠᠭᠰᠠᠨ ᠭᠡᠷ ᠤᠨ ᠠᠬᠠᠮᠠᠳ ᠨᠢᠭᠤᠷ ᠲᠦᠭᠦᠷᠡᠩ ᠪᠠᠶᠠᠷ ᠨᠢᠳᠦ ᠲᠦᠭᠦᠷᠡᠩ ᠤᠮᠤᠭᠰᠢᠯ ᠲᠠᠢ ᠤᠷᠤᠯᠳᠤᠭᠠᠨ ᠰᠤᠨᠢᠷᠬᠠᠵᠦ ᠪᠠᠶᠢᠯ᠎ᠠ᠃      ᠲᠤᠰ ᠣᠳᠠᠭᠠᠨ ᠤ ᠰᠤᠷᠭᠠᠭᠤᠯᠢ ᠶᠢᠨ ᠬᠦᠷᠢᠶᠠᠨ ᠤ ᠢᠷᠡᠭᠤ ᠨᠠᠶᠢᠷᠠᠭ ᠤᠨ ᠤᠷᠤᠯᠳᠤᠭᠠᠨ ᠨᠢ ᠰᠤᠷᠤᠭᠴᠢᠳ  ᠲᠤ ᠨᠤᠮ ᠤᠩᠰᠢᠬᠤ ᠶᠢᠨ ᠴᠢᠬᠤᠯᠠ ᠴᠢᠨᠠᠷ ᠢ ᠮᠡᠳᠡᠷᠡᠭᠦᠯᠦᠨ ᠨᠤᠮ ᠤᠩᠰᠢᠬᠤ ᠢᠳᠡᠪᠬᠢᠵᠢᠯ ᠢ ᠨᠢ ᠬᠦᠭᠵᠢᠭᠡᠵᠦ᠂ ᠲᠡᠳᠡᠨ ᠤ ᠬᠢᠴᠢᠶᠡᠯ ᠰᠤᠷᠤᠯᠭ᠎ᠠ ᠠᠴᠠ ᠭᠠᠳᠠᠨᠠᠬᠢ ᠤᠷ᠎ᠠ ᠠᠪᠢᠶᠠᠰ ᠢ ᠨᠢ ᠪᠠᠳᠠᠷᠠᠭᠤᠯᠬᠤ ᠪᠠ ᠬᠡᠯᠡᠨ ᠤ ᠤᠷ᠎ᠠ ᠮᠡᠷᠭᠡᠵᠢᠯ ᠢ ᠨᠢ ᠪᠤᠯᠪᠠᠰᠤᠷᠠᠭᠤᠯᠬᠤ ᠲᠠᠪᠴᠠᠩ ᠬᠠᠩᠭᠠᠵᠦ᠂ ᠨᠤᠮ ᠤᠨ ᠬᠤᠷᠠᠠ ᠤᠮᠳᠠᠯᠠᠭᠰᠠᠨ ᠰᠤᠷᠭᠠᠭᠤᠯᠢ ᠶᠢᠨ ᠬᠦᠷᠢᠶ᠎ᠡ ᠶᠢ ᠴᠤᠭᠴᠠᠯᠠᠬᠤ ᠳᠤ ᠢᠳᠡᠪᠬᠢ ᠦᠢᠯᠡᠳᠦᠯ ᠦᠵᠡᠭᠦᠯᠦᠭᠰᠡᠨ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号