ᠬᠠᠪᠤᠳᠦ ᠬᠠᠰᠠᠷ ᠪᠤᠯ ᠬᠢᠶᠡᠳ ᠶᠠᠰᠣᠳᠦ ᠶᠢᠰᠦᠬᠡᠢ ᠪᠠᠭᠠᠳᠤᠷ ᠪᠤᠯᠤᠨ ᠦᠭᠡᠯᠦᠨ ᠡᠬᠡ ᠶᠢᠨ ᠬᠤᠶᠠᠳᠤᠭᠠᠷ | ᠬᠦᠪᠡᠬᠦᠨ᠂ ᠨᠢᠬᠡᠨ ᠦᠶ᠎ᠡ ᠶᠢᠨ ᠲᠡᠭᠷᠯᠢᠭ ᠪᠠᠭᠠᠳᠤᠷ ᠴᠢᠩᠭᠢᠰ ᠬᠠᠭᠠᠨ ᠤ ᠲᠦᠷᠦᠭᠰᠡᠨ ᠲᠡᠭᠦᠦ ᠪᠢᠯᠡ᠃1164 | ᠤᠨ ᠳᠤ ᠮᠡᠨᠳᠦᠯᠡᠵᠦ᠂1227 ᠤᠨ ᠳᠤ ᠬᠠᠯᠢᠪᠠ᠃ ᠪᠠᠭ᠎ᠠ ᠠᠴᠠ ᠪᠠᠨ ᠬᠠᠷᠪᠤᠵᠦ ᠨᠠᠮᠨᠠᠬᠤ ᠳᠤ ᠬᠠᠪᠤᠳᠠᠢ | ᠪᠤᠯᠬᠤᠷ ᠬᠠᠪᠤᠳᠦ ᠬᠠᠰᠠᠷ ᠭᠡᠵᠦ ᠨᠡᠷᠡᠯᠡᠪᠡ᠃ ︽ᠬᠠᠰᠠᠷ︾ ᠭᠡᠭᠴᠢ ᠲᠤᠭᠰᠢᠨ ᠠᠷᠢᠶᠠᠳᠠᠨ ᠭᠡᠬᠦ ᠤᠳᠬ᠎ᠠ ᠲᠠᠢ᠃ | ᠲᠡᠭᠦᠨ ᠤ ᠨᠡᠷ᠎ᠡ ᠨᠢ ᠵᠦᠴᠢ ᠭᠡᠳᠡᠭ᠂ ᠲᠡᠷᠡ ᠬᠠᠷᠠᠬᠠᠨ ᠪᠠᠭ᠎ᠠ ᠠᠴᠠ ᠪᠠᠨ ᠠᠬ᠎ᠠ ᠲᠡᠮᠦᠵᠢᠨ ᠢᠶᠠᠨ ᠲᠠᠭᠠᠵᠦ᠂ | ᠮᠤᠩᠭᠤᠯ ᠦᠨᠳᠦᠰᠦᠳᠡᠨ ᠤ ᠪᠦᠷᠢᠯᠳᠦᠬᠦ ᠳᠤ ᠪᠠ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢ ᠰᠤᠨᠳᠠᠯᠠᠭᠰᠠᠨ | ᠮᠤᠩᠭᠤᠯ ᠤᠨ ᠡᠵᠡᠨᠳᠦ ᠤᠯᠤᠰ ᠪᠠᠶᠢᠭᠤᠯᠬᠤ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠭᠠᠷᠭᠠᠵᠦ᠂1206 ᠤᠨ | ᠳᠤ᠂ ᠴᠢᠩᠭᠢᠰ ᠬᠠᠭᠠᠨᠮᠤᠩᠭᠤᠯ ᠤᠨ ᠡᠵᠡᠨᠳᠦ ᠤᠯᠤᠰ ᠢ ᠪᠠᠶᠢᠭᠤᠯᠤᠭᠰᠠᠨ ᠬᠤᠶᠢᠨ᠎ᠠ᠂ ᠮᠤᠩᠭᠤᠯ ᠤᠨ ᠠᠩᠬᠠᠨ ᠤ | ᠠᠶᠢᠮᠠᠭ ᠪᠦᠯᠦᠭ ᠤᠨ ᠵᠤᠷᠰᠢᠯ ᠢ ᠡᠪᠳᠡᠵᠦ᠂ ᠪᠦᠬᠦ ᠮᠤᠩᠭᠤᠯ ᠢᠶᠠᠨ ᠮᠢᠩᠭᠠᠳᠦ ᠶᠢᠨ ᠲᠦᠷᠢᠮ ᠢᠶᠠᠷ ᠵᠤᠬᠢᠶᠠᠨ | ᠪᠠᠶᠢᠭᠤᠯᠵᠦ᠂ ᠬᠠᠪᠤᠳᠦ ᠬᠠᠰᠠᠷ ᠲᠤ ᠲᠦᠷᠪᠡᠨ ᠮᠢᠩᠭᠠᠨ ᠡᠷᠦᠬᠡ ᠱᠠᠩᠨᠠᠵᠦ᠂ ᠬᠦᠯᠦᠨ ᠨᠠᠭᠤᠷ ᠤᠨ ᠤᠷᠴᠢᠨ | ᠲᠤᠭᠤᠷᠢᠨ ᠪᠤᠯᠤᠨ ᠡᠷᠬᠦᠨ᠎ᠡ ᠭᠤᠤᠯ ᠤᠨ ᠰᠠᠪᠠ ᠭᠠᠵᠠᠷ ᠢ ᠡᠵᠡᠮᠰᠢᠯ ᠤᠨ ᠬᠢᠨᠢ ᠬᠠᠷᠢᠶ᠎ᠠ ᠪᠤᠯᠭᠠᠪᠠ᠃ ᠮᠤᠤᠮᠢᠩᠭᠠᠨ | ᠠᠶᠢᠮᠠᠭ ᠪᠤᠯ ᠬᠠᠪᠤᠳᠦ ᠬᠠᠰᠠᠷ ᠤᠨ ᠬᠠᠮᠢᠶᠠᠷᠤᠯᠳᠠ ᠶᠢᠨ ᠲᠤᠤᠷᠠᠬᠢ ᠨᠢᠭᠡᠨ ᠠᠶᠢᠮᠠᠭ ᠪᠤᠯᠵᠦ᠂ ᠬᠠᠪᠤᠳᠦ ᠬᠠᠰᠠᠷ ᠤᠨ | ᠲᠠᠬᠢᠯᠭ᠎ᠠ ᠶᠢ ᠶᠠᠪᠤᠭᠳᠠᠭᠤᠯᠤᠭᠠᠳ ᠲᠦᠷᠪᠡᠨ ᠵᠠᠭᠤ ᠰᠢᠬᠠᠮ ᠵᠢᠯ ᠤᠨ ᠲᠡᠥᠬᠡ ᠶᠢᠨ ᠲᠡᠮᠳᠡᠭᠯᠡᠯ ᠲᠠᠢ ᠪᠤᠯᠪᠠ᠃ | 1633 ᠤᠨ ᠳᠤ ᠮᠤᠤᠮᠢᠩᠭᠠᠨᠴᠣᠳ ᠮᠠᠨᠵᠦ ᠴᠢᠩ ᠤᠨ ᠵᠠᠰᠠᠭ ᠤᠨ ᠭᠠᠵᠠᠷ ᠢ ᠲᠠᠭᠠᠵᠦ᠂ ᠬᠦᠯᠦᠨ ᠪᠤᠶᠢᠷ ᠤᠨ | ᠦᠷᠭᠡᠨ ᠠᠭᠤᠳᠠᠮ ᠨᠤᠳᠤᠭ ᠠᠴᠠ ᠪᠠᠨ ᠬᠤᠯᠠ ᠶᠢᠨ ᠠᠶᠠᠨ ᠬᠢᠵᠦ᠂ ᠲᠠᠯᠠᠨ ᠬᠠᠷ᠎ᠠ ᠤᠷᠴᠢᠮ ᠢᠷᠡᠵᠦ | ᠨᠤᠳᠤᠭᠰᠢᠬᠤ ᠲᠠᠭᠠᠨ ᠬᠠᠪᠤᠳᠤ ᠬᠠᠰᠠᠷ ᠤᠨ ᠲᠠᠬᠢᠯᠭ᠎ᠠ ᠶᠢᠨ ᠦᠷᠭᠦᠭᠡ ᠪᠠᠨ ᠠᠪᠴᠦ ᠶᠠᠪᠤᠭᠰᠠᠭᠠᠷ ᠲᠠᠬᠢᠯᠭ᠎ᠠ ᠶᠡᠷᠦ | ᠲᠠᠰᠤᠷᠠᠭᠰᠠᠨ ᠦᠭᠡᠢ᠂ ᠲᠦᠷᠪᠡ ᠤᠳᠠᠭ᠎ᠠ ᠨᠡᠭᠦᠳᠡᠯᠯᠡᠵᠦ ᠤᠳᠤ ᠶᠢᠨ ᠪᠠᠶᠢᠬᠤ ᠭᠠᠵᠠᠷ ᠲᠤ ᠢᠷᠡᠵᠡᠢ᠃ ︽ᠰᠤᠶᠤᠯ | ᠤᠨ ᠶᠡᠭᠡ ᠬᠤᠪᠢᠰᠬᠠᠯ︾ ᠤᠨ ᠲᠠᠯᠬᠢᠳᠠᠯ ᠳᠤ ᠤᠴᠠᠷᠠᠨ ᠰᠦᠢᠳᠴᠦ1986 ᠤᠨ ᠳᠤ ᠬᠤᠰᠢᠭᠤᠨ ᠤ ᠵᠠᠰᠠᠭ ᠤᠨ | ᠤᠷᠳᠤᠨ ᠠᠴᠠ ᠲᠡᠥᠬᠡ ᠶᠢᠨ ᠦᠯᠡᠳᠡᠭᠳᠡᠯ ᠢ ᠬᠠᠮᠠᠭᠠᠯᠠᠬᠤ ᠶᠢᠨ ᠤᠴᠢᠷ ᠲᠤ ᠲᠠᠬᠢᠯᠭ᠎ᠠ ᠶᠢᠨ ᠤᠷᠳᠤᠨ ᠢ ᠰᠢᠨᠡᠳᠭᠡᠨ | ᠪᠠᠶᠢᠭᠤᠯᠵᠦ ᠵᠤᠯᠠ ᠬᠦᠵᠢ ᠶᠢ ᠨᠢ ᠰᠡᠷᠭᠦᠭᠡᠪᠡ᠃ ᠲᠠᠬᠢᠯᠭ᠎ᠠ ᠶᠢᠨ ᠤᠷᠳᠤᠨ ᠨᠢ ᠮᠢᠩᠭᠠᠨ ᠪᠠᠯᠭᠠᠰᠤᠨ ᠤ ᠵᠠᠰᠠᠭ ᠤᠨ | ᠤᠷᠳᠤᠨ ᠪᠠᠶᠢᠬᠤ ᠭᠠᠵᠠᠷ ᠠᠴᠠ ᠪᠠᠷᠠᠭᠤᠨᠰᠢ3 ᠺᠢᠯᠤᠮᠧᠲᠷ ᠵᠠᠶᠢᠳᠠᠢ ᠪᠠᠶᠢᠬᠤ ᠦᠨᠳᠦᠷ ᠰᠦᠷᠯᠢᠭ ᠬᠤᠶᠠᠷ ᠱᠤᠷᠤᠩ | ᠠᠭᠤᠯᠠ ᠶᠢᠨ ᠲᠤᠮᠳᠠ ᠲᠡᠭᠳᠡᠷᠯᠡᠨ ᠱᠠᠳᠣᠯᠠᠭᠰᠠᠨ ᠪᠡᠷᠭᠡ ᠪᠠᠷᠳᠠᠭ᠎ᠠ ᠲᠠᠢ ᠮᠤᠳᠤ ᠰᠢᠭᠤᠢ ᠪᠢᠳᠡᠬᠦᠦ ᠤᠷᠭᠤᠭᠰᠠᠨ | ᠨᠠᠷᠢᠬᠠᠨ ᠵᠢᠯᠠᠭ᠎ᠠ ᠶᠢᠨ ᠡᠬᠢᠨ ᠳᠤ ᠪᠠᠶᠢᠷᠢᠯᠠᠵᠦ ᠪᠠᠶᠢᠳᠠᠭ ᠶᠤᠮ᠃ | 2007 ᠤᠨ ᠳᠤ ᠬᠠᠰᠠᠷ ᠤᠨ ᠲᠠᠬᠢᠯᠭ᠎ᠠ ᠶᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠪᠤᠳᠠᠰ ᠤᠨ ᠪᠤᠰᠤ ᠰᠤᠶᠤᠯ ᠤᠨ ᠦᠯᠡᠳᠡᠭᠳᠡᠯ ᠢᠶᠠᠷ ᠲᠤᠳᠤᠯᠠᠭᠰᠠᠨ ᠪᠠᠶᠢᠨ᠎ᠠ᠃ |