ᠵᠤᠭᠠᠴᠠᠬᠤ ᠲᠤᠷᠠᠳᠠᠢ ᠵᠢᠷᠤᠭᠯᠠᠭᠠᠴᠢ ᠬᠠᠰᠬᠠᠶᠢᠷᠴᠠᠭ
ᠨᠡᠶᠢᠲᠡᠯᠡᠭᠰᠡᠨ ᠴᠠᠭ᠄
2024/4/1
      ᠨᠡᠶᠢᠭᠡᠮ ᠠᠮᠢᠳᠤᠷᠠᠯ ᠤᠨ ᠬᠤᠪᠢᠷᠠᠯᠳᠠ ᠠᠴᠠ ᠪᠤᠯᠵᠦ᠂ ᠬᠦᠳᠡᠭᠡ ᠨᠤᠳᠤᠭ ᠢᠶᠠᠨ ᠤᠷᠬᠢᠨ ᠬᠤᠰᠢᠭᠤ ᠤᠷᠤᠵᠦ ᠬᠦᠯᠦᠰᠦᠨ ᠠᠵᠢᠯ ᠢᠶᠠᠨ ᠬᠢᠬᠡᠳ ᠬᠤᠭᠤᠰᠤᠨ ᠪᠤᠯᠤᠭᠰᠠᠨ ᠵᠢᠱᠢᠶ᠎ᠡ ᠪᠠᠶᠢᠳᠠᠭ ᠴᠦ ᠠᠪᠬᠠᠭᠠᠯᠵᠢ ᠰᠠᠮᠪᠠᠭ᠎ᠠ᠂ ᠬᠦᠴᠦ ᠬᠦᠳᠡᠯᠮᠦᠷᠢ᠂ ᠤᠷ᠎ᠠ ᠤᠬᠠᠭᠠᠨ ᠢᠶᠠᠷ ᠢᠶᠠᠨ ᠤᠯᠠᠨ ᠤ ᠲᠤᠮᠳᠠ ᠪᠠᠨ ᠦᠩᠭᠡ ᠲᠠᠢ ᠦᠭᠡᠳᠡ ᠲᠠᠢ ᠶᠠᠪᠤᠵᠦ ᠴᠢᠳᠠᠭᠰᠠᠨ ᠬᠦᠮᠦᠰ ᠴᠦ ᠤᠯᠠᠨ ᠪᠠᠶᠢᠳᠠᠭ᠃      ︽ᠮᠦᠩᠭᠦ ᠶᠢ ᠭᠤᠯᠤᠬᠤ ᠦᠭᠡᠢ᠂ ᠠᠵᠢᠯ ᠢ ᠭᠤᠯᠤᠬᠤ ᠦᠭᠡᠢ ᠴᠢᠷᠮᠠᠶᠢᠳᠠᠭ ᠯᠠ ᠶᠤᠮ ᠪᠤᠯ᠂᠂᠂︾ ᠬᠡᠮᠡᠨ ᠲᠠᠷᠤᠤᠬᠠᠨ ᠶᠠᠷᠢᠶ᠎ᠠ ᠲᠠᠢ ᠰᠠᠭᠤᠭ᠎ᠠ ᠬᠠᠰᠬᠠᠶᠢᠷᠴᠠᠭ ᠮᠠᠨᠢ ᠪᠡᠯᠴᠢᠭᠡᠷᠯᠡᠭᠦᠯᠬᠦ ᠶᠢ ᠵᠤᠭᠰᠤᠭᠠᠬᠤ ᠲᠦᠷᠦ ᠶᠢᠨ ᠪᠤᠳᠤᠯᠭ᠎ᠠ  ᠶᠢᠨ ᠨᠦᠯᠦᠭᠡ ᠪᠠᠷ2010 ᠤᠨ ᠳᠤ ᠬᠤᠰᠢᠭᠤ ᠪᠠᠷᠠᠭᠠᠳᠠᠵᠦ᠂ ᠮᠠᠰᠢᠨ ᠲᠡᠷᠭᠡ ᠤᠬᠢᠶᠠᠬᠤ᠂ ᠲᠦᠷᠢᠶᠡᠰᠦᠨ ᠮᠠᠰᠢᠨ ᠵᠢᠯᠤᠭᠤᠳᠬᠤ ᠵᠡᠷᠭᠡ ᠤᠯᠠᠨ ᠠᠵᠢᠯ ᠲᠦᠷᠦᠯ ᠬᠢᠵᠦ ᠪᠠᠶᠢᠭᠰᠠᠨ ᠢᠶᠠᠨ ᠬᠤᠰᠢᠭᠤ ᠨᠤᠳᠤᠭ ᠢᠶᠠᠷ ᠨᠠᠶᠢᠷ ᠨᠠᠭᠠᠳᠤᠮ ᠤᠯᠠᠳᠴᠦ᠂ ᠮᠤᠩᠭᠤᠯ ᠤᠨᠴᠠᠯᠢᠭ ᠲᠠᠢ ᠵᠢᠷᠤᠭ ᠰᠡᠭᠦᠳᠡᠷ ᠲᠠᠳᠠᠳᠠᠭ ᠬᠦᠮᠦᠨ ᠤᠯᠠᠨ ᠪᠤᠯᠬᠤ ᠶᠢ ᠲᠠᠭᠠᠯᠳᠤᠨ᠂ ᠭᠡᠷᠡᠯ ᠵᠢᠷᠤᠭ ᠤᠨ ᠦᠷᠦᠭᠡ ᠠᠵᠢᠯᠯᠠᠭᠤᠯᠬᠤ ᠪᠤᠳᠤᠯ ᠤᠷᠤᠵᠦ᠂ ᠬᠦᠬᠡᠬᠤᠳᠠ ᠬᠦᠷᠴᠦ ᠭᠡᠷᠡᠯ ᠵᠢᠷᠤᠭ ᠤᠨ ᠲᠤᠰᠬᠠᠢ ᠮᠡᠷᠭᠡᠵᠢᠯ ᠰᠤᠷᠤᠯᠴᠠᠨ᠂2017 ᠤᠨ ᠳᠤ ︽ᠠᠵᠢᠨᠠᠢ ᠭᠡᠷᠡᠯ ᠵᠢᠷᠤᠳ ᠤᠨ ᠦᠷᠦᠭᠡ︾ ᠪᠠᠨ ᠠᠵᠢᠯᠯᠠᠭᠤᠯᠵᠦ ᠡᠬᠢᠯᠡᠭᠰᠡᠨ ᠪᠠᠶᠢᠨ᠎ᠠ᠃
微信图片_20240329092025.jpg
      ᠭᠡᠷᠡᠯ ᠵᠢᠷᠤᠭ ᠤᠨ ᠦᠷᠦᠭᠡ ᠪᠠᠨ ᠡᠬᠢᠯᠡᠭᠦᠯᠦᠭᠰᠡᠨ ᠠᠴᠠ ᠪᠠᠨ ᠠᠪᠤᠭᠠᠳ ᠬᠠᠰᠬᠠᠷᠴᠠᠭ ᠮᠠᠨᠢ ᠲᠠᠰᠤᠷᠠᠯᠳᠠ ᠦᠭᠡᠢ ᠮᠡᠷᠭᠡᠵᠢᠯ ᠢᠶᠠᠨ ᠲᠡᠭᠡᠭᠰᠢᠯᠡᠭᠦᠯᠦᠨ᠂ ᠦᠯᠡᠴᠢᠯᠡᠭᠡ ᠪᠠᠨ ᠰᠠᠶᠢᠵᠢᠷᠠᠭᠤᠯᠵᠦ᠂ ᠨᠢᠮᠪᠠᠢ ᠵᠢᠷᠤᠭᠯᠠᠵᠦ᠂ ᠨᠢᠠᠠᠳᠠ ᠵᠠᠰᠠᠨ ᠤᠷᠠᠯᠠᠭᠰᠠᠭᠠᠷ ᠢᠷᠡᠵᠡᠢ᠃ ᠤᠷᠴᠢᠮ ᠤᠨ ᠬᠤᠶᠠᠷ ᠵᠢᠯ ᠠᠴᠠ ᠦᠢᠯᠡᠴᠢᠯᠡᠭᠦᠯᠦᠭᠴᠢᠳ ᠤᠨ ᠢᠶᠠᠨ ᠱᠠᠭᠠᠷᠳᠠᠯᠭ᠎ᠠ ᠳᠤ ᠵᠤᠬᠢᠴᠠᠭᠤᠯᠤᠨ ᠬᠦᠳᠡᠭᠡ ᠨᠤᠳᠤᠭ ᠤᠨ ᠭᠤᠶᠢᠳᠠ ᠰᠠᠶᠢᠬᠠᠨ ᠦᠩᠭᠡ ᠦᠵᠡᠮᠵᠢ ᠶᠢ ᠪᠦᠷᠢᠨ ᠬᠠᠷᠠᠭᠤᠯᠵᠦ᠂ ᠮᠤᠩᠭᠤᠯ ᠠᠮᠢᠳᠤᠷᠠᠯ ᠤᠨ ᠵᠠᠩ ᠲᠠᠳᠬᠠᠯ ᠢ ᠲᠡᠯᠭᠡᠨ ᠦᠵᠡᠭᠦᠯᠵᠦ ᠴᠢᠳᠠᠬᠤ ︽ᠠᠵᠢᠨᠠᠢ ᠭᠡᠷᠡᠯ ᠵᠢᠷᠤᠭ ᠤᠨ ᠦᠷᠡᠭᠡᠨ ᠤ ᠰᠠᠭᠤᠷᠢᠨ ᠭᠠᠵᠠᠷ︾ ᠢᠶᠠᠨ ᠬᠤᠰᠢᠭᠤᠨ ᠠᠴᠠ ᠤᠶᠢᠷᠠᠬᠠᠨ ᠪᠠᠶᠢᠭᠤᠯᠵᠦ᠂ ᠰᠡᠭᠦᠳᠡᠷ ᠲᠠᠳᠠᠬᠤ ᠬᠦᠮᠦᠰ ᠤᠨ ᠬᠦᠷᠢᠶᠡᠯᠡᠯ ᠢ ᠤᠯᠵᠦ ᠪᠠᠶᠢᠨ᠎ᠠ᠃ ᠬᠠᠰᠬᠠᠶᠢᠷᠴᠠᠭ ᠮᠠᠨᠢ ᠬᠤᠰᠢᠭᠤ ᠤᠷᠤᠵᠦ ᠢᠷᠡᠭᠰᠡᠨ ᠠᠷᠪᠠ ᠭᠠᠷᠤᠢ ᠵᠢᠯ ᠤᠨ ᠶᠠᠪᠤᠴᠠ ᠳᠤ ᠬᠤᠰᠢᠭᠤ ᠨᠤᠳᠤᠭ ᠤᠨ  ᠢᠶᠠᠨ ᠵᠠᠬ᠎ᠠ ᠵᠡᠭᠡᠯᠢ ᠶᠢᠨ ᠬᠡᠷᠡᠭᠴᠡᠭᠡ ᠱᠠᠭᠠᠷᠳᠠᠯᠭ᠎ᠠ ᠶᠢ ᠰᠤᠷᠭᠤᠰ ᠮᠡᠳᠡᠷᠡᠮᠵᠢ ᠪᠠᠷ ᠠᠵᠢᠵᠦ᠂ ᠮᠠᠯᠴᠢᠨ ᠬᠦᠮᠦᠨ ᠮᠢᠩᠭᠠᠨ ᠮᠡᠷᠭᠡᠵᠢᠯ ᠲᠠᠢ ᠪᠠᠶᠢᠳᠠᠭ ᠤᠬᠠᠭᠠᠨ ᠳᠤ ᠪᠠᠨ ᠲᠦᠰᠢᠭᠯᠡᠨ ᠤᠷᠴᠢᠮ ᠤᠨ ᠬᠡᠳᠦᠨ ᠵᠢᠯ ᠮᠠᠨ ᠤ ᠨᠤᠳᠤᠭ ᠤᠨ ᠮᠠᠯᠴᠢᠳ ᠭᠠᠳᠠᠨ᠎ᠠ ᠠᠴᠠ ᠡᠪᠡᠰᠦ ᠶᠡᠬᠡᠪᠡᠷ ᠬᠤᠳᠠᠯᠳᠤᠨ ᠠᠪᠴᠦ ᠪᠠᠶᠢᠭ᠎ᠠ ᠪᠠᠶᠢᠳᠠᠯ ᠪᠠ ᠦᠪᠡᠷ ᠤᠨ ᠬᠡᠳᠦᠨ ᠵᠢᠯ ᠮᠠᠨ ᠤ ᠭᠡᠷᠡᠯ ᠵᠢᠷᠤᠭ ᠤᠨ ᠦᠷᠦᠭᠡ ᠨᠢ ᠡᠪᠦᠯ ᠬᠠᠪᠤᠷ ᠤᠨ ᠤᠯᠠᠷᠢᠯ ᠳᠤ ᠶᠠᠭᠠᠷᠠᠥ ᠦᠭᠡᠢ ᠪᠠᠶᠢᠳᠠᠭ ᠪᠠᠶᠢᠳᠠᠯ ᠳᠤ  ᠪᠠᠨ ᠵᠤᠬᠢᠴᠠᠭᠤᠯᠤᠨ ᠡᠪᠡᠰᠦ ᠬᠤᠳᠠᠯᠳᠤᠵᠦ ᠡᠬᠢᠯᠡᠵᠡᠢ᠃ ᠦᠨᠡᠨᠴᠢ ᠢᠳᠡᠭᠡᠯᠳᠡᠢ᠂ ᠴᠢᠨᠠᠷ ᠤᠨ ᠪᠠᠳᠤᠯᠭ᠎ᠠ ᠲᠠᠢ ᠰᠠᠶᠢᠨ ᠡᠪᠡᠰᠦ ᠬᠤᠳᠠᠯᠳᠤᠳᠠᠭ ᠢᠶᠠᠷ ᠢᠶᠠᠨ ᠡᠪᠡᠰᠦᠨ ᠤ ᠮᠠᠶᠢᠮᠠᠶᠢᠴᠢᠨ ᠬᠠᠰ ᠪᠤᠯᠵᠦ᠂ ᠭᠡᠷᠡᠯ ᠵᠢᠷᠤᠭᠴᠢᠨ ᠬᠠᠰ᠂ ᠵᠠᠭᠠᠴᠠᠭᠴᠢ ᠬᠠᠰ ᠭᠡᠮᠡᠨ ᠤᠯᠠᠨ ᠳᠤ ᠪᠠᠨ ᠲᠠᠨᠢᠭᠳᠠᠵᠦ᠂ ᠬᠦᠮᠦᠰ ᠲᠡᠭᠦᠨ ᠢ ᠡᠷᠬᠢᠯᠡᠵᠦ ᠪᠠᠶᠢᠭ᠎ᠠ ᠠᠵᠢᠯ ᠲᠦᠷᠦᠯ  ᠢᠶᠠᠷ ᠨᠢ ᠲᠤᠳᠤᠷᠠᠭᠤᠯᠤᠨ ᠲᠠᠭᠤᠳᠠᠳᠠᠭ ᠨᠢ ᠲᠡᠭᠦᠨ ᠤ ᠠᠵᠢᠯ ᠦᠢᠯᠡᠰ ᠲᠤ ᠪᠠᠨ ᠠᠮᠵᠢᠯᠳᠠ ᠲᠠᠢ ᠶᠠᠪᠤᠭ᠎ᠠ ᠶᠢᠨ ᠬᠢᠨᠢ ᠪᠠᠰᠠ ᠨᠢᠭᠡᠨ ᠠᠯᠳᠠᠷ ᠭᠡᠯᠳᠡᠢ᠃ ᠲᠡᠭᠡᠭᠡᠳ ᠵᠢᠯ ᠤᠨ ᠴᠢᠨᠡᠭᠡ ᠪᠠᠷ ᠵᠢᠳᠭᠦᠨ ᠠᠵᠢᠯᠯᠠᠭᠰᠠᠨ ᠤ ᠪᠠᠨ ᠵᠠᠪᠰᠠᠷ  ᠢᠶᠠᠷ ᠬᠦᠰᠡᠵᠦ ᠪᠠᠶᠢᠭᠰᠠᠨ ᠭᠠᠵᠠᠷ ᠢᠶᠠᠨ ᠠᠶᠠᠯᠠᠬᠤ ᠪᠤᠯ ᠲᠡᠭᠦᠨ ᠤ ᠬᠠᠮᠤᠭ ᠤᠨ ᠲᠤᠮᠤ ᠪᠠᠭ᠋ᠠᠳᠤᠯ ᠵᠢᠯᠤᠭᠤ ᠪᠠᠨ ᠵᠠᠯᠠᠪᠠᠯ ᠠᠶᠠᠯᠠᠭᠴᠢ᠂ ᠲᠤᠷᠠᠨ ᠢᠶᠠᠨ ᠡᠭᠦᠷᠪᠡᠯ ᠰᠡᠭᠦᠳᠡᠷᠯᠡᠭᠴᠢ ᠪᠤᠯᠵᠦ ᠭᠡᠷ ᠪᠦᠯᠢ ᠶᠢᠨ ᠬᠦᠮᠦᠰ ᠲᠠᠢ ᠪᠠᠨ ᠠᠶᠠᠯᠠᠨ ᠵᠤᠭᠠᠴᠠᠵᠦ ᠠᠮᠢᠳᠣᠷᠠᠯ ᠤᠨ ᠵᠢᠷᠭᠠᠯ ᠢ ᠠᠶᠠᠯᠠᠯ ᠤᠨ ᠲᠤᠮᠳᠠ ᠪᠠᠨ ᠠᠮᠳᠠᠯᠠᠵᠦ ᠶᠠᠪᠤᠭᠰᠠᠭᠠᠷ ᠢᠷᠡᠵᠡᠢ᠃ ᠰᠡᠭᠦᠳᠡᠷᠯᠡᠭᠴᠢ ᠬᠦᠮᠦᠨ ᠠᠶᠠᠯᠠᠭᠴᠢ ᠪᠠᠶᠢᠬᠤ ᠪᠠᠷ ᠢᠶᠠᠨ᠂ ᠠᠶᠠᠯᠠᠭᠴᠢ ᠬᠦᠮᠦᠨ ᠰᠡᠭᠦᠳᠡᠷᠯᠡᠭᠴᠢ ᠪᠠᠶᠢᠬᠤ ᠪᠠᠷ ᠢᠶᠠᠨ ᠪᠦᠬᠦ ᠵᠦᠢᠯ ᠪᠦᠷ ᠴᠦ ᠰᠠᠶᠢᠬᠠᠨ ᠪᠤᠯᠳᠠᠭ᠃      ᠶᠠᠮᠠᠷ ᠴᠦ ᠠᠵᠢᠯ ᠢ ᠬᠢᠬᠦ ᠳᠤ ᠪᠠᠨ ᠤᠷᠤᠯᠳᠤᠯᠭ᠎ᠠ ᠴᠢᠷᠮᠠᠶᠢᠯᠭ᠎ᠠ ᠲᠠᠢ᠂ ᠵᠤᠷᠢᠭ ᠵᠢᠳᠭᠦᠯ ᠭᠠᠷᠭᠠᠳᠠᠭ ᠤᠬᠠᠭᠠᠨᠯᠢᠭ ᠬᠦᠳᠡᠯᠮᠦᠷᠢᠴᠢ ᠬᠦᠮᠦᠰ ᠢ ᠬᠤᠪᠢ ᠵᠠᠶᠠᠭ᠎ᠠ ︽ᠦᠩᠭᠡ᠂ ᠦᠭᠡᠳᠡ︾ ᠬᠤᠶᠠᠷ ᠢᠶᠠᠷ ᠱᠠᠩᠨᠠᠳᠠᠭ ᠪᠤᠯ ᠬᠠᠰᠬᠠᠶᠢᠷᠴᠠᠭ ᠦᠪᠡᠷ ᠤᠨ ᠭᠡᠰᠡᠨ ᠠᠮᠢᠳᠤᠷᠠᠯ ᠠᠴᠠ ᠪᠠᠨ ᠡᠨᠡᠬᠦ ᠱᠠᠩᠨᠠᠯ ᠢᠶᠠᠨ ᠲᠤᠰᠤᠴᠢᠬᠠᠭᠰᠠᠨ᠂ ᠠᠶᠢᠯ ᠭᠡᠷ ᠤᠨ  ᠢᠶᠠᠨ ᠨᠤᠶᠠᠨ ᠨᠢᠷᠤᠭᠤ᠂ ᠦᠷ᠎ᠡ ᠬᠠᠨᠢ ᠶᠢᠨ ᠢᠶᠠᠨ ᠦᠮᠦᠭ ᠲᠦᠰᠢᠭ ᠪᠤᠯᠵᠦ ᠰᠠᠶᠢᠬᠠᠨ ᠠᠮᠢᠳᠤᠷᠠᠯ ᠢᠶᠠᠨ ᠴᠤᠭᠴᠠᠯᠠᠵᠦ ᠶᠠᠪᠤᠭ᠎ᠠ ᠪᠢᠯᠡ᠃
 
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号