ᠳᠠᠷᠤᠮᠠᠯᠯᠠᠭᠰᠠᠨ ᠭᠡᠷᠢᠶᠡᠰ ᠬᠠᠤᠯᠢ ᠶᠢᠨ ᠬᠦᠴᠦᠨ ᠲᠠᠢ ᠦᠦ︖
ᠨᠡᠶᠢᠲᠡᠯᠡᠭᠰᠡᠨ ᠴᠠᠭ᠄
2023/11/22
      ᠳᠠᠷᠤᠮᠠᠯᠯᠠᠭᠰᠠᠨ ᠭᠡᠷᠢᠶᠡᠰ ᠬᠠᠤᠯᠢ ᠶᠢᠨ ᠬᠦᠴᠦᠨ ᠲᠠᠢ ᠦᠦ︖        ᠬᠡᠷᠡᠭ ᠤᠨ ᠵᠢᠱᠢᠶ᠎ᠡ       ᠬᠠᠨ ᠠᠪᠤᠭᠠᠢ ᠪᠣᠯ  ᠭᠡᠷ   ᠲᠡᠭᠡᠨ  ᠤᠳᠬᠤᠨ  ᠬᠦᠦ᠂  ᠠᠪᠤ  ᠨᠢ  ᠡᠪᠡᠳᠴᠢᠯᠡᠭᠰᠡᠨ  ᠦᠶ᠎ᠡ  ᠳᠤ   ᠦᠷᠭᠦᠯᠵᠢ ᠬᠠᠵᠠᠭᠤ ᠳᠤ ᠨᠢ ᠬᠠᠷᠠᠭᠠᠯᠵᠠᠳᠠᠭ᠃ ᠬᠠᠨ ᠠᠪᠤᠭᠠᠢ ᠶᠢᠨ ᠡᠴᠢᠭᠡ ᠨᠢ ᠠᠮᠢᠳᠤ ᠪᠠᠶᠢᠬᠤ ᠳᠠᠭᠠᠨ ᠭᠡᠷᠢᠶᠡᠰ  ᠦᠯᠡᠳᠡᠭᠡᠵᠦ᠂ ᠲᠡᠭᠦᠨ ᠤ ᠨᠡᠷ᠎ᠡ ᠳᠡᠭᠡᠷᠡᠬᠢ ᠭᠡᠷ ᠪᠠᠶᠢᠰᠢᠩ ᠢ ᠬᠠᠨ ᠠᠪᠤᠭᠠᠢ ᠳᠤ ᠭᠠᠭᠴᠠᠭᠠᠷ  ᠲᠤᠨᠢ  ᠵᠠᠯᠭᠠᠮᠵᠢᠯᠠᠭᠤᠯᠬᠤ ᠪᠠᠷ ᠵᠢᠭᠠᠨ ᠲᠣᠭᠲᠠᠭᠠᠵᠠᠢ᠃  ᠡᠨᠡ ᠬᠦ ᠭᠡᠷᠢᠶᠡᠰ ᠤᠨ ᠠᠭᠤᠯᠭ᠎ᠠ ᠶᠢ ᠺᠣᠮᠫᠢᠦ᠋ᠲ᠋ᠧᠷ ᠢᠶᠠᠷ   ᠮᠠᠰᠢᠨᠳᠠᠵᠦ  ᠳᠠᠷᠤᠮᠠᠯᠯᠠᠵᠤ  ᠦᠯᠡᠳᠡᠬᠡᠵᠠᠢ᠂  ᠥᠪ  ᠵᠠᠯᠭᠠᠮᠵᠢᠯᠠᠭᠤᠯᠤᠭᠴᠢ ᠭᠡᠷᠢᠶᠡᠰ ᠦᠯᠡᠳᠡᠭᠡᠬᠦ ᠦᠶ᠎ᠡ ᠳᠤ   ᠠᠰᠢᠭ  ᠬᠤᠣᠷ ᠤᠨ  ᠬᠠᠷᠢᠴᠠᠭ᠎ᠠ  ᠦᠭᠡᠢ  ᠬᠤᠶᠠᠷ  ᠭᠡᠷᠡᠴᠢᠯᠡᠭᠴᠢ  ᠠᠬᠤᠢ  ᠲᠠᠯᠠᠪᠤᠷ ᠲᠤ ᠭᠡᠷᠡᠴᠢᠯᠡᠵᠡᠢ᠃  ᠭᠡᠷᠢᠶᠡᠰ ᠤᠨ ᠪᠥᠬᠦ ᠠᠭᠤᠯᠭ᠎ᠠ  ᠨᠢ ᠵᠥᠪᠬᠡᠨ ᠨᠢᠭᠡ ᠯᠡ ᠬᠠᠭᠤᠳᠠᠰᠤ  ᠪᠠᠶᠢᠵᠤ᠂  ᠥᠪ  ᠵᠠᠯᠭᠠᠮᠵᠢᠯᠠᠭᠤᠯᠤᠭᠴᠢ  ᠵᠢᠴᠢ ᠬᠤᠶᠠᠷ ᠭᠡᠷᠡᠴᠢᠯᠡᠭᠴᠢ ᠬᠥᠮᠦᠨ ᠪᠦᠷ ᠭᠠᠷ ᠤᠨ ᠥᠰᠥᠭ  ᠵᠢᠷᠤᠵᠤ  ᠲᠠᠮᠠᠭ᠎ᠠ ᠪᠠᠨ  ᠳᠠᠷᠤᠵᠤ᠂  ᠡᠳᠦᠷ   ᠬᠤᠭᠤᠴᠠᠭ᠎ᠠ ᠶᠢ ᠲᠤᠲᠤᠷᠬᠠᠶᠢᠯᠠᠭᠰᠠᠨ ᠤ ᠬᠠᠮᠲᠤ ᠳᠦᠷᠰᠦ ᠰᠢᠩᠭᠡᠭᠡᠯᠲᠡ ᠬᠢᠵᠦ  ᠭᠡᠷᠡᠴᠢᠯᠡᠵᠡᠢ᠃  ᠡᠨᠡ  ᠬᠤᠪᠢ   ᠲᠠᠷᠣᠮᠠᠯᠯᠠᠭᠰᠠᠨ  ᠭᠡᠷᠢᠶᠡᠰ ᠨᠢ ᠬᠠᠤᠯᠢ ᠶᠢᠨ ᠬᠦᠴᠦᠨ ᠲᠠᠢ ᠦᠦ︖    ᠬᠠᠤᠯᠢ ᠢᠶᠠᠷ ᠲᠠᠶᠢᠯᠪᠤᠷᠢᠯᠠᠬᠤ ᠨᠢ       ᠬᠦᠴᠦᠨ ᠲᠠᠢ᠃ ᠢᠷᠭᠡᠨ ᠤ ᠬᠠᠤᠯᠢ ᠶᠢᠨ  ᠪᠢᠴᠢᠭ ᠤᠨ  ᠵᠠᠭᠤ  ᠭᠤᠴᠢᠨ  ᠵᠢᠷᠭᠤᠳᠤᠭᠠᠷ  ᠵᠦᠢᠯ ᠳᠤ᠂   ᠭᠡᠷᠢᠶᠡᠰ ᠢ ᠳᠠᠷᠤᠮᠠᠯᠯᠠᠬᠤ ᠳᠤ ᠬᠤᠶᠠᠷ ᠠᠴᠠ ᠳᠡᠭᠡᠭᠰᠢ ᠭᠡᠷᠡᠴᠢᠯᠡᠭᠴᠢ ᠠᠬᠤᠢ ᠲᠠᠯᠠᠪᠤᠷ ᠲᠤ ᠭᠡᠷᠡᠴᠢᠯᠡᠬᠦ ᠬᠡᠷᠡᠭᠲᠡᠢ᠃  ᠭᠡᠷᠢᠶᠡᠰ  ᠦᠯᠡᠳᠡᠭᠡᠭᠴᠢ ᠪᠠ ᠭᠡᠷᠡᠴᠢᠯᠡᠭᠴᠢ ᠭᠡᠷᠢᠶᠡᠰ ᠤᠨ  ᠬᠠᠭᠤᠳᠠᠰᠤ  ᠪᠦᠷᠢ ᠳᠤ  ᠭᠠᠷ ᠤᠨ  ᠦᠰᠦᠭ ᠢᠶᠠᠨ   ᠵᠢᠷᠤᠵᠤ᠂  ᠣᠨ᠂  ᠰᠠᠷ᠎ᠠ᠂  ᠡᠳᠦᠷ ᠢ ᠲᠣᠳᠣᠷᠬᠠᠢ ᠪᠢᠴᠢᠬᠦ ᠬᠡᠷᠡᠭᠲᠡᠢ ᠭᠡᠵᠦ ᠲᠣᠭᠲᠠᠭᠠᠵᠠᠢ᠃   
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号