ᠬᠤᠭᠤᠷ ᠤᠨ ᠡᠬᠡᠰᠢᠭ ᠬᠦᠩᠭᠢᠨᠡᠭᠦᠯᠦᠭᠰᠡᠨ ᠮᠠᠯᠴᠢᠨ ᠤᠳᠬᠠᠨ
ᠨᠡᠶᠢᠲᠡᠯᠡᠭᠰᠡᠨ ᠴᠠᠭ᠄
2022/3/22
     ᠮᠠᠯᠴᠢᠨ ᠤᠷᠠᠯᠢᠭᠴᠢᠨ ᠭᠤᠸᠠᠢ ᠲᠠᠢ ᠵᠤᠯᠭᠠᠨ᠎ᠠ ᠬᠡᠮᠡᠨ ᠮᠠᠨᠳᠤᠬᠤ  ᠨᠠᠷᠠ ᠶᠢ ᠤᠭᠳᠤᠨ᠂ ᠪᠢᠳᠡ ᠴᠠᠭᠠᠨᠬᠠᠳᠠ ᠰᠤᠮᠤᠨ ᠤ ᠨᠠᠷᠠᠨᠪᠤᠯᠠᠭ ᠭᠠᠴᠠᠭ᠎ᠠ ᠶᠢ ᠴᠢᠭᠯᠡᠯ᠎ᠡ᠃ ᠪᠢᠳᠡᠨ ᠢ ᠬᠦᠷᠬᠦ ᠳᠤ ᠤᠳᠬᠠᠨ ᠤᠯᠠᠭᠠᠨᠴᠡᠴᠡᠭ ᠲᠠᠢ ᠪᠠᠨ ᠬᠤᠶᠠᠭᠤᠯᠠ ᠦᠷᠯᠦᠭᠡ ᠶᠢᠨ ᠴᠠᠢ ᠪᠠᠨ ᠤᠤᠭᠤᠴᠢᠬᠠᠭᠠᠳ ᠲᠦᠯ ᠮᠠᠯ ᠢᠶᠠᠨ ᠨᠡᠶᠢᠯᠡᠭᠦᠯᠦᠭᠡᠳ ᠶᠠᠭᠠᠷᠠᠯᠳᠤᠵᠦ ᠪᠠᠶᠢᠯ᠎ᠠ
     ᠤᠳᠬᠠᠨ ᠬᠠᠷᠠᠬᠠᠨ ᠪᠠᠭ᠎ᠠ ᠠᠴᠠ ᠪᠠᠨ ᠬᠤᠭᠤᠷ ᠬᠦᠭᠵᠢᠮ ᠳᠤ ᠲᠤᠷ᠎ᠠ ᠪᠠᠬ᠎ᠠ ᠲᠠᠢ ᠪᠠᠶᠢᠵᠦ᠂12 ᠨᠠᠰᠤᠨ  ᠠᠴᠠ ᠪᠠᠨ ᠠᠪᠤ ᠶᠢᠨ ᠢᠶᠠᠨ ᠬᠢᠵᠦ ᠦᠭᠭᠦᠭᠰᠡᠨ ᠲᠦᠷᠪᠡᠨ ᠤᠳᠠᠰᠤᠳᠦ ᠬᠤᠭᠤᠷ ᠲᠠᠢ ᠨᠤᠴᠤᠯᠳᠤᠵᠦ ᠡᠬᠢᠯᠡᠵᠡᠢ᠃ ᠠᠩᠬᠠᠨ ᠳᠤ ᠪᠠᠨ ᠠᠷᠭ᠎ᠠ ᠤᠬᠠᠭᠠᠨ ᠢ ᠨᠢ ᠤᠯᠬᠤ ᠦᠭᠡᠢ᠂ ᠶᠠᠭᠠᠬᠢᠵᠦ ᠲᠠᠳᠠᠬᠤ ᠪᠠᠨ ᠴᠦ ᠮᠡᠳᠡᠬᠦ ᠦᠭᠡᠢ ᠪᠠᠶᠢᠭᠰᠠᠨ ᠢᠶᠠᠨ ᠠᠭᠠᠵᠢᠮ ᠢᠶᠠᠷ ᠦᠪᠡᠷ ᠤᠨ ᠬᠠᠷ᠎ᠠ ᠤᠬᠠᠭᠠᠨ ᠳᠤ ᠪᠠᠨ ᠲᠦᠰᠢᠭᠯᠡᠨ ᠰᠤᠷᠴᠦ ᠴᠢᠳᠠᠭᠰᠠᠨ ᠪᠠᠶᠢᠨ᠎ᠠ᠃ ᠬᠡᠥᠬᠡᠳ ᠠᠬᠤᠢ ᠨᠠᠰᠤᠨ ᠠᠴᠠ ᠪᠠᠨ ᠬᠤᠭᠤᠷ ᠬᠦᠭᠵᠢᠮ ᠲᠠᠢ ᠪᠠᠨ ᠵᠠᠶᠠᠭ᠎ᠠ ᠪᠠᠨ ᠬᠤᠯᠪᠤᠭᠰᠠᠨ ᠤᠳᠬᠠᠨ ᠭᠤᠸᠠᠢ ᠡᠳᠦᠷ ᠲᠤᠳᠤᠮ ᠤᠨ ᠭᠡᠷ ᠵᠠᠭᠤᠷ᠎ᠠ ᠶᠢᠨ ᠠᠷᠰᠠᠷ ᠠᠵᠢᠯ ᠢᠶᠠᠨ ᠲᠠᠭᠤᠰᠬᠠᠪᠠᠯ ᠬᠤᠭᠤᠷ ᠢᠶᠠᠨ ᠲᠠᠳᠠᠵᠦ ᠶᠠᠳᠠᠷᠠᠭ᠎ᠠ  ᠴᠢᠯᠡᠭᠡ ᠪᠠᠨ ᠲᠠᠶᠢᠯᠵᠦ᠂ ᠠᠷᠠᠳ ᠤᠨ ᠲᠠᠭᠤᠤ ᠪᠠᠨ ᠠᠶᠠᠯᠠᠭᠤᠯᠤᠨ᠂ ᠦᠯᠢᠭᠡᠷ ᠬᠤᠯᠪᠤᠭ᠎ᠠ ᠪᠠᠨ ᠬᠦᠭᠯᠡᠭᠦᠯᠬᠦ ᠳᠤ ᠰᠡᠳᠬᠢᠯ ᠠᠴᠠ ᠪᠠᠨ ᠪᠠᠶᠠᠰᠴᠦ᠂ ᠤᠷᠮ᠎ᠠ ᠰᠡᠷᠭᠦᠵᠦ᠂ ᠬᠤᠭᠤᠷ ᠢᠶᠠᠨ ᠲᠠᠳᠠᠪᠠᠯ ᠬᠡᠶᠢᠮᠤᠷᠢ ᠰᠡᠷᠭᠦᠳᠡᠭ ᠭᠡᠵᠦ ᠶᠠᠷᠢᠵᠦ ᠪᠠᠶᠢᠯ᠎ᠠ᠃
     ᠤᠳᠬᠠᠨ ᠭᠤᠸᠠᠢ ᠨᠠᠰᠤ ᠪᠠᠷ ᠢᠶᠠᠨ ᠬᠦᠳᠡᠭᠡ ᠰᠠᠭᠤᠵᠦ ᠬᠤᠭᠤᠷ ᠮᠠᠯ ᠬᠤᠶᠠᠷ ᠲᠠᠢ ᠪᠠᠨ ᠬᠠᠨᠢᠰᠴᠦ ᠢᠷᠡᠭᠰᠡᠨ ᠬᠦᠮᠦᠨ ᠪᠢᠯᠡ᠃ ᠲᠡᠷᠡ ᠮᠠᠯ ᠮᠠᠯᠵᠢᠬᠤ ᠭᠡᠵ ᠪᠠᠰᠠ ᠨᠢᠬᠡᠨ ᠮᠡᠷᠭᠡᠵᠢᠯ᠂ ᠤᠳᠤ ᠶᠢᠨ ᠰᠢᠨ᠎ᠡ ᠴᠠᠭ ᠦᠶ᠎ᠡ  ᠶᠢᠨ ᠵᠠᠯᠠᠭᠤᠰ ᠮᠠᠯᠵᠢᠬᠤ ᠠᠮᠢᠳᠤᠷᠠᠯ ᠠᠴᠠ ᠪᠠᠨ ᠬᠤᠯᠠᠳᠠᠵᠦ᠂ ᠲᠦᠯ ᠮᠠᠯ ᠲᠠᠢ ᠤᠶᠢᠷᠠᠳᠤᠬᠤ ᠠᠴᠠ ᠪᠠᠨ ᠠᠶᠤᠬᠤ ᠵᠡᠷᠭᠡ ᠦᠵᠡᠭᠳᠡᠯ ᠮᠠᠰᠢ ᠠᠷᠪᠢᠨ ᠪᠤᠯᠵᠠᠢ  ᠃ ᠵᠠᠯᠠᠭᠤᠰ ᠮᠢᠨᠢ ᠦᠨᠳᠦᠰᠦᠳᠡᠨ ᠤ ᠤᠨᠴᠠᠯᠢᠭᠳᠦ ᠰᠤᠶᠤᠯ ᠤᠷᠠᠯᠢᠭ  ᠢᠶᠠᠨ ᠤᠯᠠᠮᠵᠢᠯᠠᠨ ᠵᠠᠯᠭᠠᠮᠵᠢᠯᠠᠬᠤ᠂ ᠤᠷᠤᠨ ᠨᠤᠳᠤᠭ ᠤᠨ ᠢᠶᠠᠨ ᠪᠦᠳᠦᠭᠡᠨ ᠪᠠᠶᠢᠭᠤᠯᠤᠯᠳᠠ ᠳᠤ ᠵᠢᠭᠬᠦᠵᠦ ᠶᠠᠪᠤᠪᠠᠯ ᠲᠠᠭᠠᠷᠠᠬᠤ ᠶᠤᠮ᠃ ᠰᠢᠨ᠎ᠡ ᠴᠠᠭ ᠦᠶ᠎ᠡ ᠶᠢᠨ ᠵᠠᠯᠠᠭᠤᠰ ᠰᠢᠨ᠎ᠡ ᠠᠷᠭ᠎ᠠ ᠪᠤᠳᠤᠯᠭ᠎ᠠ ᠪᠠᠷ ᠬᠦᠳᠡᠭᠡ ᠨᠤᠳᠤᠭ ᠢᠶᠠᠨ ᠪᠦᠳᠦᠭᠡᠨ ᠪᠠᠶᠢᠭᠤᠯᠬᠤ ᠳᠤ ᠬᠦᠴᠦ ᠪᠠᠨ ᠡᠷᠭᠦᠭᠦ ᠶᠢ ᠬᠦᠰᠡᠮᠵᠢᠯᠡᠨ  ᠰᠠᠨᠠᠵᠦ ᠶᠠᠪᠤᠳᠠᠭ ᠪᠠᠶᠢᠨ᠎ᠠ᠃
     ᠤᠳᠬᠠᠨ ᠭᠤᠸᠠᠢ ᠪᠠᠰᠠ ᠬᠤᠰᠢᠭᠤᠨ ᠤ ᠬᠡᠥᠬᠡᠳ ᠤᠨ ᠴᠡᠴᠡᠷᠯᠢᠭ ᠲᠤ ᠤᠷᠢᠠᠠᠳᠠᠵᠦ᠂ ᠪᠠᠭᠠᠴᠠᠤᠳ ᠬᠡᠥᠬᠡᠳ ᠲᠤ ᠬᠤᠭᠤᠷ ᠤᠨ ᠬᠢᠴᠢᠶᠡᠯ ᠤᠷᠤᠵᠦ᠂ ᠤᠯᠠᠮᠵᠢᠯᠠᠯᠳᠦ ᠰᠤᠶᠤᠯ ᠤᠷᠠᠯᠢᠭ ᠢᠶᠠᠨ ᠦᠷ᠎ᠡ ᠬᠤᠶᠢᠴᠢᠰ ᠲᠤ  ᠪᠠᠨ ᠲᠠᠨᠢᠭᠤᠯᠵᠦ ᠤᠶᠢᠯᠠᠭᠠᠭᠤᠯᠬᠤ ᠳᠤ ᠦᠪᠡᠷ ᠤᠨ ᠤᠶᠤᠨ ᠬᠦᠴᠦᠨ ᠴᠢᠳᠠᠯ ᠢᠶᠠᠨ ᠬᠠᠨᠳᠢᠪᠯᠠᠭᠰᠠᠨ ᠪᠢᠯᠡ︕
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号