4 ᠵᠦᠢᠯ ᠤᠨ ᠡᠮ ᠤᠤᠭᠤᠭᠠᠳ ᠠᠮᠢ ᠪᠠᠨ ᠠᠯᠳᠠᠬᠤ ᠰᠢᠬᠠᠪᠠ
ᠨᠡᠶᠢᠲᠡᠯᠡᠭᠰᠡᠨ ᠴᠠᠭ᠄
2024/11/12
      ᠣᠶᠢᠷ᠎ᠠ ᠳᠤ ᠂ 16 ᠨᠠᠰᠤᠲᠠᠢ ᠳᠡᠬᠡᠳᠦ ᠳᠤᠮᠳᠠᠳᠤ ᠶᠢᠨ ᠨᠢᠬᠡ ᠰᠣᠷᠣᠭᠴᠢ ᠬᠠᠨᠢᠶᠠᠯᠭᠠᠵᠤ ᠬᠠᠯᠠᠭᠤᠷᠠᠵᠤ ᠪᠠᠶᠢᠬᠤ ᠳᠠᠭᠠᠨ ᠂ ᠬᠤᠶᠠᠷ ᠵᠦᠢᠯ ᠤᠨ ᠡᠮ ᠬᠤᠯᠢᠵᠦ‌ᠤᠤᠭᠤᠭᠰᠠᠨ ᠪᠤᠯᠪᠠᠴᠦ ᠡᠪᠡᠳᠴᠢᠨ ᠨᠢ ᠨᠠᠮᠵᠢᠭᠰᠠᠨ ᠦᠭᠡᠢ ᠳᠣᠯᠠ ᠪᠠᠰᠠ ᠬᠤᠶᠠᠷ ᠵᠦᠢᠯ ᠤᠨ ᠲᠠᠭᠰᠢᠭᠤᠷ ᠤᠨ ᠡᠮ ᠣᠣᠭᠤᠬᠰᠠᠨ ᠳᠤ ᠰᠢᠭᠡᠰᠦ ᠨᠢ ᠭᠠᠷᠬᠤ‌ᠦᠬᠡᠢ ᠪᠤᠯᠵᠦ ᠂ ᠴᠡᠭᠡᠵᠢ ᠪᠢᠲᠡᠭᠦᠷᠡᠨ ᠠᠮᠢᠰᠬᠤᠯ ᠳᠠᠪᠬᠤᠴᠠᠵᠦ ᠰᠠᠨᠳᠣᠷᠭᠠᠬᠰᠠᠨ ᠳᠤ ᠭᠡᠷ ᠤᠨ ᠬᠥᠮᠥᠰ ᠨᠢ ᠠᠷᠭ᠎ᠠ ᠦᠬᠡᠢ ᠡᠮᠨᠡᠯᠭᠡ ᠳᠤ ᠬᠦᠷᠬᠡᠭᠰᠡᠨ ᠪᠠᠶᠢᠨ᠎ᠠ ᠃                           ᠨᠢᠩᠪᠦ᠋ᠸᠧ ᠶᠡᠭᠡ ᠰᠤᠷᠭᠠᠭᠤᠯᠢ ᠶᠢᠨ ᠬᠠᠷᠢᠶᠠᠲᠤ ᠨᠢᠭᠡᠳᠦᠭᠡᠷ ᠡᠮᠨᠡᠯᠭᠡ ᠶᠢᠨ ᠬᠤᠷᠢᠶᠠᠨ ᠤ ᠡᠷᠬᠢᠯᠡᠭᠴᠢ ᠡᠮᠴᠢ ᠭᠠᠨ ᠶᠦᠩ ᠰᠢᠶᠦ᠋ᠩ ᠬᠡᠯᠡᠬᠦ ᠳᠡᠭᠡᠨ ᠂ ᠬᠡᠳᠦᠷᠬᠡᠢ‌ᠣᠯᠠᠨ ᠡᠮ ᠬᠡᠷᠡᠭᠯᠡᠭᠰᠡᠨ ᠠᠴᠠ ᠪᠤᠯᠵᠦ ᠂ ᠡᠨᠡ ᠰᠣᠷᠣᠬᠴᠢ ᠶᠢᠨ ᠪᠥᠭᠡᠷ᠎ᠡ ᠶᠢᠨ ᠠᠵᠢᠯᠯᠠᠭ᠎ᠠ ᠨᠢ ᠳᠣᠷᠣᠶᠢᠳᠠᠬᠰᠠᠨ ᠪᠠᠶᠢᠨ᠎ᠠ ᠬᠡᠵᠠᠢ ᠃                 ᠡᠮᠴᠢ ᠶᠢᠨ ᠰᠠᠨᠠᠭᠤᠯᠤᠭᠰᠠᠨ ᠢᠶᠠᠷ ᠂ ᠡᠮ ᠢ ᠬᠡᠲᠦᠷᠡᠲᠡᠯ᠎ᠡ ᠤᠤᠭᠤᠵᠤ ᠪᠣᠯᠬᠤ ᠦᠭᠡᠢ ᠂ ︽ ᠬᠤᠯᠢᠵᠤ ︾ ᠨᠡᠩ ᠪᠣᠯᠬᠤ‌ᠦᠭᠡᠢ ᠃ ᠬᠢᠲᠠᠳ ᠡᠮ ᠂ ᠡᠸᠦ᠋ᠷᠦᠫᠡ‌ᠡᠮ ᠢ ᠵᠤᠬᠢᠰ ᠦᠬᠡᠢ ᠬᠤᠯᠢᠵᠤ ᠬᠡᠷᠡᠭᠯᠡᠪᠡᠯ ᠂ ᠡᠮ ᠤᠨ ᠨᠠᠶᠢᠷᠠᠯᠭ᠎ᠠ ᠶᠢᠨ ᠬᠡᠮᠵᠢᠶ᠎ᠡ ᠶᠢ ᠬᠢᠯᠪᠠᠷᠬᠠᠨ ᠨᠡᠮᠡᠭᠳᠡᠭᠦᠯᠵᠦ ᠂ ᠡᠮ ᠡᠮ ᠤᠨ ᠬᠤᠭᠤᠷᠣᠨᠳᠣᠬᠢ ᠬᠠᠷᠢᠯᠴᠠᠨ‌ᠦᠢᠯᠡᠳᠦᠯᠴᠡᠬᠦ ᠶᠢ ᠴᠦ ᠠᠮᠠᠷᠬᠠᠨ ᠡᠭᠦᠰᠬᠡᠵᠦ ᠂ ᠡᠴᠦᠰ ᠲᠡᠭᠡᠨ ᠪᠥᠭᠡᠷ᠎ᠡ ᠂ ᠡᠯᠢᠭᠡ ᠵᠡᠷᠭᠡ ᠳᠣᠲᠣᠷ ᠡᠷᠬᠡᠲᠡᠨ ᠢ ᠬᠡᠮᠳᠦᠬᠡᠳᠡᠭ ᠶᠤᠮ ᠪᠠᠶᠢᠨ᠎ᠠ ᠃      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号