ᠪᠢᠲᠡᠭᠡᠢ ᠲᠡᠰᠪᠦᠷᠢᠯᠡᠭᠡᠳ ᠪᠠᠢ︕ ᠡᠶᠢᠮᠦ ᠡᠪᠡᠳᠴᠢᠨ ᠳᠤ 3 ᠳ᠋ᠦᠩᠰᠢᠭᠤᠷ ᠭᠠᠷᠤᠢ ᠬᠦᠮᠦᠨ ᠨᠡᠷᠪᠡᠭᠳᠡᠪᠡ ︕ ︽ᠲᠡᠰᠪᠦᠷᠢᠯᠡᠬᠦ︾ ᠨᠢ ᠬᠤᠤᠷ ᠬᠦᠨᠦᠭᠡᠯ ᠠᠪᠴᠢᠷᠠᠬᠤ ᠪᠤᠶᠤ ᠨᠡᠩ ᠬᠦᠨᠳᠦ ᠭᠡᠴᠡᠭᠦᠦ ᠪᠤᠯᠭᠠᠨ᠎ᠠ ᠰᠢᠦ
ᠨᠡᠶᠢᠲᠡᠯᠡᠭᠰᠡᠨ ᠴᠠᠭ᠄
2024/2/1
      ᠠᠮᠢᠳᠤᠷᠠᠯ ᠳᠤᠮᠳᠠ᠂ ᠮᠠᠰᠢ ᠣᠯᠠᠨ ᠬᠥᠮᠦᠨ ᠳᠤ ᠨᠢᠷᠤᠭᠤ ᠡᠪᠡᠳᠬᠦ᠂ ᠲᠣᠯᠣᠭᠠᠢ ᠡᠪᠡᠳᠬᠦ᠂ ᠮᠡᠳᠡᠷᠡᠯ ᠡᠪᠡᠳᠬᠦ ᠵᠡᠷᠭᠡ ᠰᠢᠨᠵᠢ ᠪᠠᠶᠢᠳᠠᠯ ᠭᠠᠷᠳᠠᠭ᠂ ᠪᠦᠷᠢᠳᠬᠡᠯ ᠢ ᠦᠨᠳᠦᠰᠦᠯᠡᠪᠡᠯ᠂ ᠪᠦᠬᠦ ᠤᠯᠤᠰ ᠤᠨ 3 ᠳ᠋ᠦᠩᠰᠢᠭᠤᠷ ᠭᠠᠷᠤᠢ ᠬᠥᠮᠦᠨ ᠡᠯ᠎ᠡ ᠲᠥᠷᠥᠯ ᠤᠨ ᠡᠪᠡᠳᠬᠦ ᠶᠢ ᠳᠠᠭᠠᠭᠠᠵᠤ ᠪᠠᠶᠢᠨ᠎ᠠ᠃              ᠲᠤᠰᠬᠠᠶ ᠮᠡᠷᠭᠡᠵᠢᠯᠲᠡᠨ ᠲᠠᠨᠢᠯᠴᠠᠭᠤᠯᠤᠨ ᠬᠡᠯᠡᠬᠦ ᠳᠡᠭᠡᠨ᠂ ᠣᠳᠣᠬᠠᠨ ᠳᠤ ᠡᠪᠡᠳᠬᠦ ᠰᠠᠯᠠᠭᠠᠨ ᠤ ᠣᠨᠣᠰᠢᠯᠠᠨ ᠡᠮᠨᠡᠵᠦ ᠪᠠᠶᠢᠭ᠎ᠠ ᠡᠪᠡᠳᠴᠢᠳᠡᠨ ᠳᠤ ᠤᠳᠠᠭᠠᠨ ᠴᠢᠨᠠᠷᠲᠠᠶ ᠡᠪᠡᠳᠬᠦ ᠡᠪᠡᠳᠴᠢᠲᠡᠨ ᠢᠶᠠᠷ ᠭᠤᠤᠯᠯᠠᠭᠤᠯᠵᠤ ᠪᠠᠶᠢᠨ᠎ᠠ᠂ ᠡᠭᠦᠨ ᠳᠤ ᠬᠦᠵᠦᠭᠦᠦ ᠰᠡᠭᠡᠷ ᠤᠨ ᠡᠪᠡᠳᠴᠢᠨ᠂ ᠨᠢᠷᠤᠭᠤ ᠬᠥᠯ ᠡᠪᠡᠳᠬᠦ᠂ ᠮᠥᠷᠥ ᠶᠢᠨ ᠲᠣᠭᠤᠷᠢᠨ ᠤ ᠦᠷᠪᠢᠰᠦᠯ᠂ ᠭᠤᠷᠪᠠᠯᠠᠭᠰᠠᠨ ᠮᠡᠳᠡᠷᠡᠯ ᠡᠪᠡᠳᠬᠦ ᠵᠡᠷᠭᠡ ᠪᠠᠭᠲᠠᠵᠦ ᠪᠤᠢ᠃ ᠭᠡᠪᠡᠴᠦ ᠴᠥᠭᠡᠨ ᠪᠤᠰᠤ ᠡᠪᠡᠳᠴᠢᠲᠡᠨ᠂ ᠲᠡᠰᠪᠦᠷᠢᠯᠡᠵᠦ ᠪᠠᠶᠢᠪᠠᠯ ᠠᠶᠠᠨᠳᠠᠭᠠᠨ ᠰᠠᠶᠢᠨ ᠪᠣᠯᠤᠨ᠎ᠠ ᠭᠡᠵᠦ ᠦᠵᠡᠵᠦ ᠪᠠᠶᠢᠬᠤ ᠪᠤᠶᠤ ᠡᠰᠡᠬᠦᠯ᠎ᠡ ᠤᠷᠲᠤ ᠬᠤᠭᠤᠴᠠᠭ᠎ᠠ ᠪᠠᠷ ᠡᠪᠡᠳᠬᠦ ᠶᠢ ᠵᠣᠭᠰᠣᠭᠠᠬᠤ ᠡᠮ ᠤᠤᠭᠤᠬᠤ ᠳᠤ ᠲᠦᠰᠢᠭᠯᠡᠵᠦ ᠪᠠᠶᠢᠨ᠎ᠠ︔ ᠪᠠᠰᠠ ᠵᠠᠷᠢᠮ ᠡᠪᠡᠳᠴᠢᠲᠡᠨ ᠨᠢ ᠡᠪᠡᠳᠬᠦ ᠪᠣᠯ ᠡᠪᠡᠳᠴᠢᠨ ᠤ ᠢᠯᠡᠷᠡᠯ ᠮᠥᠨ᠂ ᠡᠪᠡᠳᠴᠢᠨ ᠢᠶᠠᠨ ᠰᠠᠶᠢᠳᠤᠷ ᠵᠠᠰᠠᠭᠤᠯᠪᠠᠯ ᠳᠠᠷᠤᠢ ᠡᠪᠡᠳᠬᠦ ᠨᠢ ᠠᠷᠢᠯᠤᠨ᠎ᠠ ᠭᠡᠬᠦ ᠮᠡᠲᠦ ᠶᠢᠨ ᠨᠢ ᠡᠪᠡᠳᠬᠦ ᠲᠤᠬᠠᠢ ᠪᠤᠷᠤᠭᠤ ᠲᠠᠨᠢᠯᠲᠠ ᠲᠠᠢ ᠪᠠᠶᠢᠬᠰᠠᠭᠠᠷ᠃ ᠤᠷᠲᠤ ᠬᠤᠭᠤᠴᠠᠭ᠎ᠠ ᠪᠠᠷ ᠡᠪᠡᠳᠬᠦ ᠶᠢ ᠲᠡᠰᠪᠦᠷᠢᠯᠡᠬᠦ ᠨᠢ ᠨᠠᠩ ᠬᠦᠨᠳᠦ ᠨᠣᠴᠢᠲᠠᠶ ᠬᠤᠤᠷ ᠬᠥᠨᠥᠭᠡᠯ ᠢ ᠠᠪᠴᠢᠷᠠᠵᠤ ᠮᠡᠳᠡᠨ᠎ᠡ ᠭᠡᠪᠡ᠃              ᠱᠠᠩᠬᠠᠶ ᠶᠢᠨ ᠳ᠋ᠦᠩ ᠹᠠᠩ ᠡᠮᠨᠡᠯᠭᠡ ᠶᠢᠨ ᠬᠤᠷᠢᠶᠠᠨ ᠤ ᠡᠪᠡᠳᠬᠦ ᠰᠠᠯᠠᠭᠠᠨ ᠤ ᠡᠷᠬᠢᠯᠡᠭᠴᠢ ᠡᠮᠴᠢ ᠸᠠᠩ ᠰᠢᠶᠠᠩ ᠷᠦᠢ᠄ ᠡᠪᠡᠳᠬᠦ ᠨᠢ ᠣᠬᠤᠷ ᠬᠤᠭᠤᠴᠠᠭᠠᠨ ᠳᠤ ᠵᠢᠷᠦᠬᠡᠨ ᠴᠣᠬᠢᠯᠭ᠎ᠠ ᠴᠢᠰᠤᠨ ᠳᠠᠷᠤᠯᠲᠠ ᠶᠢᠨ ᠬᠤᠪᠢᠷᠠᠯᠲᠠ ᠶᠢ ᠨᠥᠯᠥᠭᠡᠯᠡᠳᠡᠭ᠂ ᠬᠡᠷᠪᠡ ᠰᠢᠬᠢᠷ ᠰᠢᠵᠢᠩ ᠡᠪᠡᠳᠴᠢᠨ ᠳᠠᠪᠬᠤᠴᠠᠪᠠᠯ ᠴᠢᠰᠤᠨ ᠰᠢᠬᠢᠷ ᠢ ᠬᠡᠪ ᠤᠨ ᠬᠡᠪᠴᠢᠶᠡᠨ ᠳᠤ ᠬᠢᠵᠠᠭᠠᠷᠯᠠᠵᠤ ᠳᠡᠶᠢᠯᠬᠦ ᠥᠬᠡᠶ᠂ ᠣᠷᠳᠣ ᠬᠤᠭᠤᠴᠠᠭ᠎ᠠ ᠪᠠᠷ ᠡᠪᠡᠳᠬᠦ ᠨᠢ ᠪᠦᠬᠦ᠋ᠢᠯᠡ ᠲᠠᠷᠢᠬᠢᠨ ᠤ ᠬᠡᠰᠡᠭ ᠤᠨ ᠬᠤᠪᠢᠷᠠᠯᠲᠠ ᠶᠢ ᠨᠥᠯᠥᠭᠡᠯᠡᠨ᠎ᠡ ᠬᠡᠵᠡᠢ᠃              ᠲᠤᠭ᠎ᠠ ᠪᠠᠷᠢᠮᠲᠠ ᠠᠴᠠ ᠦᠵᠡᠪᠡᠯ᠂ ᠪᠥᠬᠦ ᠳᠡᠯᠡᠬᠡᠶ ᠶᠢᠨ ᠤᠳᠠᠭᠠᠨ ᠴᠢᠨᠠᠷᠲᠠᠶ ᠡᠪᠡᠳᠬᠦ ᠡᠪᠡᠳᠴᠢᠨ ᠳᠤ ᠨᠡᠷᠪᠡᠭᠳᠡᠬᠦ ᠨᠣᠷᠮ᠎ᠠ ᠪᠠᠷᠤᠭ 38 % ᠪᠠᠶᠢᠵᠤ᠂ ᠳᠤᠮᠳᠠᠳᠤ ᠤᠯᠤᠰ ᠤᠨ ᠤᠳᠠᠭᠠᠨ ᠴᠢᠨᠠᠷᠲᠠᠶ ᠡᠪᠡᠳᠬᠦ ᠡᠪᠡᠳᠴᠢᠲᠡᠨ 3 ᠳ᠋ᠦᠩᠰᠢᠭᠤᠷ ᠢ ᠳᠠᠪᠠᠵᠤ ᠪᠠᠶᠢᠬᠤ ᠪᠥᠭᠡᠳ ᠵᠢᠯ ᠪᠦᠷᠢ 2000 ᠲᠦᠮᠡᠨ ᠬᠥᠮᠦᠨ ᠤ ᠬᠤᠷᠳᠤᠴᠠ ᠪᠠᠷ ᠨᠡᠮᠡᠭᠳᠡᠵᠦ ᠪᠠᠶᠢᠨ᠎ᠠ᠃ ᠡᠪᠡᠳᠬᠦ ᠨᠢ ᠨᠢᠭᠡᠨᠲᠡ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ᠂ ᠬᠠᠪᠤᠳᠠᠷ ᠤᠨ ᠳᠠᠷᠠᠭᠠᠬᠢ ᠭᠤᠷᠪᠠᠳᠤᠭᠠᠷ ᠶᠡᠭᠡ ᠡᠷᠡᠭᠦᠯ ᠮᠡᠨᠳᠦ ᠶᠢᠨ ᠠᠰᠠᠭᠤᠳᠠᠯ ᠪᠣᠯᠵᠠᠶ᠃ 2007 ᠣᠨ ᠳᠤ᠂ ᠤᠤᠯ ᠤᠨ ᠤᠯᠤᠰ ᠤᠨ ᠡᠷᠡᠭᠦᠯ ᠬᠠᠮᠠᠭᠠᠯᠠᠯ ᠤᠨ ᠶᠠᠮᠤᠨ ᠠᠴᠠ ︽ᠡᠮᠴᠢᠯᠡᠭᠡᠨ ᠤ ᠪᠠᠶᠢᠭᠤᠯᠤᠮᠵᠢ ᠶᠢᠨ ᠣᠨᠣᠰᠢᠯᠠᠨ ᠡᠮᠨᠡᠬᠦ ᠵᠦᠢᠯ ᠤᠨ ᠨᠡᠷᠡᠰ︾ ᠲᠤ ︽ᠡᠪᠡᠳᠬᠦ ᠰᠠᠯᠠᠭ᠎ᠠ︾ ᠶᠢ ᠨᠢᠭᠡᠳᠦᠭᠡᠷ ᠳᠡᠰ ᠤᠨ ᠣᠨᠣᠰᠢᠯᠠᠨ ᠡᠮᠨᠡᠬᠦ ᠵᠦᠢᠯ ᠪᠤᠯᠭᠠᠨ ᠨᠡᠮᠡᠵᠦ ᠤᠷᠤᠭᠤᠯᠪᠠ᠃              ᠱᠠᠩᠬᠠᠶ ᠶᠢᠨ ᠬᠤᠸᠠ ᠳ᠋ᠦᠩ ᠡᠮᠨᠡᠯᠭᠡ ᠶᠢᠨ ᠬᠤᠷᠢᠶᠠᠨ ᠤ ᠡᠪᠡᠳᠬᠦ ᠰᠠᠯᠠᠭᠠᠨ ᠤ ᠡᠷᠬᠢᠯᠡᠭᠴᠢ ᠡᠮᠴᠢ ᠵᠧᠩ ᠶᠦᠩ ᠵᠢᠶᠦ᠋ᠨ᠄ ᠡᠩ ᠲᠡᠷᠢᠭᠦᠨ ᠳᠤ᠂ ᠡᠪᠡᠳᠬᠦ ᠰᠠᠯᠠᠭ᠎ᠠ ᠨᠢ ᠡᠪᠡᠳᠴᠢᠲᠡᠨ ᠤ ᠵᠢᠩᠬᠢᠨᠢ ᠡᠪᠡᠳᠬᠦ ᠰᠢᠯᠲᠠᠭᠠᠨ ᠢ ᠨᠠᠷᠢᠨ ᠨᠢᠭᠲᠠ ᠡᠷᠢᠵᠦ ᠣᠯᠳᠠᠭ︔ ᠳᠠᠷᠠᠭ᠎ᠠ ᠨᠢ ᠨᠢᠭᠡ ᠢᠵᠢ ᠮᠠᠰᠢ ᠪᠦᠷᠢᠨ ᠲᠡᠭᠦᠯᠳᠡᠷ ᠡᠮᠴᠢᠯᠡᠭᠡᠨ ᠤ ᠰᠢᠰᠲ᠋ᠧᠮ ᠢ ᠬᠡᠷᠡᠭᠯᠡᠵᠦ᠂ ᠪᠦᠬᠦ ᠲᠠᠯ᠎ᠠ ᠶᠢᠨ ᠲᠣᠬᠢᠷᠠᠭᠤᠯᠤᠯᠲᠠ ᠬᠢᠬᠦ ᠪᠤᠶᠤ ᠵᠠᠰᠠᠳᠠᠭ ᠭᠡᠪᠡ᠃ 
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号