ᠣᠳᠣᠬᠠᠨ ᠤ ᠠᠵᠢᠯ ᠠᠮᠢᠳᠤᠷᠠᠯ ᠤᠨ ᠳᠤᠮᠳᠠ᠂ ᠬᠥᠮᠥᠰ ᠭᠠᠷ ᠤᠲᠠᠰᠤ᠂ ᠺᠤᠮᠫᠢᠦ᠋ᠲ᠋ᠧᠷ ᠠᠴᠠ ᠤᠯᠠᠮ ᠢᠶᠠᠷ | ᠰᠠᠯᠵᠤ ᠴᠢᠳᠠᠬᠤ ᠦᠭᠡᠢ ᠪᠣᠯᠵᠠᠢ᠃ ᠤᠷᠳᠤ ᠬᠤᠭᠤᠴᠠᠭ᠎ᠠ ᠪᠠᠷ ᠠᠵᠢᠯᠯᠠᠬᠤ᠂ ᠰᠡᠯᠡᠭᠦᠦ ᠴᠠᠭ ᠲᠠᠭᠠᠨ ᠣᠬᠤᠷ | ᠸᠢᠳᠢᠤ᠋ ᠰᠣᠨᠢᠷᠬᠠᠬᠤ᠂ ᠲᠣᠭᠯᠠᠭᠠᠮ ᠲᠣᠭᠯᠠᠬᠤ ᠁ ᠵᠡᠷᠭᠡ ᠨᠢ ᠬᠥᠮᠥᠰ ᠤᠨ ᠳᠠᠳᠬᠠᠯ ᠪᠣᠯᠵᠤ᠂ ᠮᠠᠰᠢ ᠤᠯᠠᠨ | ᠬᠥᠮᠥᠨ ᠭᠠᠷ ᠠᠴᠠ ᠪᠠᠨ ᠭᠠᠷ ᠤᠲᠠᠰᠤ ᠰᠠᠯᠭᠠᠬᠤ ᠦᠭᠡᠢ ᠪᠣᠯᠤᠭᠰᠠᠨ ᠪᠠᠶᠢᠨ᠎ᠠ᠃ ᠢᠩᠭᠢᠬᠦ ᠨᠢ ᠡᠳᠦᠷ | ᠤᠳᠠᠭᠠᠨ ᠳᠠᠭᠠᠨ ᠬᠦᠵᠦᠭᠦᠦ ᠶᠢᠨ ᠬᠡᠰᠡᠭ ᠲᠤ ᠡᠪ ᠦᠭᠡᠢ ᠪᠠᠶᠢᠳᠠᠯ ᠡᠭᠦᠰᠬᠡᠬᠦ ᠨᠢ ᠳᠠᠮᠵᠢᠭ ᠦᠭᠡᠢ᠂ ᠭᠡᠪᠡᠴᠦ | ᠨᠠᠶᠢᠵᠠ ᠶᠢᠨ ᠲᠣᠭᠤᠷᠢᠭ ᠲᠤ ᠬᠦᠵᠦᠭᠦᠦ ᠪᠠᠨ ︽ᠳᠡᠭᠦᠵᠢᠯᠡᠬᠦ︾᠂ ᠲᠣᠯᠣᠭᠠᠢ ᠭᠡᠳᠡᠶᠢᠯᠭᠡᠨ ᠭᠠᠷ ᠤᠲᠠᠰᠤ ᠦᠵᠡᠬᠦ | ᠵᠡᠷᠭᠡ ᠬᠦᠵᠦᠭᠦᠦ ᠶᠢᠨ ᠬᠡᠰᠡᠭ ᠤᠨ ᠡᠪ ᠦᠭᠡᠢ ᠪᠠᠶᠢᠳᠠᠯ ᠢ ᠨᠠᠮᠵᠢᠭᠤᠯᠬᠤ ︽ᠣᠨᠴᠠ ᠵᠣᠷ︾ ᠦᠷᠭᠦᠯᠵᠢ | ᠬᠠᠷᠠᠭᠳᠠᠳᠠᠭ᠃ | ᠬᠦᠵᠦᠭᠦᠦ ᠪᠠᠨ ︽ᠳᠡᠭᠦᠵᠢᠯᠡᠬᠦ︾ ᠶᠢ ᠰᠣᠬᠤᠷ ᠪᠠᠯᠠᠢ ᠪᠠᠷ ᠬᠢᠵᠦ ᠪᠤᠯᠬᠤ ᠦᠭᠡᠢ ᠮᠠᠨ ᠤ ᠬᠦᠵᠦᠭᠦᠦ | ᠰᠡᠭᠡᠷ ᠤᠨ ᠲᠣᠭᠤᠷᠢᠨ ᠮᠠᠰᠢ ᠣᠯᠠᠨ ᠪᠤᠯᠴᠢᠩ ᠳᠤ ᠪᠠᠭᠯᠠᠭᠳᠠᠵᠤ᠂ ᠲᠣᠯᠣᠭᠠᠢ ᠪᠥᠬᠦ᠋ᠢᠬᠦ ᠪᠠᠶᠢᠳᠠᠯ ᠨᠢ ᠬᠦᠵᠦᠭᠦᠦ | ᠰᠡᠭᠡᠷ ᠤᠨ ᠠᠷᠤ ᠲᠠᠯ᠎ᠠ ᠶᠢᠨ ᠪᠤᠯᠴᠢᠩ ᠢ ᠰᠤᠩᠭᠠᠵᠤ᠂ ᠬᠡᠷᠪᠡ ᠤᠷᠲᠤ ᠬᠤᠭᠤᠴᠠᠭ᠎ᠠ ᠪᠠᠷ ᠲᠣᠯᠣᠭᠠᠢ ᠪᠠᠨ | ᠪᠥᠬᠦ᠋ᠢᠪᠡᠯ᠂ ᠪᠤᠯᠴᠢᠩ ᠠᠮᠠᠷᠬᠠᠨ ᠶᠠᠳᠠᠷᠠᠵᠤ᠂ ᠬᠦᠵᠦᠭᠦᠦ ᠶᠢᠨ ᠬᠡᠰᠡᠭ ᠡᠪᠡᠳᠬᠦ ᠪᠠᠶᠢᠳᠠᠯ ᠡᠭᠦᠰᠦᠨ᠎ᠡ᠃ ᠤᠷᠲᠤ | ᠬᠤᠭᠤᠴᠠᠭ᠎ᠠ ᠪᠠᠷ ᠢᠩᠭᠢᠭᠡᠳ ᠪᠠᠶᠢᠪᠠᠯ ᠬᠦᠵᠦᠭᠦᠨ ᠤ ᠬᠡᠰᠡᠭ ᠤᠨ ᠪᠤᠯᠴᠢᠩ ᠤᠨ ᠬᠦᠴᠦ ᠮᠠᠭᠤᠳᠠᠵᠤ᠂ ᠬᠦᠵᠦᠭᠦᠦ | ᠰᠡᠭᠡᠷ ᠤᠨ ᠭᠥᠯᠢᠶᠡᠨ ᠠᠪᠬᠤ ᠬᠦᠴᠦ ᠨᠡᠮᠡᠭᠳᠡᠬᠦ ᠠᠴᠠ ᠪᠣᠯᠵᠤ ᠬᠦᠵᠦᠭᠦᠦ ᠰᠡᠭᠡᠷ ᠤᠨ ᠡᠪᠡᠳᠴᠢᠨ ᠢ ᠡᠭᠦᠰᠬᠡᠬᠦ | ᠪᠣᠯᠣᠨ᠎ᠠ᠃ | ᠣᠳᠣᠬᠠᠨ ᠳᠤ ᠮᠠᠰᠢ ᠣᠯᠠᠨ ᠵᠠᠯᠠᠭᠤᠴᠤᠳ ᠣᠷᠳᠣ ᠬᠤᠭᠤᠴᠠᠭ᠎ᠠ ᠪᠠᠷ ᠲᠣᠯᠣᠭᠠᠢ ᠪᠥᠬᠦ᠋ᠢᠨ ᠠᠵᠢᠯᠯᠠᠬᠤ | ᠪᠤᠶᠤ ᠲᠣᠭᠯᠠᠭᠠᠮ ᠨᠠᠭᠠᠳᠤᠭᠰᠠᠨ ᠠᠴᠠ ᠪᠣᠯᠵᠤ ᠪᠤᠯᠴᠢᠩ ᠤᠨ ᠶᠠᠳᠠᠷᠠᠯ ᠢ ᠡᠭᠦᠰᠬᠡᠳᠡᠭ᠂ ᠰᠦᠯᠵᠢᠶᠡᠨ ᠳᠡᠭᠡᠷ᠎ᠡ ᠪᠠᠰᠠ | ᠤᠯᠠᠨ ᠵᠦᠢᠯ ᠤᠨ ᠠᠷᠭ᠎ᠠ ᠪᠠᠷ ᠬᠦᠵᠦᠭᠦᠦ ᠶᠢᠨ ᠬᠡᠰᠡᠭ ᠤᠨ ᠡᠪ ᠦᠭᠡᠢ ᠪᠠᠶᠢᠳᠠᠯ ᠢ ᠨᠠᠮᠳᠠᠭᠤᠯᠵᠤ ᠪᠠᠶᠢᠨ᠎ᠠ᠂ | ᠵᠢᠱᠢᠶᠡᠯᠡᠪᠡᠯ᠂ ᠬᠦᠵᠦᠭᠦᠦ ᠪᠠᠨ ︽ᠳᠡᠭᠦᠵᠢᠯᠡᠬᠦ︾ ᠮᠡᠲᠦ ᠶᠢᠨ ᠠᠷᠭ᠎ᠠ ᠶᠢ ᠬᠡᠷᠡᠭᠯᠡᠵᠦ ᠪᠠᠶᠢᠨ᠎ᠠ᠃ ᠦᠨᠡᠨ ᠳᠡᠭᠡᠨ | ᠡᠨᠡ ᠬᠦ ᠠᠷᠭ᠎ᠠ ᠨᠢ ᠪᠤᠷᠤᠭᠤ ᠶᠤᠮ᠂ ᠤᠴᠢᠷ ᠨᠢ ᠬᠦᠵᠦᠭᠦᠦ ᠶᠢ ︽ᠳᠡᠭᠦᠵᠢᠯᠡᠬᠦ︾ ᠨᠢ ᠡᠮᠴᠢᠯᠡᠭᠡᠨ ᠤ ᠳᠤᠮᠳᠠ | ᠮᠡᠳᠡᠷᠡᠯ ᠤᠨ ᠤᠭ ᠤᠨ ᠭᠡᠯᠪᠡᠷᠢ ᠶᠢᠨ ᠬᠦᠵᠦᠭᠦᠦ ᠰᠡᠭᠡᠷ ᠤᠨ ᠡᠪᠡᠳᠴᠢᠨ ᠢ ᠵᠠᠰᠠᠬᠤ ᠳᠤ ᠬᠡᠷᠡᠭᠯᠡᠳᠡᠭ ᠠᠴᠠ ᠪᠢᠰᠢ | ᠬᠠᠷᠢᠨ ᠪᠤᠯᠴᠢᠩ ᠤᠨ ᠵᠦᠳᠡᠷᠡᠯ ᠤᠨ ᠭᠡᠮᠲᠦᠯ ᠢ ᠵᠠᠰᠠᠬᠤ ᠳᠤ ᠲᠣᠬᠢᠷᠠᠬᠤ ᠦᠭᠡᠢ ᠶᠤᠮ᠃ ᠲᠡᠯᠡᠭᠦ ᠵᠠᠰᠠᠯ ᠢ | ᠬᠢᠬᠦ ᠠᠴᠠ ᠡᠮᠦᠨ᠎ᠡ᠂ ᠵᠠᠪᠠᠯ ᠵᠢᠩᠬᠢᠨᠢ ᠡᠮᠨᠡᠯᠭᠡ ᠶᠢᠨ ᠬᠤᠷᠢᠶᠠᠨ ᠳᠤ ᠬᠦᠷᠴᠦ ᠲᠣᠳᠣᠷᠬᠠᠢ ᠣᠨᠣᠰᠢᠯᠠᠭᠤᠯᠬᠤ ᠬᠡᠷᠡᠭᠲᠡᠢ ᠂ | ᠰᠣᠬᠤᠷ ᠪᠠᠯᠠᠢ ᠪᠠᠷ ᠥᠪᠡᠷ ᠢᠶᠠᠨ ᠬᠢᠵᠦ ᠪᠤᠯᠬᠤ ᠦᠭᠡᠢ᠃ | ᠤᠷᠲᠤ ᠬᠤᠭᠤᠴᠠᠭ᠎ᠠ ᠪᠠᠷ ᠲᠣᠯᠣᠭᠠᠢ ᠭᠡᠳᠡᠶᠢᠯᠭᠡᠨ ᠭᠠᠷ ᠤᠲᠠᠰᠤ ᠦᠵᠡᠬᠦ ᠨᠢ ᠮᠥᠨ ᠴᠦ ᠪᠤᠯᠴᠢᠩ ᠤᠨ | ᠵᠦᠳᠡᠷᠡᠯ ᠤᠨ ᠭᠡᠮᠲᠦᠯ ᠢ ᠡᠭᠦᠰᠬᠡᠨ᠎ᠡ | ᠪᠠᠰᠠ ᠴᠥᠭᠡᠨ ᠪᠤᠰᠤ ᠬᠥᠮᠥᠰ ᠤᠨ ᠦᠵᠡᠬᠦ ᠪᠠᠷ᠂ ᠬᠦᠵᠦᠭᠦᠦ ᠰᠡᠭᠡᠷ ᠲᠤ ᠠᠰᠠᠭᠤᠳᠠᠯ ᠭᠠᠷᠤᠭᠰᠠᠨ ᠨᠢ | ᠤᠷᠲᠤ ᠬᠤᠭᠤᠴᠠᠭ᠎ᠠ ᠪᠠᠷ ᠲᠣᠯᠣᠭᠠᠢ ᠪᠥᠬᠦ᠋ᠢᠭᠰᠡᠨ ᠠᠴᠠ ᠪᠣᠯ ᠪᠢᠳᠡ ᠲᠣᠯᠣᠭᠠᠢ ᠭᠡᠳᠡᠶᠢᠨ ᠭᠠᠷ ᠤᠲᠠᠰᠤ ᠦᠵᠡᠪᠡᠯ | ᠳᠠᠷᠤᠢ ᠬᠦᠵᠦᠭᠦᠦ ᠰᠡᠭᠡᠷ ᠢ ᠬᠠᠮᠠᠭᠠᠯᠠᠵᠤ ᠳᠡᠶᠢᠯᠴᠢᠬᠡᠬᠦ ᠪᠢᠰᠢ ᠤᠤ︖ ᠭᠡᠰᠡᠨ ᠦᠵᠡᠯᠲᠡ ᠲᠠᠢ ᠪᠠᠶᠢᠯ᠎ᠠ᠃ | ᠢᠩᠭᠢᠵᠦ ᠬᠢᠬᠦ ᠨᠢ ᠰᠢᠨᠵᠢᠯᠡᠬᠦ ᠤᠬᠠᠭᠠᠨᠴᠢ ᠪᠢᠰᠢ ᠶᠤᠮ᠃ ᠤᠷᠲᠤ ᠬᠤᠭᠤᠴᠠᠭ᠎ᠠ ᠪᠠᠷ ᠨᠢᠭᠡᠨ ᠪᠠᠶᠢᠳᠠᠯ ᠢᠶᠠᠨ | ᠪᠠᠲᠤᠯᠠᠬᠤ᠂ ᠳᠠᠷᠤᠢ ᠲᠣᠯᠣᠭᠠᠢ ᠪᠥᠬᠦ᠋ᠢᠨ ᠭᠠᠷ ᠤᠲᠠᠰᠤ ᠦᠵᠡᠭᠰᠡᠨ ᠴᠦ ᠲᠡᠷᠡ᠂ ᠲᠣᠯᠣᠭᠠᠢ ᠭᠡᠳᠡᠶᠢᠯᠭᠡᠨ ᠭᠠᠷ | ᠤᠲᠠᠰᠤ ᠦᠵᠡᠭᠰᠡᠨ ᠴᠦ ᠲᠡᠷᠡ᠂ ᠪᠦᠷ ᠪᠤᠯᠴᠢᠩ ᠤᠨ ᠵᠦᠳᠡᠷᠡᠯ ᠤᠨ ᠭᠡᠮᠲᠦᠯ ᠢ ᠠᠪᠴᠢᠷᠠᠵᠤ ᠮᠡᠳᠡᠨ᠎ᠡ᠃ | ᠬᠦᠵᠦᠭᠦᠦ ᠰᠡᠭᠡᠷ ᠢᠶᠠᠨ ᠬᠠᠮᠠᠭᠠᠯᠠᠶ᠎ᠠ ᠭᠡᠪᠡᠯ ᠳᠣᠣᠷᠠᠬᠢ ᠵᠣᠷ ᠢ ᠬᠡᠷᠡᠭᠯᠡᠭᠡᠷᠡᠢ ᠡᠳᠦᠷ ᠲᠤᠲᠤᠮ ᠤᠨ | ᠠᠮᠢᠳᠤᠷᠠᠯ ᠤᠨ ᠳᠤᠮᠳᠠ ᠪᠠᠨ ᠬᠦᠵᠦᠭᠦᠦ ᠰᠡᠭᠡᠷ ᠢᠶᠠᠨ ᠵᠥᠪ ᠬᠠᠮᠠᠭᠠᠯᠠᠬᠤ ᠳᠤ ︽ ᠥᠩᠭᠡᠨ ᠲᠠᠯ᠎ᠠ ᠶᠢ ᠵᠠᠰᠠᠬᠤ︾ | ᠮᠥᠷᠲᠡᠭᠡᠨ ᠪᠠᠰᠠ ᠦᠨᠳᠦᠰᠦ ᠶᠢ ᠨᠢ ᠵᠠᠰᠠᠬᠤ ᠬᠡᠷᠡᠭᠲᠡᠢ᠃ ᠳᠣᠣᠷ᠎ᠠ ᠭᠤᠷᠪᠠᠨ ᠵᠦᠢᠯ ᠢ ᠰᠠᠨᠠᠭᠤᠯᠤᠶ᠎ᠠ︕ ᠤᠷᠲᠤ | ᠬᠤᠭᠤᠴᠠᠭ᠎ᠠ ᠪᠠᠷ ᠲᠣᠯᠣᠭᠠᠢ ᠪᠥᠬᠦ᠋ᠢᠬᠦ ᠠᠴᠠ ᠵᠠᠶᠢᠯᠠᠰᠬᠢᠬᠦ ᠬᠡᠷᠡᠭᠲᠡᠢ᠄ ᠤᠷᠢᠳ ᠢᠶᠠᠷ ᠤᠷᠲᠤ ᠬᠤᠭᠤᠴᠠᠭ᠎ᠠ ᠪᠠᠷ | ᠲᠣᠯᠣᠭᠠᠢ ᠪᠥᠬᠦ᠋ᠢᠬᠦ ᠠᠴᠠ ᠵᠠᠶᠢᠯᠠᠰᠬᠢᠵᠦ᠂ ᠵᠣᠬᠢᠰᠲᠠᠢ ᠠᠮᠠᠷᠠᠬᠤ ᠬᠡᠷᠡᠭᠲᠡᠢ᠂ ᠵᠢᠱᠢᠶᠡᠯᠡᠪᠡᠯ ᠲᠣᠯᠣᠭᠠᠢ ᠪᠥᠬᠦ᠋ᠢᠨ | ᠬᠠᠭᠠᠰ ᠴᠠᠭ ᠠᠵᠢᠯᠯᠠᠪᠠᠯ ᠲᠣᠯᠣᠭᠠᠢ ᠪᠠᠨ ᠡᠷᠭᠦᠨ ᠰᠤᠯᠠ ᠲᠠᠯᠪᠢᠵᠤ᠂ ᠬᠦᠵᠦᠭᠦᠦ ᠰᠡᠭᠡᠷ ᠢᠶᠠᠨ ᠬᠥᠳᠡᠯᠭᠡᠵᠦ᠂ | ᠬᠦᠵᠦᠭᠦᠦ ᠰᠡᠭᠡᠷ ᠢ ᠤᠷᠲᠤ ᠬᠤᠭᠤᠴᠠᠭ᠎ᠠ ᠪᠠᠷ ᠥᠨᠳᠥᠷ ᠳᠠᠷᠤᠯᠲᠠ ᠶᠢᠨ ᠪᠠᠶᠢᠳᠠᠯ ᠳᠤ ᠪᠠᠶᠢᠯᠭᠠᠵᠤ ᠪᠤᠯᠬᠤ ᠦᠭᠡᠢ᠃ | | ᠡᠳᠦᠷ ᠲᠤᠲᠤᠮ ᠳᠠᠭᠠᠨ ︽米 ᠦᠰᠦᠭ ᠤᠨ ᠲᠠᠮᠢᠷ︾ ᠢᠶᠠᠷ ᠬᠦᠵᠦᠭᠦᠨ ᠤ ᠬᠡᠰᠡᠭ ᠤᠨ ᠪᠤᠯᠴᠢᠩ ᠢ | ᠪᠤᠯᠪᠠᠰᠤᠷᠠᠭᠤᠯᠵᠤ᠂ ᠬᠦᠵᠦᠭᠦᠦ ᠰᠡᠭᠡᠷ ᠢ ᠡᠮᠦᠨ᠎ᠡ᠂ ᠬᠤᠶᠢᠨ᠎ᠠ᠂ ᠵᠡᠭᠦᠨ᠂ ᠪᠠᠷᠠᠭᠤᠨ ᠡᠯ᠎ᠡ ᠴᠢᠭᠯᠡᠯ ᠢᠶᠠᠷ | ᠬᠥᠳᠡᠯᠭᠡᠭᠡᠨ ᠬᠢᠯᠭᠡᠨ᠎ᠡ᠂ ᠰᠠᠨᠠᠭᠤᠯᠬᠤ ᠴᠢᠬᠤᠯᠠ ᠲᠠᠢ ᠨᠢ᠂ ᠳᠤᠰ ᠲᠠᠮᠢᠷ ᠢ ᠬᠢᠬᠦ ᠳᠡᠭᠡᠨ ᠬᠤᠷᠳᠤᠴᠠ ᠶᠢ ᠬᠡᠲᠦᠷᠬᠡᠢ | ᠲᠦᠷᠭᠡᠨ ᠪᠠᠶᠢᠯᠭᠠᠵᠤ ᠪᠤᠯᠬᠤ ᠦᠭᠡᠢ᠂ ᠪᠤᠯᠴᠢᠩ ᠮᠢᠬ᠎ᠠ ᠶᠢ ᠭᠡᠮᠲᠦᠭᠡᠬᠦ ᠠᠴᠠ ᠰᠡᠷᠭᠡᠶᠢᠯᠡᠨ᠎ᠡ᠃ ︽ᠦᠡᠭᠭᠡᠨ | ᠲᠠᠯ᠎ᠠ ᠶᠢ ᠨᠢ ᠵᠠᠰᠠᠬᠤ︾ ᠳᠤ ᠲᠤᠰᠠ ᠪᠤᠯᠬᠤ ᠶᠤᠮ᠃ | ᠬᠦᠵᠦᠭᠦᠨ ᠤ ᠬᠡᠰᠡᠭ ᠤᠨ ᠪᠤᠯᠴᠢᠩ ᠤᠨ ᠬᠦᠴᠦ ᠶᠢ ᠨᠡᠮᠡᠭᠳᠡᠭᠦᠯᠬᠦ᠄ ︽ᠦᠨᠳᠦᠰᠦ ᠶᠢ ᠨᠢ ᠵᠠᠰᠠᠬᠤ︾ ᠭᠡᠪᠡᠯ | ᠂ ᠡᠷᠬᠡᠪᠰᠢ ᠦᠨᠳᠦᠰᠦ ᠰᠤᠷᠪᠤᠯᠵᠢ ᠠᠴᠠ ᠨᠢ ᠡᠬᠢᠯᠡᠨ ᠪᠣᠯᠪᠠᠰᠤᠷᠠᠯ ᠢᠶᠠᠷ ᠳᠠᠮᠵᠢᠭᠤᠯᠤᠨ ᠬᠦᠵᠦᠭᠦᠨ ᠤ ᠬᠡᠰᠡᠭ ᠤᠨ | ᠪᠤᠯᠴᠢᠩ ᠤᠨ ᠬᠦᠴᠦ ᠶᠢ ᠴᠢᠩᠭᠠᠳᠬᠠᠬᠤ ᠬᠡᠷᠡᠭᠲᠡᠢ᠃ ᠥᠲᠥᠨ ᠪᠥᠮᠪᠦᠭᠡ᠂ ᠮᠡᠯᠡᠬᠡᠢ ᠤᠮᠪᠠᠯᠲᠠ ᠵᠡᠷᠭᠡ ᠲᠠᠮᠢᠷ ᠤᠨ | ᠬᠥᠳᠡᠯᠭᠡᠭᠡᠨ ᠢᠶᠠᠷ ᠳᠠᠮᠵᠢᠭᠤᠯᠤᠨ ᠬᠦᠵᠦᠭᠦᠨ ᠤ ᠬᠡᠰᠡᠭ ᠤᠨ ᠪᠤᠯᠴᠢᠩ ᠤᠨ ᠬᠦᠴᠦ ᠶᠢ ᠨᠡᠮᠡᠭᠳᠡᠭᠦᠯᠵᠦ ᠪᠣᠯᠣᠨ᠎ᠠ᠃ | ᠬᠦᠵᠦᠭᠦᠦ ᠰᠡᠭᠡᠷ ᠢᠶᠠᠨ ᠳᠤᠯᠠᠭᠠᠯᠠᠬᠤ ᠶᠢ ᠠᠩᠬᠠᠷᠬᠤ᠄ ᠬᠦᠵᠦᠭᠦᠦ ᠰᠡᠭᠡᠷ ᠢᠶᠠᠨ ᠳᠤᠯᠠᠭᠠᠯᠠᠬᠤ ᠶᠢ ᠠᠩᠬᠠᠷᠬᠤ | ᠬᠡᠷᠡᠭᠲᠡᠢ᠂ ᠪᠢᠲᠡᠭᠡᠢ ᠰᠦᠯᠵᠢᠶᠡᠨ ᠳᠤ ᠭᠠᠷᠴᠤ ᠪᠢᠴᠢᠯ ᠪᠦᠷᠭᠡ ᠨᠡᠬᠡᠭᠡᠳ ᠯᠡ ᠪᠠᠶᠢᠭᠠᠷᠠᠢ᠂ ᠬᠠᠷᠢᠨ ᠥᠪᠡᠷ ᠤᠨ | ᠬᠦᠵᠦᠭᠦᠦ ᠪᠠᠨ ᠰᠠᠶᠢᠲᠤᠷ ᠳᠤᠯᠠᠭᠠᠯᠠᠵᠤ᠂ ᠲᠠᠭᠠᠷᠠᠵᠤ ᠵᠢᠩᠭᠢᠨᠡᠬᠦ ᠠᠴᠠ ᠬᠢᠴᠢᠶᠡᠬᠦ ᠬᠡᠷᠡᠭᠲᠡᠢ᠃ | |