ᠲᠠᠷᠬᠠᠨ ᠮᠤᠮᠢᠩᠭᠠᠨ ᠬᠤᠰᠢᠭᠤ ᠪᠤᠯ ᠠᠮᠢᠳᠤ ᠪᠤᠳᠠᠰ ᠤᠨ ᠴᠢᠯᠠᠭᠤᠵᠢᠮᠠᠯ ᠢᠶᠠᠷ ᠨᠡᠯᠢᠶᠡᠳ ᠪᠠᠶᠠᠯᠢᠭ ᠪᠦᠭᠡᠳ | ᠲᠦᠷᠦᠯ ᠵᠦᠢᠯ ᠨᠢ ᠴᠦ ᠤᠯᠠᠨ ᠶᠠᠩᠵᠤ ᠶᠢᠨ ᠪᠠᠶᠢᠳᠠᠭ ᠶᠤᠮ᠃ | ᠨᠢᠭᠡ᠄ ︽ᠮᠤᠩᠭᠤᠯ ᠲᠤᠳᠢ ᠶᠢᠨ ᠠᠮᠠᠳᠦ ᠭᠦᠷᠪᠡᠯ︾ ᠪᠤᠯ ᠡᠳᠦᠭᠡ ᠠᠴᠠ ᠨᠢᠭᠡ ᠳ᠋ᠦᠩᠰᠢᠭᠤᠷ ᠬᠤᠶᠠᠷ | ᠮᠢᠩᠭᠠᠨ ᠲᠦᠮᠡᠨ ᠵᠢᠯ ᠠᠴᠠ ᠨᠢᠭᠡ ᠳ᠋ᠦᠩᠰᠢᠭᠤᠷ ᠵᠢᠯ ᠤᠨ ᠡᠮᠦᠨ᠎ᠡ ᠶᠢᠨ ᠲᠤᠮᠳᠠ ᠠᠮᠢᠳᠤ ᠶᠢᠨ ᠭᠠᠯᠪᠠ ᠶᠢᠨ ᠴᠠᠷᠳᠠ | ᠶᠢᠨ ᠮᠦᠴᠡᠯᠭᠡ ᠶᠢᠨ ᠦᠶ᠎ᠡ ᠶᠢᠨ ᠬᠦᠷᠪᠡᠯ ᠤᠨ ᠴᠢᠯᠠᠭᠤᠵᠢᠮᠠᠯ ᠪᠤᠯᠤᠨ᠎ᠠ᠃ ᠲᠡᠬᠦᠨ ᠢ20 ᠳ᠋ᠤᠭᠠᠷ ᠵᠠᠭᠤᠨ ᠤ | ᠲᠠᠯᠠᠭᠠᠳ ᠤᠨ ᠤ ᠦᠶ᠎ᠡ ᠳᠤ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠰᠢ ᠾᠧ ᠰᠢᠶᠠᠩ ᠤᠨ ᠲᠠᠪᠤᠨ | ᠤᠪᠤᠭ᠎ᠠ ᠤᠷᠴᠢᠮ ᠠᠴᠠ ᠮᠠᠯᠳᠠᠵᠦ ᠭᠠᠷᠭᠠᠭᠰᠠᠨ ᠶᠤᠮ᠃ ᠤᠷᠳᠤ ᠶᠢᠨ ᠬᠡᠮᠵᠢᠶ᠎ᠡ ᠨᠢ2 ᠮᠧᠲᠷ ᠬᠢᠷᠢᠳᠡᠢ᠃ ᠡᠳᠦᠬᠡ | ᠦᠪᠦᠷ ᠮᠤᠩᠭᠤᠯ ᠤᠨ ᠮᠦᠽᠸᠢ ᠳᠤ ᠬᠠᠳᠠᠭᠠᠯᠠᠵᠦ ᠪᠤᠢ᠃ | ᠬᠤᠶᠠᠷ᠄ ︽ᠰᠠᠭᠰᠠᠭᠠᠷ ᠦᠰᠦᠳᠦ ᠬᠢᠷᠢᠰ ᠤᠨ ᠴᠢᠯᠠᠭᠤᠵᠢᠮᠠᠯ︾ ᠪᠤᠯ ᠡᠳᠦᠬᠡ ᠠᠴᠠ ᠭᠤᠷᠪᠠᠨ ᠲᠦᠮᠡᠨ ᠵᠢᠯ | ᠠᠴᠠ ᠨᠢᠭᠡ ᠲᠦᠮᠡᠨ ᠵᠢᠯ ᠤᠨ ᠡᠮᠦᠨᠡᠬᠢ ᠰᠢᠨ᠎ᠡ ᠠᠮᠢᠳᠤ ᠶᠢᠨ ᠭᠠᠯᠪᠠ ᠶᠢᠨ ᠲᠦᠷᠪᠡᠳᠦᠭᠡᠷ ᠮᠦᠴᠡᠯᠭᠡ ᠶᠢᠨ ᠦᠶ᠎ᠡ | ᠶᠢᠨ ᠴᠢᠯᠠᠭᠤᠵᠢᠮᠠᠯ ᠪᠤᠯᠤᠨ᠎ᠠ᠂ ᠡᠭᠦᠨ ᠢ20 ᠳ᠋ᠤᠭᠠᠷ ᠵᠠᠭᠤᠨ ᠤ ᠨᠠᠶᠠᠭᠠᠳ ᠤᠨ ᠤ ᠦᠶ᠎ᠡ ᠳᠤ ᠲᠠᠷᠬᠠᠨ | ᠮᠤᠤᠮᠢᠩᠭᠠᠨ ᠬᠤᠰᠢᠭᠤᠨ ᠤ ᠴᠠᠭᠠᠨ ᠬᠠᠳᠠ ᠰᠢᠷᠠᠮᠦ᠋ᠷᠡᠨ ᠵᠡᠷᠭᠡ ᠭᠠᠵᠠᠷ ᠠᠴᠠ ᠢᠯᠡᠷᠡᠭᠦᠯᠪᠡ᠃ | ᠭᠤᠷᠪᠠ᠄ ︽ᠬᠠᠶᠢᠷᠰᠤᠳᠦ ᠮᠤᠳᠤ︾᠂ ︽ᠵᠢᠭᠰᠡᠯᠡᠭ ᠮᠤᠳᠤ︾᠂ ︽ᠨᠡᠭᠦᠷᠡᠰᠦ︾ ᠵᠡᠷᠭᠡ ᠤᠷᠭᠤᠮᠠᠯ ᠤᠨ | ᠴᠢᠯᠠᠭᠤᠵᠢᠮᠠᠯ ᠪᠤᠯ ᠡᠳᠦᠬᠡ ᠠᠴᠠ ᠭᠤᠷᠪᠠᠨ ᠳ᠋ᠦᠩᠰᠢᠭᠤᠷ ᠲᠠᠪᠤᠨ ᠮᠢᠩᠭᠠᠨ ᠲᠦᠮᠡᠨ ᠵᠢᠯ ᠠᠴᠠ ᠬᠤᠶᠠᠷ | ᠳ᠋ᠦᠩᠰᠢᠭᠤᠷ ᠬᠤᠶᠠᠷ ᠮᠢᠩᠭ᠎ᠠ ᠲᠠᠪᠤᠨ ᠵᠠᠭᠤᠨ ᠵᠢᠯ ᠤᠨ ᠡᠮᠦᠨᠡᠬᠢ ᠡᠷᠳᠡᠨ ᠤ ᠠᠮᠢᠳᠤ ᠭᠠᠯᠪᠠ ᠶᠢᠨ ᠲᠤᠤᠷ᠎ᠠ ᠦᠶ᠎ᠡ | ᠪᠤᠯᠬᠤ ᠴᠢᠯᠠᠭᠤᠨ ᠨᠡᠭᠦᠷᠡᠰᠦᠨ ᠤ ᠮᠦᠴᠡᠯᠭᠡ ᠪᠤᠯᠤᠨ ᠬᠤᠶᠠᠳᠠᠭᠴᠢ ᠮᠦᠴᠡᠯᠭᠡ ᠶᠢᠨ ᠦᠶ᠎ᠡ ᠶᠢᠨ ᠡᠬᠡ ᠬᠠᠭᠤᠷᠠᠢ | ᠶᠢᠨ ᠤᠷᠭᠤᠮᠠᠯ ᠤᠨ ᠴᠢᠯᠠᠭᠤᠵᠢᠮᠠᠯ ᠪᠤᠯᠤᠨ᠎ᠠ᠃20 ᠳ᠋ᠤᠭᠠᠷ ᠵᠠᠭᠤᠨ ᠤ ᠲᠠᠯ᠎ᠠ ᠨᠠᠶᠠᠭᠠᠳ ᠤᠨ ᠤ ᠦᠶ᠎ᠡ ᠪᠠᠷ | ᠲᠠᠷᠬᠠᠨ ᠮᠤᠤᠮᠢᠩᠭᠠᠨ ᠬᠤᠰᠢᠭᠤᠨ ᠤ ᠴᠠᠭᠠᠨᠨᠠᠭᠤᠷ᠂ ᠰᠢᠨ᠎ᠡ ᠪᠤᠯᠠᠭ᠂ ᠴᠠᠭᠠᠨ ᠤᠪᠤᠭ᠎ᠠ᠂ ᠪᠠᠶᠠᠨ ᠤᠪᠤᠭ᠎ᠠ ᠵᠡᠷᠭᠡ | ᠭᠠᠵᠠᠷ ᠠᠴᠠ ᠶᠡᠭᠡ ᠬᠡᠮᠵᠢᠶᠡᠨ ᠤ ᠤᠷᠭᠤᠮᠠᠯ ᠤᠨ ᠴᠢᠯᠠᠭᠤᠵᠢᠮᠠᠯ ᠢᠯᠡᠷᠡᠭᠦᠯᠪᠡ᠃ |