ᠬᠦᠮᠤᠰ ᠶᠡᠷᠤ ᠳᠤ ᠪᠠᠨ ︽ᠰᠢᠳᠤ ᠬᠤᠷᠤᠬᠠᠢᠢᠳᠤᠬᠤ︾ ᠨᠢ ᠰᠢᠳᠤ ᠶᠢ ᠬᠤᠷᠤᠬᠠᠢ ᠢᠳᠡᠭᠰᠡᠨ ᠠᠴᠠ ᠪᠤᠯᠵᠠᠢ | ᠬᠡᠵᠤ ᠬᠡᠯᠡᠳᠡᠭ᠃ ᠠᠮᠠ ᠪᠠᠨ ᠠᠩᠭᠠᠢᠢᠵᠤ ᠳᠤᠯᠢᠨ ᠳᠤ ᠦᠵᠡᠪᠡᠯ ᠰᠢᠳᠤᠨ ᠳᠡᠬᠡᠷ᠎ᠠ ᠨᠢ ᠦᠨᠡᠬᠡᠷ ᠨᠦᠬᠡ ᠪᠠᠶᠢᠬᠤ | ᠪᠦᠬᠡᠳ ᠪᠠᠰᠠ ᠬᠠᠷ᠎ᠠ ᠦᠩᠬᠡᠳᠠᠢ ᠳᠤᠯᠠ ᠶᠠᠭ ᠯᠠ ᠬᠤᠷᠤᠬᠠᠢ ᠢᠳᠡᠭᠰᠡᠨ ᠰᠢᠭ᠃ ᠦᠨᠠᠨ ᠳᠤ ᠪᠠᠨ ︽ᠰᠢᠳᠤ | ᠬᠤᠷᠤᠬᠠᠢᠢᠳᠤᠬᠤ︾ ᠨᠢ ᠰᠢᠳᠤ ᠶᠢ ᠬᠤᠷᠤᠬᠠᠢ ᠢᠳᠡᠭᠰᠡᠨ ᠪᠢᠰᠢ᠂ ᠬᠠᠷᠢᠨ ᠪᠠᠺᠲ᠋ᠧᠷᠢ ᠬᠤᠤᠷ ᠬᠢᠭᠰᠡᠨ ᠪᠠᠶᠢᠨ᠎ᠠ᠃ | ᠠᠨᠠᠭᠠᠬᠤ ᠤᠬᠠᠭᠠᠨ ᠳᠡᠬᠡᠷ᠎ᠠ ᠪᠤᠯ ᠡᠬᠦᠨ ᠢ ︽ᠰᠢᠳᠤ ᠬᠤᠷᠤᠬᠠᠢᠢᠳᠤᠬᠤ︾ ᠬᠡᠵᠤ ᠬᠡᠯᠡᠳᠡᠭ ᠦᠬᠡᠢ᠂ ᠬᠠᠷᠢᠨ ︽ | ᠰᠢᠳᠤ ᠬᠦᠨᠳᠡᠶᠢᠷᠡᠬᠦ︾ ᠬᠡᠳᠡᠭ᠃ ᠪᠢᠳᠠ ᠢᠳᠡᠬᠡᠨ ᠢᠳᠡᠬᠦ ᠪᠦᠷᠢ ᠢᠳᠡᠬᠡᠨ ᠤ ᠰᠢᠪᠬᠠᠷᠤᠤ ᠨᠢ ᠰᠢᠳᠤᠨ ᠵᠠᠪᠰᠠᠷ | ᠪᠤᠶᠤ ᠰᠢᠳᠤᠨ ᠳᠡᠬᠡᠷ᠎ᠠ ᠪᠠᠭ᠎ᠠ ᠰᠠᠭ᠎ᠠ ᠨᠠᠭᠠᠯᠳᠤᠨ ᠬᠤᠴᠤᠷᠳᠠᠭ᠃ ᠬᠡᠷᠪᠠ ᠰᠢᠳᠤᠨ ᠤ ᠠᠷᠢᠭᠤᠨ ᠴᠡᠪᠡᠷ ᠢ | ᠠᠩᠬᠠᠷᠬᠤ ᠦᠬᠡᠢ ᠪᠤᠯ ᠠᠮᠠᠨ ᠳᠤᠳᠤᠷᠠᠬᠢ ᠪᠠᠺᠲ᠋ᠧᠷᠢ ᠨᠢ ᠢᠳᠡᠬᠡᠨ ᠤ ᠰᠢᠪᠬᠠᠷᠤᠤ ᠳᠤ ᠤᠷᠤᠭᠠᠳ ᠳᠡᠬᠦᠨ ᠢ | ᠢᠰᠤᠯᠳᠤᠬᠦᠯᠵᠤ ᠬᠦᠴᠢᠯ ᠴᠢᠨᠠᠷᠳᠠᠢ ᠡᠳ᠋ ᠪᠤᠯᠭᠠᠳᠠᠭ᠃ ᠰᠢᠳᠤᠨ ᠤ ᠭᠤᠤᠯ ᠪᠦᠷᠢᠯᠳᠤᠬᠦᠨ ᠺᠠᠯᠼ ᠨᠢ ᠬᠦᠴᠢᠯ ᠲᠠᠢ | ᠠᠭᠤᠯᠵᠠᠪᠠᠯ ᠳᠠᠷᠤᠢ ᠬᠢᠯᠪᠠᠷᠬᠠᠨ ᠠᠭᠤᠰᠳᠠᠭ᠂ ᠬᠦᠮᠤᠨ ᠬᠡᠷᠪᠠ ᠤᠷᠳᠤ ᠬᠤᠭᠤᠴᠠᠭ᠎ᠠ ᠰᠢᠳᠤ ᠪᠠᠨ ᠱᠤᠧᠠᠰᠠᠳᠠᠵᠤ | ᠠᠮᠠ ᠪᠠᠨ ᠵᠠᠶᠢᠯᠬᠤ ᠦᠬᠡᠢ ᠪᠤᠯ ᠤᠳᠠᠭᠠᠨ ᠳᠤ ᠪᠠᠨ ᠦᠩᠬᠡᠨ ᠳᠠᠯ᠎ᠠ ᠳᠠᠪᠬᠤᠷᠭ᠎ᠠ ᠳᠠᠬᠢ ᠰᠢᠳᠤᠨ ᠤ ᠹᠠᠯᠠᠨ ᠨᠢ | ᠬᠡᠮᠳᠤᠬᠦ ᠪᠤᠯᠤᠨ᠎ᠠ᠃ ᠰᠢᠳᠤᠨ ᠤ ᠬᠤᠳᠦ᠋ᠢᠵᠤ ᠤᠷᠤᠭᠰᠠᠨ ᠬᠡᠰᠡᠭ ᠲᠤ ᠨᠢ ᠢᠳᠡᠬᠡᠨ ᠤ ᠰᠢᠪᠬᠠᠷᠤᠤ ᠨᠠᠩ ᠠᠮᠠᠷᠬᠠᠨ | ᠬᠤᠷᠠᠮᠳᠤᠳᠠᠭ ᠪᠤᠯᠬᠤᠷ ᠳᠠᠷᠠ ᠨᠢ ᠪᠠᠺᠲ᠋ᠧᠷᠢ ᠶᠢᠨ ᠦᠷᠡᠵᠢᠵᠤ ᠦᠰᠬᠦ ᠳᠠᠯᠠᠪᠠᠢ ᠪᠤᠯᠳᠠᠭ᠃ ᠢᠳᠡᠭᠳᠡᠬᠦ ᠳᠤᠳᠤᠮ | ᠤᠯᠠᠮ ᠬᠦᠨ ᠪᠤᠯᠵᠤ᠂ ᠶᠠᠭ ᠯᠠ ᠬᠤᠷᠤᠬᠠᠢ ᠳᠤ ᠢᠳᠡᠭᠳᠡᠭᠰᠡᠨ ᠰᠢᠭ ᠨᠦᠬᠡ ᠭᠠᠷᠳᠠᠭ᠃ ᠬᠦᠮᠤᠰ ︽ᠰᠢᠳᠤ | ᠡᠪᠡᠳᠬᠦ ᠨᠢ ᠡᠪᠡᠳᠴᠢᠨ ᠳᠤ ᠳᠤᠭᠠᠴᠠᠭᠳᠠᠬᠤ ᠦᠬᠡᠢ᠂ ᠡᠪᠡᠳᠤᠬᠡᠳ ᠡᠬᠢᠯᠡᠪᠡᠯ ᠠᠮᠢ ᠠᠪᠤᠮᠠᠷ︾ ᠬᠡᠵᠤ ᠬᠡᠯᠡᠳᠡᠭ᠃ | ᠰᠢᠳᠤᠨ ᠤ ᠹᠠᠯᠠᠨ ᠡᠳ᠋ ᠨᠢ ᠬᠤᠪᠬᠤᠷᠠᠵᠤ ᠤᠨᠠᠭᠠᠳ ᠰᠢᠳᠤᠨ ᠡᠳ᠋ ᠨᠢ ᠢᠯᠡᠷᠡᠭᠰᠡᠨ ᠦᠶ᠎ᠠ ᠳᠤ ᠬᠦᠴᠢᠳᠠᠢ᠂ | ᠠᠮᠳᠠᠳᠠᠢ᠂ ᠬᠦᠢᠳᠡᠨ᠂ ᠬᠠᠯᠠᠭᠤᠨ ᠵᠡᠷᠬᠡ ᠰᠡᠳᠤᠯᠳᠠ ᠳᠤ ᠳᠤᠬᠢᠶᠠᠯᠳᠤᠪᠠᠯ ᠳᠡᠰᠪᠤᠷᠢᠯᠡᠬᠦᠶᠠ ᠪᠡᠷᠬᠡ ᠪᠤᠯᠳᠠᠯ᠎ᠠ | ᠱᠠᠷᠬᠢᠷᠠᠵᠤ ᠡᠪᠡᠳᠳᠡᠭ᠃ ᠬᠡᠷᠪᠠ ᠪᠠᠺᠲ᠋ᠧᠷᠢ ᠨᠢ ᠰᠢᠳᠤᠨ ᠡᠳ᠋ ᠤᠨ ᠳᠦᠪ ᠊᠊᠊᠊ ᠰᠢᠳᠤᠨ ᠤ ᠴᠢᠮᠤᠬᠡᠨ ᠳᠤ ᠰᠢᠷᠭᠤᠨ | ᠤᠷᠤᠪᠠᠯ ᠦᠷᠪᠢᠰᠤᠯ ᠡᠬᠦᠰᠬᠡᠵᠤ ᠢᠳᠡᠬᠡᠯᠡᠳᠡᠭ ᠳᠤᠯᠠ ᠨᠠᠩ ᠰᠦᠷᠡᠬᠡᠢ ᠡᠪᠡᠳᠤᠬᠦᠯᠳᠡᠭ᠃ ᠰᠦᠷᠡᠬᠡᠢ | ᠡᠪᠡᠳᠳᠡᠭ ᠤᠨ ᠰᠢᠯᠳᠠᠭᠠᠨ ᠨᠢ ᠰᠢᠳᠤᠨ ᠤ ᠴᠢᠮᠤᠬᠡ ᠪᠤᠯ ᠪᠠᠳᠤ ᠪᠠᠬᠢ ᠶᠠᠰᠤᠯᠢᠬ ᠡᠳ᠋ ᠲᠤ ᠪᠠᠭᠯᠠᠭᠳᠠᠵᠤ᠂ | ᠠᠭᠰᠢᠵᠤ ᠳᠡᠯᠡᠭᠳᠡᠬᠦ ᠪᠤᠯᠤᠯᠴᠠᠭ᠎ᠠ ᠦᠬᠡᠢ ᠪᠤᠯᠬᠤᠷ ᠬᠡᠷᠪᠠ ᠬᠠᠪᠤᠳᠪᠠᠯ ᠰᠢᠳᠤᠨ ᠤ ᠮᠡᠳᠡᠷᠡᠯ ᠢ ᠴᠢᠩᠭ᠎ᠠ ᠳᠠᠷᠤᠭᠠᠳ᠂ | ᠰᠦᠷᠡᠬᠡᠢ ᠡᠪᠡᠳᠤᠬᠦᠯᠳᠡᠭ᠃ ︽ᠰᠢᠳᠤ ᠬᠤᠷᠤᠬᠠᠢᠢᠳᠤᠬᠤ︾ ᠶᠢ ᠤᠷᠢᠳᠴᠢᠯᠠᠨ ᠰᠡᠷᠬᠡᠶᠢᠯᠡᠵᠤ ᠪᠤᠯᠤᠨ᠎ᠠ᠃ | ᠡᠬᠦᠨ ᠳᠤ ᠪᠡᠶ᠎ᠠ ᠶᠢᠨ ᠪᠤᠯᠪᠠᠰᠤᠷᠠᠯ ᠢ ᠠᠩᠬᠠᠷᠬᠤ ᠶᠢᠨ ᠬᠠᠮᠳᠤ᠂ ᠡᠳᠤᠷ ᠪᠦᠷᠢ ᠰᠢᠳᠤ ᠪᠠᠨ ᠱᠤᠧᠠᠰᠠᠳᠠᠠ ᠠᠮᠠ ᠪᠠᠨ | ᠵᠠᠶᠢᠯᠵᠤ᠂ ᠠᠮᠠᠨ ᠬᠦᠨᠳᠡᠢ ᠶᠢ ᠠᠷᠢᠭᠤᠨ ᠴᠡᠪᠡᠷ ᠪᠠᠶᠢᠯᠭᠠᠵᠤ᠂ ᠪᠠᠺᠲ᠋ᠧᠷᠢ ᠶᠡᠭᠡ ᠬᠡᠮᠵᠢᠶ᠎ᠠ ᠪᠠᠷ ᠦᠷᠡᠵᠢᠬᠦ | ᠵᠠᠪᠰᠢᠶᠠᠨ ᠢ ᠦᠬᠡᠶᠢᠰᠬᠡᠬᠦ ᠬᠡᠷᠡᠭᠳᠡᠢ᠃ |