ᠨᠠᠰᠤᠳᠠᠢ ᠬᠦᠮᠦᠨ ᠤ ᠭᠡᠷᠡᠭᠯᠡᠳᠡᠭ ᠭᠠᠷ ᠤᠳᠠᠰᠤ ᠨᠢ ᠶᠠᠮᠠᠷᠴᠤ ᠭᠠᠷ ᠤᠲᠠᠰᠤ ᠶᠢᠨ ᠥᠷᠲᠡᠭ ᠨᠡᠮᠡᠭᠳᠡᠯ ᠤᠨ | ᠲᠤᠬᠠᠶᠢᠯᠠᠭᠰᠠᠨ ᠠᠵᠢᠯ ᠤᠨ ᠴᠢᠳᠠᠮᠵᠢ ᠶᠢ ᠨᠡᠭᠡᠭᠡᠭᠰᠡᠨ ᠦᠭᠡᠢ ᠪᠠᠷ ᠬᠠᠷᠢᠨ ᠥᠷᠲᠡᠭ ᠨᠡᠮᠡᠭᠳᠡᠯ ᠤᠨ ᠦᠢᠯᠡᠴᠢᠯᠡᠭᠡ | ᠦᠪᠡᠰᠤᠪᠡᠨ ᠵᠠᠬᠢᠶᠠᠯᠠᠭᠳᠠᠵᠤ᠂ ᠭᠠᠷ ᠤᠲᠠᠰᠤ ᠬᠡᠷᠡᠭᠯᠡᠭᠴᠢ ᠶᠢᠨ ᠰᠦᠢᠳᠬᠡᠯ ᠢ ᠨᠢᠭᠤᠴᠠ ᠪᠠᠷ ᠰᠠᠭᠤᠯᠭᠠᠨ ᠠᠪᠴᠠᠢ᠂ | ᠨᠡᠩ ᠴᠤ ᠬᠦᠮᠦᠰ ᠤᠨ ᠰᠠᠨᠠᠭᠠᠨ ᠳᠤ ᠤᠷᠤᠬᠰᠠᠨ ᠦᠭᠡᠢ ᠶᠠᠪᠤᠳᠠᠯ ᠭᠡᠪᠡᠯ ᠪᠦᠬᠦ ᠤᠯᠤᠰ ᠲᠤ 98 ᠲᠦᠮᠡᠨ ᠭᠠᠷ | ᠤᠲᠠᠰᠤ ᠡᠶᠢᠮᠦ ᠲᠣᠬᠢᠶᠠᠯᠳᠤᠯ ᠳᠤ ᠤᠴᠠᠷᠠᠬᠰᠠᠨ ᠪᠠᠶᠢᠨ᠎ᠠ᠃ | ︽ᠪᠢ ᠡᠵᠡᠩᠨᠡᠯᠲᠡ ᠶᠢᠨ ᠲᠢᠩᠬᠢᠮ ᠠᠴᠠ ᠨᠠᠰᠤᠳᠠᠢ ᠬᠦᠮᠦᠨ ᠤ ᠭᠡᠷᠡᠭᠯᠡᠳᠡᠭ ᠨᠢᠭᠡᠨ ᠭᠠᠷ ᠤᠳᠠᠰᠤ | ᠬᠤᠳᠠᠯᠳᠤᠨ ᠠᠪᠬᠤ ᠳᠠᠭᠠᠨ᠂ ᠶᠠᠮᠠᠷᠴᠤ ᠭᠠᠷ ᠤᠲᠠᠰᠤ ᠶᠢᠨ ᠥᠷᠲᠡᠭ ᠨᠡᠮᠡᠭᠳᠡᠯ ᠤᠨ ᠲᠤᠬᠠᠶᠢᠯᠠᠭᠰᠠᠨ ᠠᠵᠢᠯ ᠤᠨ | ᠴᠢᠳᠠᠮᠵᠢ ᠨᠡᠭᠡᠭᠡᠯᠭᠡᠭᠰᠡᠨ ᠦᠭᠡᠢ ᠪᠠᠷ ᠬᠠᠷᠢᠨ ᠪᠠᠶᠢᠳᠠᠯ ᠢ ᠮᠡᠳᠡᠬᠦ ᠦᠭᠡᠢ ᠪᠠᠶᠢᠳᠠᠯ ᠳᠣᠣᠷ᠎ᠠ ᠮᠢᠨᠦ ᠭᠠᠷ ᠤᠲᠠᠰᠤ | ᠲᠡᠭᠡᠷ᠎ᠡ ᠨᠢᠭᠡ ᠵᠦᠢᠯ ᠤᠨ ︿ᠵᠡᠭᠦᠳᠦ ᠰᠦᠯᠵᠢᠶᠡᠨ ᠤ ᠣᠬᠤᠷ ᠮᠡᠳᠡᠭᠡ﹀ ᠤᠨ ᠲᠤᠬᠠᠢᠯᠠᠭᠰᠠᠨ ᠠᠵᠢᠯ ᠵᠠᠬᠢᠶᠠᠯᠠᠬᠳᠠᠵᠦ | ᠂ ᠰᠠᠷ᠎ᠠ ᠪᠤᠯᠭᠠᠨ 6 ᠲᠥᠭᠦᠷᠢᠭ ᠠᠴᠠ 10 ᠲᠥᠭᠦᠷᠢᠭ ᠤᠨ ᠬᠤᠭᠤᠷᠤᠨᠳᠤ ᠠᠳᠠᠯᠢ ᠪᠤᠰᠤ ᠬᠡᠮᠵᠢᠶ᠎ᠡ ᠪᠠᠷ ᠭᠠᠷ | ᠤᠳᠠᠰᠤᠨ ᠤ ᠰᠦᠢᠳᠭᠡᠯ ᠰᠠᠭᠤᠯᠭᠠᠨ ᠠᠪᠴᠤ᠂ ᠨᠢᠭᠡ ᠵᠢᠯ ᠪᠣᠯᠤᠭ᠎ᠠ ᠦᠭᠡᠢ ᠪᠠᠷ 60 ᠭᠠᠷᠤᠢ ᠲᠦᠭᠦᠷᠢᠭ | ᠰᠠᠭᠤᠯᠭᠠᠨ ᠠᠪᠴᠠᠢ᠂ ᠡᠨᠡ ᠨᠢ ᠪᠠᠷᠤᠭ ᠭᠠᠷ ᠤᠳᠠᠰᠤᠨ ᠳᠤ ᠸᠢᠷᠦ᠋ᠰ ᠤᠷᠤᠬᠰᠠᠨ ᠪᠠᠶᠢᠬ᠎ᠠ ᠭᠡᠵᠦ ᠪᠢ ᠰᠡᠵᠢᠭᠯᠡᠵᠦ | ᠪᠠᠶᠢᠨ᠎ᠠ︾ ᠭᠡᠬᠦ ᠮᠡᠳᠦ ᠪᠠᠷ ᠬᠡᠷᠡᠭ ᠮᠡᠳᠡᠭᠦᠯᠦᠭᠰᠡᠨ ᠣᠯᠠᠨ ᠨᠠᠰᠤᠲᠠᠨ ᠤ ᠢᠷᠡᠬᠦᠯᠦᠭᠰᠡᠨ ᠤᠳᠠᠰᠤ ᠶᠢ 2023 | ᠣᠨ ᠤ 2 ᠰᠠᠷ᠎ᠠ ᠳᠤ ᠵᠢᠶᠠᠩᠰᠦ ᠮᠣᠵᠢ ᠶᠢᠨ ᠴᠠᠩᠵᠸᠦ ᠬᠤᠲᠠ ᠶᠢᠨ ᠲᠠᠨ ᠲᠤᠭᠤᠷᠢᠭ ᠤᠨ ᠴᠠᠬᠳᠠᠭᠠᠨ | ᠲᠠᠯ᠎ᠠ ᠶᠢᠨ ᠬᠢᠨ ᠲᠤᠰᠴᠠᠢ᠃ ᠲᠡᠭᠡᠭᠡᠳ ᠴᠠᠭᠳᠠᠭᠠᠨ ᠤ ᠲᠠᠯ᠎ᠠ ᠶᠢᠨ ᠬᠢᠨ ᠭᠠᠷ ᠤᠲᠠᠰᠤᠨ ᠠᠴᠠ ︽ᠰᠠᠭᠤᠯᠭᠠᠨ | ᠠᠪᠤᠬᠰᠠᠨ ᠠᠦ᠋ᠲ᠋ᠣ᠋ ᠰᠦᠢᠳᠭᠡᠯ︾ ᠤᠨ ᠲᠤᠭ᠎ᠠ ᠪᠠᠷᠢᠮᠲᠠ ᠶᠢ ᠵᠠᠳᠠᠯᠤᠨ ᠨᠡᠬᠡᠮᠵᠢᠯᠡᠬᠦ ᠪᠠᠷ ᠳᠠᠮᠵᠢᠨ᠂ ᠡᠳᠡᠭᠡᠷ ᠭᠠᠷ | ᠤᠲᠠᠰᠤᠨ ᠤ ᠰᠦᠯᠵᠢᠶᠡᠨ ᠲᠤᠭ᠎ᠠ ᠪᠠᠷᠢᠮᠲᠠ ᠨᠢ ᠪᠦᠷ ᠱᠧᠨᠵᠧᠨ ᠳᠤ ᠭᠠᠷᠭᠠᠭᠰᠠᠨ ᠦᠢᠯᠡᠴᠢᠯᠡᠭᠦᠷ ᠲᠠᠢ ᠬᠠᠮᠢᠶᠠᠳᠠᠢ | ᠪᠦᠭᠡᠳ ᠡᠳᠡᠭᠡᠷ ᠨᠠᠰᠤᠳᠠᠢ ᠬᠦᠮᠦᠨ ᠤ ᠭᠡᠷᠡᠭᠯᠡᠳᠡᠭ ᠭᠠᠷ ᠤᠳᠠᠰᠤ ᠶᠢ ᠡᠨᠡ ᠦᠢᠯᠡᠴᠢᠯᠡᠭᠦᠷ ᠠᠯᠤᠰ ᠠᠴᠠ | ᠡᠷᠭᠡᠰᠢᠶᠡᠭᠰᠡᠨ ᠠᠴᠠ ᠪᠤᠯᠵᠤ ︽ᠠᠦ᠋ᠲ᠋ᠣ᠋ ᠵᠠᠬᠢᠶᠠᠯᠠᠭ᠎ᠠ︾ ᠶᠢᠨ ᠥᠷᠲᠡᠭ ᠨᠡᠮᠡᠭᠳᠡᠯ ᠤᠨ ᠲᠤᠬᠠᠢᠯᠠᠭᠰᠠᠨ ᠠᠵᠢᠯ ᠪᠤᠢ | ᠪᠤᠯᠵᠤ ᠪᠠᠶᠢᠬᠤ ᠶᠢ ᠤᠯᠵᠤ ᠮᠡᠳᠡᠵᠡᠢ᠃ ᠪᠠᠰᠠ ᠪᠠᠶᠢᠴᠠᠭᠠᠯᠲᠠ ᠬᠢᠬᠦ ᠪᠠᠷ ᠲᠠᠮᠵᠢᠭᠠᠳ᠂ ᠪᠥᠬᠦ ᠤᠯᠤᠰ ᠲᠤ 98 | ᠲᠦᠮᠡᠨ ᠭᠠᠷ ᠤᠲᠠᠰᠤ ᠳᠤ ᠭᠠᠷ ᠤᠳᠠᠰᠤᠨ ᠤ ᠡᠵᠡᠨ ᠪᠢᠰᠢ ᠪᠠᠶᠢᠳᠠᠯ᠎ᠠ ᠥᠷᠲᠡᠭ ᠨᠡᠮᠡᠭᠳᠡᠯ ᠤᠨ ᠲᠤᠬᠠᠶᠢᠯᠠᠭᠰᠠᠨ | ᠠᠵᠢᠯ ᠤᠨ ᠵᠠᠬᠢᠶᠠᠯᠠᠭ᠎ᠠ ᠪᠤᠢ ᠪᠤᠯᠤᠬᠰᠠᠨ ᠪᠠᠶᠢᠳᠠᠯ ᠤᠷᠤᠰᠢᠵᠦ᠂ ᠬᠡᠷᠡᠭ ᠲᠤ ᠬᠤᠯᠪᠣᠭᠳᠠᠭᠰᠠᠨ ᠵᠣᠭᠤᠰ ᠤᠨ | ᠲᠤᠭ᠎ᠠ ᠨᠢ 347 ᠲᠦᠮᠡᠨ ᠲᠥᠭᠦᠷᠢᠭ ᠲᠤ ᠬᠦᠷᠦᠭᠰᠡᠨ ᠢ ᠤᠯᠵᠤ ᠮᠡᠳᠡᠵᠡᠢ᠃ ᠴᠠᠭᠳᠠᠭ᠎ᠠ ᠶᠢᠨ ᠲᠠᠯ᠎ᠠ ᠶᠢᠨ ᠬᠢᠨ | ᠪᠠᠷᠢᠨ ᠲᠤᠤᠷ᠎ᠠ ᠪᠠᠨ ᠱᠧᠨᠵᠧᠨ ᠳᠤ ᠬᠦᠷᠴᠦ ᠦᠢᠯᠡᠴᠢᠯᠡᠭᠦᠷ ᠢ ᠡᠷᠭᠡᠰᠢᠶᠡᠵᠦ ᠪᠠᠶᠢᠬᠰᠠᠨ ᠵᠠᠩ ᠸᠧᠶ ᠱᠧᠩ ᠢ | ᠪᠠᠷᠢᠵᠤ ᠠᠪᠤᠭᠰᠠᠨ ᠪᠥᠭᠡᠳ ᠲᠡᠷᠡ ᠳᠠᠷᠤᠶ ᠳᠤᠨᠢ ᠦᠢᠯᠡᠴᠢᠯᠡᠭᠦᠷ ᠤᠨ ᠲᠤᠭ᠎ᠠ ᠪᠠᠷᠢᠮᠲᠠ ᠶᠢ ᠭᠠᠷᠭᠠᠨ ᠠᠪᠴᠤ᠂ | ᠦᠢᠯᠡᠴᠢᠯᠡᠭᠦᠷ ᠢ ᠬᠠᠭᠠᠪᠠ᠃ 40 ᠨᠠᠰᠤᠲᠠᠢ ᠵᠠᠩ ᠸᠧᠢ ᠱᠧᠩ ᠪᠣᠯ ᠭᠤᠸᠠᠩᠳᠦ᠋ᠩ ᠤᠨ ᠴᠤᠤ ᠶᠠᠩ ᠤᠨ ᠬᠥᠮᠦᠨ | ᠶᠤᠮ᠂ ᠤᠤᠯ ᠨᠢ ᠲᠡᠷᠡ ᠭᠠᠷ ᠤᠲᠠᠰᠤᠨ ᠤ ᠥᠷᠲᠡᠭ ᠨᠡᠮᠡᠭᠳᠡᠯ ᠤᠨ ᠦᠢᠯᠡᠴᠢᠯᠡᠭᠡ ᠣᠷᠣᠯᠠᠬᠤ ᠲᠤᠬᠠᠶᠢᠯᠠᠬᠰᠠᠨ | ᠠᠵᠢᠯ ᠢ ᠬᠢᠵᠦ ᠪᠠᠶᠢᠵᠠᠢ᠃ 2018 ᠣᠨ ᠳᠤ᠂ ᠲᠡᠷᠡ ᠰᠦᠯᠵᠢᠶᠡᠨ ᠳᠡᠭᠡᠷ᠎ᠡ ᠠᠴᠠ ᠭᠠᠷ ᠤᠲᠠᠰᠤᠨ ᠤ ᠥᠷᠲᠡᠭ | ᠨᠡᠮᠡᠭᠳᠡᠯ ᠤᠨ ᠨᠢᠭᠡ ᠦᠢᠯᠡᠴᠢᠯᠡᠭᠡᠨ ᠤ ᠺᠣᠳ᠋ ᠬᠤᠳᠠᠯᠳᠤᠨ ᠠᠪᠴᠠᠢ᠃ ︽ᠡᠨᠡ ᠺᠣᠳ᠋ ᠨᠢ ᠴᠢᠳᠠᠮᠵᠢ ᠶᠢᠨ ᠮᠠᠰᠢᠨ ᠤ | ᠲᠣᠭᠯᠠᠭᠠᠮ ᠢᠶᠠᠷ ᠳᠠᠮᠵᠢᠨ ᠪᠡᠯᠡᠨ ᠵᠤᠭᠤᠰ ᠪᠤᠯᠭᠠᠨ ᠠᠪᠴᠤ ᠪᠤᠯᠳᠠᠭ᠂ ᠶᠠᠭ ︽ᠬᠠᠶᠢᠷᠴᠠᠭ ᠲᠦᠯᠬᠢᠬᠦ︾᠂ ︽ | ᠬᠤᠪᠳᠤᠭ ᠮᠤᠭᠠᠢ︾ ᠭᠡᠬᠦ ᠮᠡᠳᠦ ᠶᠢᠨ ᠵᠢᠵᠢᠭ ᠲᠣᠭᠯᠠᠭᠠᠮ ᠰᠢᠭ᠋ ᠵᠣᠬᠢᠬᠤ ᠪᠣᠭᠤᠮᠲᠠ ᠳᠤ ᠬᠦᠷᠦᠭᠰᠡᠨ ᠤ ᠳᠠᠷᠠᠭ᠎ᠠ᠂ | ᠬᠡᠷᠡᠭᠯᠡᠭᠴᠢ ᠠᠷᠤ ᠶᠢᠨ ᠪᠣᠭᠤᠮᠲᠠ ᠶᠢᠨ ᠶᠠᠭᠤᠮᠠᠰ ᠢ ᠬᠤᠳᠠᠯᠳᠤᠨ ᠠᠪᠤᠭᠰᠠᠨ ᠤ ᠬᠤᠶᠢᠨ᠎ᠡ ᠰᠠᠶ᠋ᠢ ᠦᠷᠭᠦᠯᠵᠢᠯᠡᠨ | ᠨᠠᠭᠠᠳᠴᠤ ᠲᠡᠶᠢᠯᠳᠡᠭ᠃ ᠡᠭᠦᠨ ᠠᠴᠠ ᠪᠢ ᠡᠨᠡ ᠬᠦ ᠺᠣᠳ᠋ ᠶᠢ ᠴᠢᠳᠠᠮᠵᠢ ᠶᠢᠨ ᠮᠠᠰᠢᠨ ᠳᠤ ᠣᠷᠣᠭᠤᠯᠵᠤ᠂ ᠳᠠᠬᠢᠨ | ᠦᠢᠯᠡᠴᠢᠯᠡᠭᠦᠷ ᠢᠶᠠᠷ ᠳᠠᠮᠵᠢᠨ ᠠᠯᠤᠰ ᠠᠴᠠ ᠵᠠᠷᠯᠢᠭ ᠪᠠᠭᠤᠯᠭᠠᠪᠠᠯ ᠬᠡᠷᠡᠭᠯᠡᠭᠴᠢ ᠵᠦᠪᠰᠢᠶᠡᠷᠡᠨ ᠨᠤᠳᠠᠯᠠᠬᠤ ᠴᠢᠬᠤᠯᠠ | ᠦᠭᠡᠢ ᠪᠠᠷ ᠬᠡᠷᠡᠭᠯᠡᠭᠴᠢ ᠶᠢᠨ ᠭᠠᠷ ᠤᠲᠠᠰᠤᠨ ᠤ ᠰᠦᠢᠳᠭᠡᠯ ᠢ ᠬᠤᠯᠠᠭᠠᠶᠢᠯᠠᠨ ᠠᠪᠴᠤ ᠪᠤᠯᠤᠨ᠎ᠠ᠂ ᠡᠨᠡ ᠪᠣᠯ | ᠵᠣᠭᠤᠰ ᠣᠯᠬᠤ ᠠᠰᠢᠬᠳᠠᠢ ᠲᠣᠬᠢᠶᠠᠯ ᠮᠥᠨ ᠭᠡᠳᠡᠭ ᠢ ᠪᠢ ᠣᠯᠵᠤ ᠮᠡᠳᠡᠵᠡᠢ︾ ᠭᠡᠵᠦ ᠵᠠᠩ ᠸᠧᠶ ᠱᠧᠩ | ᠥᠴᠢᠭᠯᠡᠵᠡᠢ᠃ ᠵᠠᠩ ᠸᠧᠢ ᠱᠧᠩ ᠤᠨ ᠬᠡᠯᠡᠵᠦ ᠪᠠᠶᠢᠭ᠎ᠠ ᠴᠢᠳᠠᠮᠵᠢᠲᠤ ᠭᠠᠷ ᠤᠳᠠᠰᠤ ᠶᠢ ᠵᠠᠬ᠎ᠠ ᠳᠡᠯᠭᠡᠭᠦᠷ ᠳᠡᠭᠡᠷ᠎ᠡ | ᠭᠤᠣᠯᠳᠠᠭᠤ ᠨᠠᠰᠤᠳᠠᠶᠢᠴᠤᠳ ᠬᠡᠷᠡᠭᠯᠡᠵᠦ ᠪᠠᠶᠢᠨ᠎ᠠ᠂ ᠡᠶᠢᠮᠦᠷᠬᠦᠦ ᠭᠠᠷ ᠤᠲᠠᠰᠤᠨ ᠤ ᠳᠡᠯᠭᠡᠴᠡ ᠪᠠ ᠦᠰᠦᠭ ᠨᠢ | ᠶᠡᠭᠡ ᠪᠤᠯᠬᠤᠷ ᠨᠠᠰᠤᠳᠠᠶᠢᠴᠤᠳ ᠲᠤ ᠶᠡᠭᠡᠳᠡ ᠬᠦᠷᠢᠶᠡᠯᠡᠭᠳᠡᠵᠦ᠂ ︽ᠨᠠᠰᠤᠳᠠᠢ ᠬᠦᠮᠦᠨ ᠤ ᠭᠡᠷᠡᠭᠯᠡᠳᠡᠭ ᠭᠠᠷ ᠤᠳᠠᠰᠤ | ︾ ᠬᠡᠮᠡᠭᠳᠡᠵᠡᠢ᠃ ᠣᠶᠤᠨᠴᠢ ᠮᠠᠰᠢᠨ ᠲᠠᠢ ᠠᠳᠠᠯᠢ ᠦᠭᠡᠢ᠂ ᠨᠠᠰᠤᠳᠠᠢ ᠬᠦᠮᠦᠨ ᠤ ᠭᠡᠷᠡᠭᠯᠡᠳᠡᠭ ᠭᠠᠷ ᠤᠳᠠᠰᠤ ᠨᠢ | ᠳᠥᠭᠦᠮ ᠳᠥᠲᠡ ᠬᠤᠶᠠᠷ ᠬᠡᠮᠵᠢᠯᠳᠦ ᠺᠣᠳ᠋ ᠰᠢᠷᠪᠢᠵᠦ ᠲᠤᠭᠠᠴᠠᠭ᠎ᠠ ᠬᠢᠬᠦ ᠴᠢᠳᠠᠮᠵᠢ ᠦᠭᠡᠢ᠂ ᠵᠥᠪᠬᠡᠨ ᠣᠬᠤᠷ | ᠮᠡᠳᠡᠭᠡ ᠪᠠᠷ ᠵᠠᠬᠢᠶᠠᠯᠠᠨ ᠠᠪᠬᠤ ᠠᠷᠭ᠎ᠠ ᠮᠠᠶ᠋ᠢᠭ ᠢᠶᠠᠷ ᠳᠠᠮᠵᠢᠭᠤᠯᠤᠨ ᠲᠤᠭᠠᠴᠠᠭ᠎ᠠ ᠬᠢᠳᠡᠭ᠃ ᠡᠶᠢᠮᠦ ᠠᠴᠠ᠂ ᠶᠠᠯᠠᠲᠤ | ᠡᠲᠡᠭᠡᠳ ᠵᠠᠪᠰᠢᠬᠤ ᠲᠤᠬᠢᠶᠠᠯ ᠲᠠᠢ ᠪᠣᠯᠵᠠᠢ᠃ |