ᠵᠠᠷᠢᠮ ᠬᠥᠮᠦᠨ ᠤᠤᠭᠤᠬᠤ ᠳᠤ ᠳᠥᠭᠦᠮ ᠢ ᠪᠤᠳᠤᠭᠠᠳ ᠡᠮ ᠢᠶᠠᠨ ᠬᠠᠭᠠᠯᠬᠤ ᠪᠤᠶᠤ ᠬᠡᠮᠬᠡᠯᠵᠦ ᠨᠢᠴᠠᠯᠠᠭᠠᠳ | ᠰᠠᠶ᠋ᠢ ᠤᠤᠭᠤᠳᠠᠭ᠂ ᠭᠡᠪᠡᠴᠦ ᠳᠣᠣᠷᠠᠬᠢ ᠬᠡᠳᠦᠨ ᠵᠦᠢᠯ ᠤᠨ ᠡᠮ ᠢ ᠬᠠᠭᠠᠯᠵᠤ ᠤᠤᠭᠤᠵᠤ ᠪᠣᠯᠬᠤ ᠦᠭᠡᠢ᠃ | ᠵᠢᠱᠢᠶᠡᠯᠡᠪᠡᠯ ᠬᠤᠨᠭ᠌ ᠮᠸᠢ ᠰᠤ᠋ ︵红霉素︶᠂ ᠫᠦ᠋ ᠯᠦᠸᠧ ᠫᠠ ᠲᠦᠡᠭ ︵普罗帕 酮︶᠂ ᠠ | ᠯᠦᠨ ᠯᠢᠨ ᠰᠤᠸᠠᠨ ᠨᠠ ︵阿仑膦酸钠︶᠂ ᠾᠯᠣᠷᠲᠤ ᠺᠠᠯᠢ ︵氯化钾︶ ᠵᠡᠷᠭᠡ ᠡᠮ ᠢ | ᠬᠠᠭᠠᠯᠵᠤ ᠬᠡᠮᠬᠡᠯᠵᠦ ᠤᠤᠭᠤᠪᠠᠯ ᠰᠢᠩᠭᠡᠭᠡᠯᠲᠡ ᠶᠢᠨ ᠵᠠᠮ ᠤᠨ ᠰᠠᠯᠢᠰᠤᠲᠤ ᠪᠦᠷᠬᠦᠪᠴᠢ ᠶᠢ ᠭᠡᠮᠲᠦᠭᠡᠳᠡᠭ︔ | ᠵᠢᠱᠢᠶᠡᠯᠡᠪᠡᠯ ᠳ᠋ᠦᠸᠧ ᠮᠸᠢ ᠫᠢᠶᠠᠨ ︵多酶片︶᠂ ᠢ ᠮᠸᠢ ᠫᠢᠶᠠᠨ ︵胰酶 片︶᠂ ᠢ ᠮᠸᠢ | ᠫᠢᠶᠠᠨ ᠨᠡᠶᠢᠯᠡᠮᠡᠯ ᠬᠠᠪᠲᠠᠭᠠᠢ ᠦᠷᠢᠯ ︵复方胰酶片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ | ᠠᠮᠠᠷᠬᠠᠨ ᠬᠤᠳᠣᠭᠤᠳᠣᠨ ᠰᠢᠩᠭᠡᠨ ᠢ ᠡᠪᠳᠡᠬᠦ ᠠᠴᠠ ᠪᠤᠯᠵᠤ ᠦᠢᠯᠡᠳᠦᠯ ᠢᠶᠠᠨ ᠠᠯᠳᠠᠳᠠᠭ︔ ᠺᠦᠡᠭ ᠱᠢ ᠫᠢᠶᠠᠨ ︵控 | 释片︶ ᠪᠠ ᠬᠤᠸᠠᠨ ᠱᠢ ᠪᠢᠶᠠᠨ ︵缓释片 ︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ | ᠠᠮᠠᠷᠬᠠᠨ ᠪᠦᠲᠦᠴᠡ ᠶᠢ ᠡᠪᠳᠡᠳᠡᠭ︔ ᠪᠠᠰᠠ ᠬᠡᠳᠡᠰᠦᠨ ᠳᠤ ᠠᠭᠤᠰᠬᠤ ᠡᠮ ︵肠溶片︶᠂ ᠬᠤᠮᠵᠢᠶ᠎ᠠ | ᠡᠮ ︵胶囊 剂︶᠂ ᠬᠡᠯᠡᠨ ᠲᠤᠤᠷ᠎ᠠ ᠪᠠᠨ ᠲᠠᠷᠤᠬᠤ ᠡᠮ ︵舌下片︶ ᠵᠡᠷᠭᠡ ᠡᠮ ᠢ ᠬᠠᠭᠠᠯᠵᠤ | ᠬᠡᠮᠬᠡᠯᠵᠦ ᠤᠤᠭᠤᠵᠤ ᠪᠣᠯᠬᠤ ᠦᠭᠡᠢ᠃ ᠰᠠᠨᠠᠭᠤᠯᠤᠮᠵᠢ᠄ ᠡᠩ ᠤᠨ ᠪᠠᠶᠢᠳᠠᠯ ᠳᠣᠣᠷ᠎ᠠ ᠡᠮ ᠤᠨ ᠭᠤᠤᠯ ᠳᠤ | ᠬᠡᠷᠴᠢᠭᠰᠡᠨ ᠵᠢᠷᠤᠭᠠᠰᠤ ᠪᠠᠶᠢᠪᠠᠯ ᠣᠯᠠᠩᠬᠢ ᠡᠮ ᠢ ᠨᠢ ᠬᠠᠭᠠᠯᠵᠤ ᠬᠡᠮᠬᠡᠯᠵᠦ ᠤᠤᠭᠤᠵᠤ ᠪᠣᠯᠤᠨ᠎ᠠ᠃ ᠡᠮ | ᠬᠡᠷᠡᠭᠯᠡᠬᠦ ᠠᠴᠠ ᠪᠠᠨ ᠡᠮᠦᠨ᠎ᠡ ᠲᠣᠳᠣᠷᠬᠠᠶᠢᠯᠠᠯᠲᠠ ᠶᠢᠨ ᠪᠢᠴᠢᠭ ᠢ ᠨᠠᠷᠢᠨ ᠤᠩᠰᠢᠬᠤ ᠶᠢᠨ ᠬᠠᠮᠲᠤ ᠲᠣᠳᠣᠷᠬᠠᠶᠢᠯᠠᠯᠲᠠ | ᠶᠣᠰᠣᠭᠠᠷ ᠬᠡᠷᠡᠭᠯᠡᠬᠦ ᠪᠤᠶᠤ ᠡᠮ ᠨᠠᠶᠢᠷᠠᠭᠴᠢ ᠶᠢᠨ ᠵᠢᠯᠣᠭᠤᠳᠣᠯᠭ᠎ᠠ ᠳᠤᠤᠷ᠎ᠠ ᠬᠡᠷᠡᠭᠯᠡᠬᠦ ᠬᠡᠷᠡᠭᠲᠡᠶ᠃ |