ᠠᠪᠤ ᠶᠢᠨ ᠵᠢᠭᠡᠯᠡᠭᠰᠡᠨ ᠵᠣᠭᠤᠰ ᠢ  ᠬᠡᠦᠬᠡᠳ ᠨᠢ ᠵᠠᠪᠠᠯ ᠲᠥᠯᠥᠬᠦ ᠦᠦ︖
ᠨᠡᠶᠢᠲᠡᠯᠡᠭᠰᠡᠨ ᠴᠠᠭ᠄
2023/11/23
      ᠬᠡᠷᠡᠭ ᠤᠨ ᠵᠢᠱᠢᠶ᠎ᠡ        ᠸᠠᠩ ᠨᠠᠰᠤᠲᠠᠨ ᠠᠮᠢᠳᠤ ᠪᠠᠶᠢᠬᠤ ᠳᠠᠭᠠᠨ ᠰᠢᠶᠣᠤ ᠮᠢᠩ ᠠᠴᠠ 20 ᠲᠦᠮᠡᠨ ᠲᠥᠭᠦᠷᠢᠭ ᠵᠢᠭᠡᠯᠡᠵᠦ᠂   ᠰᠢᠶᠣᠤ  ᠮᠢᠩ ᠣᠯᠠᠨ ᠤᠳᠠᠭ᠎ᠠ ᠨᠡᠬᠡᠭᠰᠡᠨ ᠪᠤᠯᠪᠠᠴᠤ ᠪᠤᠴᠠᠭᠠᠭᠰᠠᠨ‌ᠦᠭᠡᠢ᠃ ᠸᠠᠩ ᠨᠠᠰᠤᠲᠠᠨ ᠨᠠᠰᠤ ᠪᠠᠷᠠᠭᠰᠠᠨ ᠤ   ᠲᠠᠷᠠᠭ᠎ᠠ᠂  ᠰᠢᠶᠤᠤ  ᠮᠢᠩ ᠸᠠᠩ ᠨᠠᠰᠤᠲᠠᠨ ᠤ ᠬᠦᠦ ᠰᠢᠶᠤᠤ ᠸᠠᠩ ᠢ ᠰᠢᠭᠦᠬᠦ ᠬᠤᠷᠢᠶᠠᠨ ᠳᠤ ᠵᠠᠭᠠᠯᠳᠤᠵᠦ᠂ ᠰᠢᠶᠤᠤ  ᠸᠠᠩ ᠡᠴᠢᠭᠡ ᠶᠢᠨ ᠢᠶᠠᠨ 20 ᠲᠦᠮᠡᠨ ᠲᠥᠭᠦᠷᠢᠭ ᠤᠨ  ᠵᠢᠭᠡᠯᠡᠯᠭᠡ ᠶᠢ  ᠪᠤᠴᠠᠭᠠᠬᠤ  ᠬᠠᠷᠢᠭᠤᠴᠠᠯᠭ᠎ᠠ  ᠡᠭᠦᠷᠭᠡᠯᠡᠬᠦ   ᠬᠡᠷᠡᠭᠲᠡᠢ  ᠭᠡᠵᠦ  ᠱᠠᠭᠠᠷᠳᠠᠵᠠᠢ᠃  ᠰᠢᠶᠤᠤ  ᠸᠠᠩ ᠲᠤᠬᠠᠢ ᠵᠢᠨ‌‍ᠲ᠋ᠢᠩᠬᠢᠮ ᠳᠤ  ᠡᠴᠢᠭᠡ ᠶᠢᠨ   ᠢᠶᠠᠨ  ᠥᠪ   ᠬᠥᠷᠤᠩᠭᠡ ᠶᠢ  ᠵᠠᠯᠭᠠᠮᠵᠢᠯᠠᠬᠤ ᠪᠠᠨ  ᠪᠤᠯᠢᠨ᠎ᠠ᠂   ᠡᠴᠢᠭᠡ ᠶᠢᠨ ᠢᠶᠠᠨ ᠥᠭᠴᠡᠭᠡ ᠶᠢ ᠡᠭᠦᠷᠭᠡᠯᠡᠬᠦ ᠦᠭᠡᠢ ᠭᠡᠵᠦ   ᠢᠯᠡᠷᠬᠡᠶᠢᠯᠡᠵᠡᠢ᠃  ᠲᠡᠭᠡᠪᠡᠯ᠂  ᠰᠢᠶᠤᠤ  ᠸᠠᠩ  ᠡᠴᠢᠬᠡ ᠶᠢᠨ ᠢᠶᠠᠨ  ᠥᠭᠴᠡᠭᠡ ᠳᠤ ᠬᠠᠷᠢᠭᠤᠴᠠᠯᠭ᠎ᠠ ᠡᠭᠦᠷᠭᠡᠯᠡᠬᠦ  ᠬᠡᠷᠡᠭᠲᠡᠶ ᠦᠦ︖        ᠬᠠᠤᠯᠢ ᠢᠶᠠᠷ ᠲᠠᠶᠢᠯᠪᠤᠷᠢᠯᠠᠬᠤ ᠨᠢ         ᠬᠡᠷᠡᠭ ᠥᠬᠡᠶ᠃ ᠢᠷᠭᠡᠨ ᠤ ᠬᠠᠤᠯᠢ ᠶᠢᠨ ᠪᠢᠴᠢᠭ ᠤᠨ ᠵᠠᠭᠤ ᠵᠢᠷᠠᠨ ᠨᠢᠭᠡᠳᠦᠭᠡᠷ ᠵᠦᠢᠯ ᠳᠤ᠂  ᠥᠪ   ᠵᠠᠯᠭᠠᠮᠵᠢᠯᠠᠭᠴᠢ ᠣᠯᠤᠭᠰᠠᠨ ᠥᠪ ᠬᠦᠷᠦᠩᠭᠡ ᠶᠢᠨ ᠢᠶᠠᠨ ᠪᠣᠳᠠᠲᠤ ᠦᠷᠳᠡᠭ ᠢᠶᠠᠷ ᠬᠢᠵᠠᠭᠠᠷ ᠪᠣᠯᠭᠠᠵᠤ ᠥᠪ  ᠵᠠᠯᠭᠠᠮᠵᠢᠯᠠᠭᠤᠯᠤᠭᠴᠢ ᠶᠢᠨ  ᠬᠠᠤᠯᠢ ᠶᠣᠰᠣᠭᠠᠷ ᠲᠤᠰᠢᠶᠠᠬᠤ ᠶᠣᠰᠣᠲᠠᠢ ᠭᠠᠶᠢᠯᠢ ᠶᠢᠨ ᠵᠣᠭᠤᠰ ᠪᠠ ᠥᠭᠴᠡᠭᠡ ᠶᠢ  ᠲᠦᠯᠤᠵᠤ  ᠳᠠᠭᠤᠰᠬᠠᠨ᠎ᠠ  ᠭᠡᠵᠦ  ᠲᠣᠭᠲᠠᠭᠠᠵᠠᠢ᠃ ᠥᠪ ᠬᠦᠷᠦᠩᠬᠡ ᠶᠢᠨ ᠪᠣᠳᠠᠲᠤ ᠦᠷᠲᠡᠭ ᠠᠴᠠ  ᠬᠡᠲᠦᠷᠡᠭᠰᠡᠨ   ᠬᠡᠰᠡᠭ ᠢ  ᠥᠪ  ᠵᠠᠯᠭᠠᠮᠵᠢᠯᠠᠭᠴᠢ  ᠰᠠᠶᠢᠨ  ᠳᠤᠷ᠎ᠠ ᠠᠴᠠ ᠪᠠᠨ ᠲᠦᠯᠦᠬᠦ ᠨᠢ ᠡᠭᠦᠨ ᠳᠤ ᠬᠢᠵᠠᠭᠠᠷᠯᠠᠭᠳᠠᠬᠤ ᠦᠭᠡᠢ᠃  ᠥᠪ  ᠵᠠᠯᠭᠠᠮᠵᠢᠯᠠᠭᠴᠢ ᠨᠢ  ᠥᠪ  ᠵᠠᠯᠭᠠᠮᠵᠢᠯᠠᠬᠤ  ᠦᠭᠡᠢ  ᠪᠣᠯ  ᠥᠪ ᠵᠠᠯᠭᠠᠮᠵᠢᠯᠠᠭᠤᠯᠤᠭᠴᠢ ᠶᠢᠨ  ᠬᠠᠤᠯᠢ   ᠶᠣᠰᠣᠭᠠᠷ  ᠲᠤᠰᠢᠶᠠᠪᠠᠰᠤ  ᠵᠣᠬᠢᠬᠤ  ᠭᠠᠶᠢᠯᠢ ᠶᠢᠨ  ᠮᠥᠩᠭᠦ  ᠪᠠ  ᠥᠷᠢ ᠶᠢ  ᠲᠥᠯᠥᠬᠦ ᠬᠠᠷᠢᠭᠤᠴᠠᠯᠭ᠎ᠠ  ᠡᠭᠦᠷᠭᠡᠯᠡᠬᠦ ᠦᠭᠡᠢ ᠪᠠᠶᠢᠵᠤ ᠪᠣᠯᠤᠨ᠎ᠠ᠃   
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号