ᠲᠡᠮᠡᠭᠡᠴᠢᠨ ᠡᠷᠳᠡᠨᠢᠮᠦ᠋ᠩᠭᠡ ᠶᠢᠨ ᠬᠢᠨ ᠲᠡᠮᠡᠭᠡ ᠪᠠᠨ ᠵᠤᠭᠳᠤᠷᠯᠠᠯ᠎ᠠ
ᠨᠡᠶᠢᠲᠡᠯᠡᠭᠰᠡᠨ ᠴᠠᠭ᠄
2024/4/11
      ᠦᠷᠡᠵᠢᠵᠦ ᠲᠦᠯᠵᠢᠬᠦ ᠶᠢᠨ ᠬᠡᠰᠢᠭ ᠲᠠᠢ᠂ ᠦᠰᠴᠦ ᠦᠨᠳᠡᠶᠢᠬᠦ ᠶᠢᠨ ᠲᠠᠮᠪᠡᠷᠢᠯ ᠲᠠᠢ ᠬᠠᠪᠤᠷ ᠴᠠᠭ ᠭᠡᠵᠦ ᠰᠠᠶᠢᠬᠠᠨ ᠤᠯᠠᠷᠢᠯ ᠨᠡᠩ ᠢᠯᠠᠩᠭᠤᠶ᠎ᠠ ᠮᠠᠯᠵᠢᠬᠤ ᠤᠷᠤᠨ ᠤ ᠬᠠᠪᠤᠷ ᠴᠠᠭ ᠭᠡᠵᠦ᠂ ᠲᠦᠯ ᠮᠠᠯ ᠤᠨ ᠮᠠᠶᠢᠯᠠᠭᠠᠨ᠂ ᠪᠤᠳᠤᠭᠤ ᠲᠤᠷᠤᠮ ᠤᠨ ᠪᠤᠶᠢᠯᠠᠭᠠᠨ ᠢᠶᠠᠷ ᠬᠠᠩᠭᠠᠢ ᠨᠤᠳᠤᠭ ᠬᠠᠨᠠᠭᠠᠷ ᠭᠤᠪᠢ ᠪᠠᠨ ᠤᠶᠠᠷᠭᠠᠭᠰᠠᠨ ᠡᠭᠡᠰᠢᠯᠡᠩᠳᠦ ᠴᠠᠭ ᠮᠦᠴᠡ᠂ ᠮᠦᠨ ᠴᠦ ᠲᠦᠯ ᠮᠠᠯ ᠤᠨ ᠲᠤᠳᠤᠮᠳᠤᠯᠭ᠎ᠠ ᠶᠢᠨ ᠠᠵᠢᠯ ᠠᠷᠤ ᠠᠷᠤ ᠠᠴᠠ ᠪᠠᠨ ᠬᠦᠭᠯᠡᠷᠡᠵᠦ᠂ ᠮᠠᠯᠴᠢᠨ ᠬᠦᠮᠦᠨ ᠤ ᠨᠦᠷᠢ ᠶᠡᠭᠡ ᠬᠦᠳᠡᠯᠮᠦᠷᠢ ᠦᠷᠨᠢᠭᠰᠡᠨ ᠴᠠᠭ ᠤᠯᠠᠷᠢᠯ ᠪᠢᠯᠡ᠃      ᠡᠨᠡ ᠶᠡᠭᠡ ᠬᠦᠳᠡᠯᠮᠦᠷᠢ ᠶᠢᠨ ᠤᠤᠬᠠᠢ ᠪᠠᠷ ᠠᠳᠤᠭᠤᠨ ᠲᠡᠯᠯᠡᠭᠡ᠂ ᠲᠡᠮᠡᠭᠡ ᠵᠤᠭᠳᠤᠷᠯᠠᠬᠤ ᠵᠡᠷᠭᠡ ᠪᠤᠳᠠ ᠮᠠᠯ  ᠤᠨ ᠲᠤᠳᠤᠮᠳᠤᠯᠭ᠎ᠠ ᠶᠢᠨ ᠠᠵᠢᠯ ᠳᠤ ᠮᠠᠯᠴᠢᠨ ᠲᠦᠮᠡᠨ ᠮᠠᠨᠢ ᠨᠢᠭᠡ ᠨᠢᠭᠡᠨ ᠳᠡᠭᠡᠨ ᠲᠤᠰᠠ ᠲᠡᠮᠵᠢᠯᠭᠡ ᠪᠤᠯᠤᠯᠴᠠᠬᠤ  ᠪᠠᠷ ᠠᠵᠢᠯ ᠦᠢᠯᠡ ᠳᠤ ᠨᠢ ᠬᠠᠪᠰᠤᠷᠤᠯᠴᠠᠨ ᠬᠦᠯ ᠬᠦᠭᠵᠢᠶᠡᠨ ᠪᠤᠯᠵᠦ ᠪᠠᠶᠢᠳᠠᠭ᠃ ᠤᠷᠴᠢᠮ ᠤᠨ ᠡᠳᠦᠷ᠂ ᠪᠠᠶᠠᠠᠬᠤᠸᠠ ᠪᠠᠯᠭᠠᠰᠤᠨ ᠤ ᠪᠠᠶᠠᠨᠴᠠᠭᠠᠨ ᠭᠠᠴᠠᠭᠠᠨ ᠤ ᠲᠡᠮᠡᠭᠡᠴᠢᠨ ᠡᠷᠳᠡᠨᠢᠮᠦ᠋ᠩᠭᠡ ᠶᠢᠨ ᠬᠢ ᠡᠨᠡ ᠵᠢᠯ ᠤᠨ ᠲᠡᠮᠡᠭᠡ ᠵᠤᠭᠳᠤᠷᠯᠠᠬᠤ ᠠᠵᠢᠯ ᠢᠶᠠᠨ ᠶᠠᠪᠤᠭᠳᠠᠭᠤᠯᠤᠯ᠎ᠠ᠃
微信图片_20240411084817.jpg
      ᠲᠡᠮᠡᠭᠡ ᠵᠤᠭᠳᠤᠷᠯᠠᠬᠤ ᠪᠤᠯ ᠮᠠᠯᠵᠢᠬᠤ ᠠᠮᠢᠳᠤᠷᠠᠯ ᠤᠨ ᠤᠯᠠᠮᠵᠢᠯᠯᠠᠳᠦ ᠶᠤᠰᠤᠨ᠂ ᠲᠡᠷᠡ ᠮᠦᠷᠳᠡᠭᠡᠨ ᠲᠡᠮᠡᠭᠡ ᠠᠷᠠᠴᠢᠯᠠᠭᠰᠠᠨ ᠮᠠᠯᠴᠢᠨ ᠠᠶᠢᠯ ᠤᠨ ᠬᠠᠪᠤᠷ ᠬᠠᠪᠤᠷ ᠵᠠᠪᠠᠯ ᠠᠵᠢᠯ ᠤᠨ ᠬᠢᠨᠢ ᠨᠢᠭᠡ ᠪᠢᠯᠡ᠃ ᠲᠡᠮᠡᠭᠡ ᠵᠤᠭᠳᠤᠷᠯᠠᠬᠤ  ᠨᠢ ᠠᠯᠢᠪᠠ ᠮᠠᠯ ᠠᠷᠠᠴᠢᠯᠠᠭ᠎ᠠ ᠶᠢᠨ ᠠᠵᠢᠯ ᠲᠠᠢ ᠠᠳᠠᠯᠢᠬᠠᠨ ᠤᠤᠯ ᠠᠴᠠ ᠪᠠᠨ ᠤᠯᠠᠮᠵᠢᠯᠠᠵᠦ ᠢᠷᠡᠭᠰᠡᠨ ᠲᠤᠭᠳᠠᠭᠰᠠᠨ ᠶᠤᠰᠤ ᠲᠦᠷᠦ ᠲᠠᠢ ᠪᠠᠶᠢᠵᠦ᠂ ᠠᠬᠠᠮᠠᠳ ᠲᠤᠮᠤᠭᠠᠳᠠᠳ ᠤᠨ ᠡᠪ ᠵᠦᠢ ᠲᠠᠢ ᠠᠷᠭ᠎ᠠ ᠤᠬᠠᠭᠠᠨ᠂ ᠢᠳᠡᠷ ᠵᠠᠯᠠᠭᠤᠰ ᠤᠨ ᠡᠷ᠎ᠡ ᠬᠦᠴᠦ ᠲᠠᠢ ᠵᠤᠷᠢᠭ ᠰᠠᠮᠪᠠᠭ᠎ᠠ᠂ ᠠᠵᠢᠯᠴᠢ ᠪᠦᠰᠡᠭᠦᠶᠢᠴᠤᠤᠯ ᠤᠨ ᠪᠤᠱᠢᠭᠤ ᠱᠠᠯᠠᠮᠠᠭᠠᠢ ᠤᠷ᠎ᠠ ᠲᠡᠮ ᠵᠡᠷᠭᠡ ᠠᠭᠤᠯᠤᠭᠳᠠᠭᠰᠠᠨ ᠮᠠᠯᠴᠢᠨ ᠬᠦᠮᠦᠨ ᠤ ᠤᠬᠠᠭᠠᠨ ᠵᠤᠷᠢᠭ ᠤᠷ᠎ᠠ ᠬᠦᠴᠦ ᠶᠢ ᠬᠠᠨᠢᠰᠤᠭᠤᠯᠤᠭᠰᠠᠨ ᠠᠵᠢᠯ ᠶᠤᠮ᠃      ᠲᠡᠮᠡᠭᠡᠴᠢᠨ ᠡᠷᠳᠡᠨᠢᠮᠦ᠋ᠩᠭᠡ ᠶᠢᠨ ᠬᠢᠨ ᠡᠨᠡ ᠵᠢᠯ ᠤᠳᠤ ᠪᠤᠯᠳᠠᠯ᠎ᠠ ᠠᠷᠪᠠᠭᠠᠳ ᠢᠩᠭᠡ ᠪᠤᠳᠤᠭᠤᠯᠠᠵᠦ᠂ ᠤᠶᠢᠷ᠎ᠠ ᠤᠷᠴᠢᠮ ᠤᠨ ᠮᠠᠯᠴᠢᠳ ᠤᠨ ᠢᠶᠠᠨ ᠲᠤᠰᠠᠯᠠᠯᠴᠠᠭ᠎ᠠ ᠪᠠᠷ ᠶᠠᠭᠠᠷᠠᠯᠳᠠᠢ ᠪᠤᠯᠪᠠᠴᠦ ᠬᠦᠷ ᠬᠦᠭᠵᠢᠶᠡᠨ ᠲᠠᠢ ᠡᠨᠡ ᠬᠠᠪᠤᠷ ᠤᠨ ᠲᠡᠮᠡᠭᠡ ᠵᠤᠭᠳᠤᠷᠯᠠᠬᠤ ᠠᠵᠢᠯ ᠢᠶᠠᠨ ᠦᠨᠢᠷ ᠰᠠᠶᠢᠬᠠᠨ ᠦᠨᠳᠦᠷᠯᠡᠭᠦᠯᠦᠭᠰᠡᠨ ᠪᠠᠶᠢᠨ᠎ᠠ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号