ᠪᠡᠶ᠎ᠡ ᠶᠢᠨ ᠦᠨᠡᠮᠯᠡᠯ ᠤᠨ ᠲᠤᠬᠠᠢ ᠡᠳᠡᠭᠡᠷ ᠠᠰᠠᠭᠤᠳᠠᠯ  ᠳᠤ  ᠳᠣᠲᠣᠭᠠᠳᠤ ᠶᠢ  ᠬᠠᠮᠠᠭᠠᠯᠠᠬᠤ ᠶᠠᠮᠤᠨ  ᠬᠠᠷᠢᠭᠤ
ᠨᠡᠶᠢᠲᠡᠯᠡᠭᠰᠡᠨ ᠴᠠᠭ᠄
2022/3/14
     ᠪᠡᠶ᠎ᠡ ᠶᠢᠨ ᠦᠨᠡᠮᠯᠡᠯ ᠢᠶᠠᠨ ᠭᠡᠭᠡᠪᠡᠯ ᠪᠤᠰᠤᠳ ᠬᠦᠮᠦᠨ ᠬᠠᠭᠤᠷᠮᠠᠭ ᠢᠶᠠᠷ ᠬᠡᠷᠡᠭᠯᠡᠬᠦ ᠠᠴᠠ ᠠᠶᠤᠨ᠎ᠠ᠂ ᠲᠡᠭᠡᠪᠡᠯ  ᠶᠠᠭᠠᠬᠢᠬᠤ ᠪᠤᠢ︖                    ᠰᠠᠭᠤᠭᠠᠯᠢ ᠠᠷᠠᠳ ᠤᠨ ᠭᠡᠭᠡᠭᠰᠡᠨ᠂ ᠬᠤᠯᠠᠭᠠᠶᠢᠯᠠᠭᠳᠠᠭᠰᠠᠨ ᠪᠡᠶ᠎ᠡ ᠶᠢᠨ ᠦᠨᠡᠮᠯᠡᠯ ᠢ ᠪᠤᠰᠤᠳ ᠬᠥᠮᠦᠨ  ᠬᠠᠭᠤᠷᠮᠠᠭ ᠢᠶᠠᠷ ᠬᠡᠷᠡᠭᠯᠡᠬᠦ ᠶᠢ ᠪᠦᠲᠦᠮᠵᠢᠲᠡᠶ ᠰᠡᠷᠭᠡᠶᠢᠯᠡᠬᠦ ᠶᠢᠨ  ᠲᠥᠯᠥᠭᠡ᠂  ᠳᠣᠲᠣᠭᠠᠳᠤ ᠶᠢ  ᠬᠠᠮᠠᠭᠠᠯᠠᠬᠤ  ᠶᠠᠮᠤᠨ   2016  ᠣᠨ ᠤ  10 ᠰᠠᠷ᠎ᠠ ᠳᠤ ᠬᠦᠴᠦᠨ ᠥᠬᠡᠶ ᠪᠣᠯᠤᠭᠰᠠᠨ ᠰᠠᠭᠤᠭᠠᠯᠢ ᠠᠷᠠᠳ ᠤᠨ ᠪᠡᠶ᠎ᠡ ᠶᠢᠨ  ᠦᠨᠡᠮᠯᠡᠯ ᠤᠨ  ᠮᠡᠳᠡᠭᠡ  ᠵᠠᠩᠭᠢ ᠶᠢᠨ  ᠰᠢᠰᠲ᠋ᠧᠮ ᠢ ᠪᠠᠶᠢᠭᠤᠯᠵᠤ᠂ ᠣᠯᠠᠨ ᠲᠦᠮᠡᠨ ᠤ ᠭᠡᠭᠡᠭᠰᠡᠨ  ᠬᠤᠯᠠᠭᠠᠶᠢᠯᠠᠭᠳᠠᠭᠰᠠᠨ ᠰᠠᠭᠤᠭᠠᠯᠢ ᠠᠷᠠᠳ ᠤᠨ ᠪᠡᠶ᠎ᠡ ᠶᠢᠨ  ᠦᠨᠡᠮᠯᠡᠯ ᠤᠨ  ᠮᠡᠳᠡᠭᠡ ᠵᠠᠩᠭᠢ ᠵᠢᠴᠢ ᠰᠢᠨ᠎ᠡ ᠦᠨᠡᠮᠯᠡᠯ  ᠰᠣᠯᠢᠵᠤ ᠠᠪᠤᠭᠰᠠᠨ ᠤ ᠳᠠᠷᠠᠭᠠᠬᠢ ᠤᠤᠯ ᠤᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ᠮᠡᠳᠡᠭᠡ ᠵᠠᠩᠭᠢ ᠶᠢ  ᠴᠤᠭᠯᠠᠭᠤᠯᠤᠬᠰᠠᠨ ᠤ ᠬᠠᠮᠲᠤ ᠰᠠᠯᠠᠭ᠎ᠠ ᠮᠥᠴᠢᠷ ᠤᠨ ᠬᠤᠭᠤᠷᠣᠨᠳᠣᠬᠢ ᠮᠡᠳᠡᠭᠡ ᠵᠠᠩᠭᠢ ᠶᠢ ᠬᠠᠮᠲᠤ ᠪᠠᠷ ᠡᠳ᠋ᠯᠡᠬᠦ ᠪᠠ  ᠦᠢᠯᠡᠴᠢᠯᠡᠭᠡᠨ ᠤ ᠲᠠᠪᠴᠠᠩ ᠢᠶᠠᠷ ᠳᠠᠮᠵᠢᠭᠤᠯᠤᠨ ᠨᠡᠶᠢᠭᠡᠮ ᠤᠨ ᠬᠠᠮᠢᠶ᠎ᠠ ᠪᠥᠬᠦᠶ ᠦᠨᠡᠮᠯᠡᠯ ᠬᠡᠷᠡᠭᠯᠡᠬᠦ ᠰᠠᠯᠠᠭ᠎ᠠ   ᠮᠥᠴᠢᠷ  ᠪᠠ ᠨᠢᠭᠡᠴᠡ ᠳᠤ ᠬᠦᠴᠦᠨ ᠥᠬᠡᠶ ᠪᠣᠯᠤᠭᠰᠠᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ᠮᠡᠳᠡᠭᠡ  ᠵᠠᠩᠭᠢ ᠶᠢ ᠬᠠᠷᠭᠤᠭᠤᠯᠤᠨ ᠪᠠᠶᠢᠴᠠᠭᠠᠬᠤ ᠦᠢᠯᠡᠴᠢᠯᠡᠭᠡ ᠬᠠᠩᠭᠠᠪᠠ᠃                      ᠤᠳᠤᠬᠠᠨ ᠪᠣᠯᠲᠠᠯ᠎ᠠ᠂ ᠠᠵᠤ ᠦᠢᠯᠡᠳᠪᠦᠷᠢ ᠪᠠ ᠮᠡᠳᠡᠭᠡ  ᠵᠠᠩᠭᠢᠵᠢᠯᠲᠠ ᠶᠢᠨ  ᠶᠠᠮᠤᠨ᠂  ᠤᠯᠤᠰ ᠤᠨ   ᠭᠠᠶᠢᠯᠢ ᠶᠢᠨ ᠶᠠᠪᠤᠳᠠᠯ ᠤᠨ ᠶᠡᠷᠦᠩᠬᠡᠶ ᠲᠣᠪᠴᠢᠶ᠎ᠠ᠂ ᠦᠨᠡᠲᠦ ᠲᠡᠮᠳᠡᠭᠲᠦ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ  ᠵᠡᠷᠭᠡ ᠰᠠᠯᠠᠭ᠎ᠠ  ᠮᠥᠴᠢᠷ ᠪᠣᠯᠤᠨ ᠨᠢᠭᠡᠴᠡ ᠶᠢᠨ ᠬᠢᠨ ᠨᠢᠭᠡᠨᠲᠡ ᠳᠣᠲᠣᠭᠠᠳᠤ ᠶᠢ ᠬᠠᠮᠠᠭᠠᠯᠠᠬᠤ ᠶᠠᠮᠤᠨ  ᠯᠤᠭ᠎ᠠ  ᠬᠦᠴᠦᠨ  ᠥᠬᠡᠶ  ᠪᠣᠯᠤᠭᠰᠠᠨ  ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ᠮᠡᠳᠡᠭᠡ ᠵᠠᠩᠭᠢ ᠶᠢ  ᠬᠠᠷᠭᠤᠭᠤᠯᠤᠨ ᠪᠠᠶᠢᠴᠠᠭᠠᠵᠤ ᠬᠡᠷᠡᠭᠯᠡᠬᠦ ᠠᠵᠢᠯ ᠢ ᠥᠷᠨᠢᠭᠦᠯᠪᠡ᠃                    ᠲᠠᠷᠠᠭᠠᠴᠢ ᠶᠢᠨ ᠠᠯᠬᠤᠮ ᠳᠤ᠂ ᠳᠣᠲᠣᠭᠠᠳᠤ ᠶᠢ  ᠬᠠᠮᠠᠭᠠᠯᠠᠬᠤ  ᠶᠠᠮᠤᠨ  ᠬᠦᠴᠦᠨ  ᠥᠬᠡᠶ  ᠪᠣᠯᠤᠭᠰᠠᠨ   ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ᠮᠡᠳᠡᠭᠡ ᠵᠠᠩᠭᠢ ᠶᠢ ᠬᠠᠷᠭᠤᠭᠤᠯᠤᠨ ᠪᠠᠶᠢᠴᠠᠭᠠᠬᠤ  ᠦᠢᠯᠡᠴᠢᠯᠡᠭᠡᠨ ᠤ ᠬᠡᠪᠴᠢᠶ᠎ᠡ ᠶᠢ ᠤᠯᠠᠮ ᠨᠢᠭᠡ ᠠᠯᠬᠤᠮ ᠥᠷᠭᠡᠳᠬᠡᠵᠦ᠂  ᠰᠠᠭᠤᠭᠠᠯᠢ  ᠠᠷᠠᠳ ᠤᠨ  ᠪᠡᠶ᠎ᠡ ᠶᠢᠨ   ᠦᠨᠡᠮᠯᠡᠯ ᠢ  ᠬᠠᠭᠤᠷᠮᠠᠭ ᠢᠶᠠᠷ  ᠬᠡᠷᠡᠭᠯᠡᠬᠦ  ᠠᠰᠠᠭᠤᠳᠠᠯ ᠭᠠᠷᠬᠤ ᠶᠢ ᠬᠠᠮᠤᠭ ᠤᠨ ᠶᠡᠭᠡ ᠬᠡᠮᠵᠢᠶ᠎ᠡ ᠪᠠᠷ  ᠰᠡᠷᠭᠡᠶᠢᠯᠡᠬᠦ ᠪᠠᠷ ᠪᠤᠢ᠃                    ᠪᠡᠶ᠎ᠡ ᠶᠢᠨ ᠦᠨᠡᠮᠯᠡᠯ ᠢᠶᠠᠨ ᠭᠡᠭᠡᠭᠰᠡᠨ ᠢᠶᠠᠨ ᠰᠦᠯᠵᠢᠶᠡᠨ ᠳᠡᠭᠡᠷ᠎ᠡ ᠮᠡᠳᠡᠭᠦᠯᠵᠦ ᠪᠣᠯᠤᠨ᠎ᠠ ᠦᠭᠡᠢ ᠦᠦ︖                      2017 ᠣᠨ ᠤ 7 ᠰᠠᠷ᠎ᠠ ᠶᠢᠨ  1 ᠤ  ᠡᠳᠦᠷ᠂  ᠰᠠᠭᠤᠭᠠᠯᠢ  ᠠᠷᠠᠳ ᠤᠨ  ᠪᠡᠶ᠎ᠡ ᠶᠢᠨ  ᠦᠨᠡᠮᠯᠡᠯ ᠢ   ᠤᠨᠳᠤᠤ ᠭᠠᠵᠠᠷ ᠲᠤ ᠭᠥᠯᠢᠶᠡᠨ ᠠᠪᠴᠤ ᠰᠢᠢᠳᠪᠦᠷᠢᠯᠡᠬᠦ᠂ ᠭᠡᠭᠡᠭᠰᠡᠨ ᠢᠶᠠᠨ ᠮᠡᠳᠡᠭᠦᠯᠬᠦ ᠪᠠ ᠭᠡᠭᠡᠭᠰᠡᠨ ᠡᠵᠡᠨ   ᠢ   ᠨᠢ   ᠡᠷᠢᠬᠦ  ︽ᠭᠤᠷᠪᠠᠨ ᠵᠦᠢᠯ ᠤᠨ  ᠲᠦᠷᠢᠮ︾ ᠢ  ᠪᠥᠬᠦ  ᠤᠯᠤᠰ ᠲᠤ  ᠪᠥᠬᠦ  ᠲᠠᠯ᠎ᠠ ᠪᠠᠷ  ᠬᠡᠷᠡᠭᠵᠢᠭᠦᠯᠦᠭᠰᠡᠨ ᠠᠴᠠ   ᠠᠷᠠᠳ  ᠢᠷᠭᠡᠳ  ᠰᠠᠭᠤᠭᠠᠯᠢ ᠠᠷᠠᠳ ᠤᠨ  ᠪᠡᠶ᠎ᠡ ᠶᠢᠨ  ᠦᠨᠡᠮᠯᠡᠯ ᠢᠶᠠᠨ  ᠭᠡᠭᠡᠭᠰᠡᠨ  ᠪᠤᠶᠤ   ᠬᠤᠯᠠᠭᠠᠶᠢᠯᠠᠭᠳᠠᠭᠰᠠᠨ ᠳᠤ  ᠬᠦᠷᠪᠡᠯ᠂  ᠣᠶᠢᠷ᠎ᠠ   ᠬᠠᠪᠢ ᠶᠢᠨ ᠲᠣᠮᠢᠯᠠᠭᠰᠠᠨ ᠰᠠᠯᠪᠤᠷᠢ ᠪᠤᠶᠤ ᠡᠷᠦᠬᠡ ᠠᠮᠠ ᠶᠢᠨ  ᠶᠠᠪᠤᠳᠠᠯ ᠤᠨ ᠭᠠᠷᠳᠠᠮ ᠬᠦᠢᠴᠡᠳᠭᠡᠬᠦ ᠲᠢᠩᠬᠢᠮ ᠳᠤ  ᠬᠦᠷᠴᠦ  ᠭᠡᠭᠡᠭᠰᠡᠨ ᠢᠶᠠᠨ ᠮᠡᠳᠡᠭᠦᠯᠵᠦ ᠪᠣᠯᠬᠤ ᠪᠤᠯᠪᠠ᠃                      ᠪᠡᠶ᠎ᠡ ᠶᠢᠨ ᠦᠨᠡᠮᠯᠡᠯ ᠢᠶᠠᠨ ᠬᠡᠬᠡᠭᠰᠡᠨ ᠢᠶᠠᠨ ᠰᠦᠯᠵᠢᠶᠡᠨ ᠳᠡᠭᠡᠷ᠎ᠡ ᠮᠡᠳᠡᠬᠦᠯᠬᠦ ᠳᠤ ᠪᠤᠰᠤᠳ  ᠬᠦᠮᠦᠨ   ᠨᠡᠷ᠎ᠡ ᠪᠠᠷ   ᠨᠢ ᠭᠡᠭᠡᠭᠰᠡᠨ ᠭᠡᠵᠦ ᠳᠠᠩᠰᠠᠯᠠᠭᠤᠯᠬᠤ ᠲᠦᠭᠰᠢᠭᠦᠷᠢ ᠣᠷᠣᠰᠢᠵᠤ ᠪᠠᠶᠢᠬᠤ ᠶᠢ ᠪᠣᠳᠣᠯᠬᠢᠯᠠᠭᠠᠳ᠂  ᠣᠳᠣᠬᠠᠨ ᠳᠤ ᠪᠣᠳᠠᠲᠠᠶ  ᠠᠵᠢᠯ ᠤᠨ ᠳᠤᠮᠳᠠ᠂ ᠪᠡᠶ᠎ᠡ ᠶᠢᠨ ᠦᠨᠡᠮᠯᠡᠯ ᠢᠶᠠᠨ ᠬᠡᠬᠡᠭᠰᠡᠨ ᠢᠶᠠᠨ ᠮᠡᠳᠡᠬᠦᠯᠬᠦ ᠳᠤ ᠠᠷᠠᠳ  ᠢᠷᠭᠡᠳ ᠢ ᠴᠥᠮ  ᠥᠪᠡᠷ ᠤᠨ  ᠪᠡᠶ᠎ᠡ ᠪᠠᠷ   ᠨᠢ ᠲᠣᠮᠢᠯᠠᠭᠰᠠᠨ ᠰᠠᠯᠪᠤᠷᠢ ᠪᠤᠶᠤ  ᠡᠷᠦᠬᠡ  ᠠᠮᠠ ᠶᠢᠨ   ᠶᠠᠪᠤᠳᠠᠯ ᠤᠨ  ᠭᠠᠷᠳᠠᠮ  ᠬᠦᠢᠴᠡᠳᠭᠡᠬᠦ  ᠲᠢᠩᠬᠢᠮ ᠤᠨ  ᠴᠣᠩᠬᠤᠪᠴᠢ ᠳᠤ ᠤᠴᠢᠭᠤᠯᠤᠨ ᠬᠦᠢᠴᠡᠳᠭᠡᠯᠭᠡᠵᠦ  ᠪᠠᠶᠢᠨ᠎ᠠ᠃                      ᠪᠡᠶ᠎ᠡ ᠶᠢᠨ ᠦᠨᠡᠮᠯᠡᠯ ᠢᠶᠠᠨ ᠭᠡᠭᠡᠪᠡᠯ ᠶᠠᠭᠠᠬᠢᠵᠤ ᠨᠦᠬᠦᠵᠦ ᠬᠢᠯᠭᠡᠬᠦ ᠪᠤᠢ︖                    ᠠᠷᠠᠳ ᠢᠷᠭᠡᠳ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠢᠶᠠᠨ ᠭᠡᠭᠡᠪᠡᠯ᠂ ᠲᠡᠷᠡ ᠲᠤᠤᠷ᠎ᠠ ᠪᠠᠨ  ᠳᠣᠲᠣᠭᠠᠳᠤ ᠶᠢ ᠬᠠᠮᠠᠭᠠᠯᠠᠬᠤ ᠪᠠᠶᠢᠭᠤᠯᠤᠯᠭ᠎ᠠ ᠳᠤ ᠮᠡᠳᠡᠭᠦᠯᠬᠦ ᠬᠡᠷᠡᠭᠲᠡᠢ᠃ ᠮᠡᠳᠡᠭᠦᠯᠦᠭᠰᠡᠨ ᠡᠳᠦᠷ ᠠᠴᠠ ᠡᠬᠢᠯᠡᠨ 3  ᠰᠠᠷ᠎ᠠ ᠶᠢᠨ ᠲᠤᠳᠤᠷ᠎ᠠ  ᠮᠥᠨ ᠬᠦ ᠡᠷᠢᠵᠦ ᠣᠯᠤᠬᠰᠠᠨ ᠦᠭᠡᠢ ᠳᠤ ᠬᠦᠷᠪᠡᠯ ᠰᠢᠨ᠎ᠡ ᠦᠨᠡᠮᠯᠡᠯ ᠬᠢᠯᠭᠡᠵᠦ ᠠᠪᠬᠤ ᠪᠠᠷ  ᠮᠡᠳᠡᠭᠦᠯᠬᠦ ᠬᠡᠷᠡᠭᠲᠡᠶ᠃                    ᠪᠡᠶ᠎ᠡ ᠶᠢᠨ ᠦᠨᠡᠮᠯᠡᠯ ᠢᠶᠠᠨ ᠡᠷᠦᠬᠡ ᠠᠮᠠ  ᠪᠠᠶᠢᠭ᠎ᠠ  ᠭᠠᠵᠠᠷ   ᠲᠠᠭᠠᠨ  ᠨᠦᠬᠦᠨ  ᠬᠢᠯᠬᠡᠵᠦ  ᠠᠪᠬᠤ ᠳᠤ   ᠰᠠᠭᠤᠭᠠᠯᠢ ᠠᠷᠠᠳ ᠤᠨ ᠡᠷᠦᠬᠡ ᠠᠮᠠ ᠶᠢᠨ ᠳᠡᠪᠲᠡᠷ ᠢᠶᠠᠨ ᠦᠭᠴᠦ ᠰᠢᠯᠭᠠᠭᠤᠯᠤᠨ᠂ ᠬᠡᠷᠡᠯ ᠵᠢᠷᠤᠭ ᠠᠪᠤᠭᠤᠯᠵᠤ᠂  ︽ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠭᠤᠶᠤᠴᠢᠯᠠᠨ ᠠᠪᠬᠤ  ᠳᠠᠩᠰᠠᠯᠠᠯ ᠤᠨ  ᠬᠦᠰᠦᠨᠦᠭᠲᠦ︾ ᠶᠢ   ᠲᠠᠭᠯᠠᠵᠤ᠂  ᠪᠡᠶ᠎ᠡ ᠶᠢᠨ  ᠦᠨᠡᠮᠯᠡᠯ  ᠬᠢᠯᠭᠡᠬᠦ ᠵᠠᠷᠤᠲᠠᠯ ᠲᠤᠰᠢᠶᠠᠬᠤ ᠬᠡᠷᠡᠭᠲᠡᠶ᠃                    ᠭᠠᠷ ᠬᠦᠢᠴᠡᠳᠭᠡᠯ ᠬᠢᠵᠦ ᠪᠠᠷᠠᠭᠰᠠᠨ ᠤ ᠳᠠᠷᠠᠭ᠎ᠠ ᠵᠢᠷᠠᠨ ᠡᠳᠦᠷ ᠤᠨ ᠳᠣᠲᠣᠷ᠎ᠠ ᠪᠡᠶ᠎ᠡ ᠶᠢᠨ ᠦᠨᠡᠮᠯᠡᠯ ᠢᠶᠠᠨ  ᠠᠪᠤᠨ᠎ᠠ︔ ᠵᠠᠮ ᠬᠠᠷᠢᠯᠴᠠᠭ᠎ᠠ ᠳᠥᠭᠦᠮ ᠦᠭᠡᠢ ᠭᠠᠵᠠᠷ  ᠣᠷᠣᠨ ᠤ  ᠴᠠᠬ  ᠬᠤᠭᠤᠴᠠᠭ᠎ᠠ ᠶᠢ  ᠤᠷᠳᠤᠳᠬᠠᠬᠤ ᠳᠤ   ᠭᠤᠴᠢᠨ  ᠡᠳᠦᠷ ᠠᠴᠠ ᠬᠡᠲᠦᠷᠡᠭᠦᠯᠵᠦ ᠪᠣᠯᠬᠤ ᠦᠭᠡᠢ᠃  ᠨᠥᠬᠦᠴᠡᠯ ᠲᠠᠢ  ᠭᠠᠵᠠᠷ  ᠣᠷᠣᠨ ᠨᠢ  ᠪᠣᠳᠠᠲᠤ   ᠪᠠᠶᠢᠳᠠᠯ ᠢᠶᠠᠨ  ᠦᠨᠳᠦᠰᠦᠯᠡᠨ  ᠦᠨᠡᠮᠯᠡᠯ ᠦᠢᠯᠡᠳᠦᠨ ᠬᠢᠬᠦ ᠪᠡ ᠣᠯᠭᠤᠬᠤ ᠦᠶᠡᠯᠡᠯ ᠤᠨ ᠴᠠᠬ ᠬᠤᠭᠤᠴᠠᠭ᠎ᠠ ᠶᠢ  ᠪᠣᠭᠤᠨᠢᠰᠬᠠᠵᠤ ᠪᠣᠯᠤᠨ᠎ᠠ᠃                    ᠤᠨᠳᠤᠤ ᠭᠠᠵᠠᠷ ᠲᠤ ᠪᠡᠶ᠎ᠡ ᠶᠢᠨ ᠦᠨᠡᠮᠯᠡᠯ ᠨᠥᠬᠦᠨ ᠬᠢᠯᠭᠡᠵᠦ ᠪᠣᠯᠤᠨ᠎ᠠ ᠦᠦ︖                    ᠡᠷᠦᠬᠡ ᠠᠮᠠ ᠶᠢᠨ ᠪᠠᠶᠢᠭ᠎ᠠ ᠪᠠᠶᠢᠩᠭᠤ ᠰᠠᠭᠤᠭ᠎ᠠ ᠭᠠᠵᠠᠷ ᠠᠴᠠ ᠪᠠᠨ ᠰᠠᠯᠵᠤ ᠪᠤᠰᠤᠳ ᠮᠤᠵᠢ ︵ᠥᠪᠡᠷᠲᠡᠭᠡᠨ   ᠵᠠᠰᠠᠬᠤ ᠣᠷᠣᠨ᠂ ᠰᠢᠭᠤᠳ ᠬᠠᠷᠢᠶ᠎ᠠ ᠬᠤᠲᠠ︶ ᠳᠤ ᠬᠦᠷᠴᠦ ᠬᠠᠤᠯᠢ ᠶᠣᠰᠣᠨ ᠤ ᠲᠣᠭᠲᠠᠪᠤᠷᠢᠲᠠᠶ  ᠠᠵᠢᠯ  ᠤᠯᠬᠤ᠂   ᠰᠤᠷᠭᠠᠭᠤᠯᠢ ᠳᠤ ᠣᠷᠣᠬᠤ᠂ ᠣᠷᠣᠰᠢᠨ ᠰᠠᠭᠤᠬᠤ ᠠᠷᠠᠳ ᠢᠷᠭᠡᠳ ᠨᠢ ᠣᠲᠣ ᠶᠢᠨ ᠰᠠᠭᠤᠭ᠎ᠠ  ᠭᠠᠵᠠᠷ ᠤᠨ ᠢᠶᠠᠨ   ᠳᠣᠲᠣᠭᠠᠳᠤ ᠶᠢ  ᠬᠠᠮᠠᠭᠠᠯᠠᠬᠤ ᠪᠠᠶᠢᠭᠤᠯᠤᠯᠭ᠎ᠠ ᠳᠤ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠰᠣᠯᠢᠵᠤ  ᠠᠪᠬᠤ᠂   ᠨᠥᠬᠦᠵᠦ  ᠠᠪᠬᠤ ᠪᠠᠷ  ᠭᠤᠶᠤᠴᠢᠯᠠᠵᠤ ᠪᠣᠯᠤᠨ᠎ᠠ᠃                    ᠤᠨᠳᠤᠤ ᠭᠠᠵᠠᠷ ᠲᠤ ᠲᠦᠷ ᠴᠠᠭ ᠤᠨ ᠪᠡᠶ᠎ᠡ ᠶᠢᠨ ᠦᠨᠡᠮᠯᠡᠯ ᠬᠢᠯᠭᠡᠵᠦ ᠠᠪᠴᠤ ᠪᠣᠯᠤᠨ᠎ᠠ ᠦᠦ︖                    ᠣᠳᠣᠬᠠᠨ ᠳᠤ ᠣᠨᠳᠣᠣ  ᠭᠠᠵᠠᠷ ᠲᠤ  ᠬᠦᠯᠢᠶᠡᠨ  ᠠᠪᠴᠤ  ᠰᠢᠢᠳᠪᠦᠷᠢᠯᠡᠬᠦ  ᠬᠡᠪᠴᠢᠶ᠎ᠡ ᠳᠤ  ᠵᠦᠪᠭᠡᠨ   ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠰᠣᠯᠢᠵᠤ ᠠᠪᠬᠤ᠂ ᠨᠥᠬᠦᠨ ᠬᠢᠯᠭᠡᠵᠦ ᠠᠪᠬᠤ ᠪᠠᠷ ᠭᠤᠶᠤᠴᠢᠯᠠᠬᠤ   ᠶᠠᠪᠤᠳᠠᠯ  ᠯᠡ  ᠪᠠᠭᠳᠠᠬᠤ ᠠᠴᠠ ᠪᠢᠰᠢ᠂ ᠲᠦᠷ ᠴᠠᠭ ᠤᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠬᠢᠯᠭᠡᠬᠦ  ᠶᠠᠪᠤᠳᠠᠯ ᠪᠠᠭᠲᠠᠬᠤ ᠦᠭᠡᠢ᠃                    ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠢᠶᠠᠨ ᠭᠡᠭᠡᠭᠰᠡᠨ᠂ ᠬᠤᠯᠠᠭᠠᠶᠢᠯᠠᠭᠳᠠᠭᠰᠠᠨ ᠪᠤᠶᠤ  ᠠᠪᠴᠤ   ᠶᠠᠪᠤᠬᠤ ᠪᠠᠨ ᠮᠠᠷᠲᠠᠭᠰᠠᠨ  ᠬᠦᠮᠦᠰ ᠨᠢ  ᠨᠢᠰᠬᠡᠯ ᠳᠤ  ᠰᠠᠭᠤᠬᠤ᠂  ᠭᠠᠯᠲᠤ  ᠲᠡᠷᠭᠡᠨ ᠳᠤ  ᠰᠠᠭᠤᠬᠤ᠂   ᠪᠠᠭᠤᠳᠠᠯ ᠳᠤ  ᠰᠠᠭᠤᠬᠤ   ᠪᠠᠴᠢᠮ ᠬᠡᠷᠡᠭᠴᠡᠭᠡ ᠲᠠᠢ ᠪᠤᠯᠬᠤ ᠲᠤᠬᠠᠢ ᠳᠣᠲᠣᠭᠠᠳᠤ ᠶᠢ  ᠬᠠᠮᠠᠭᠠᠯᠠᠬᠤ  ᠶᠠᠮᠤᠨ ᠠᠴᠠ   ᠨᠢᠰᠬᠡᠯ ᠤᠨ  ᠪᠠᠭᠤᠳᠠᠯ᠂  ᠭᠠᠯᠲᠤ  ᠲᠡᠷᠭᠡᠨ ᠤ ᠥᠷᠲᠡᠭᠡᠨ ᠤ ᠲᠣᠮᠢᠯᠠᠭᠰᠠᠨ  ᠰᠠᠯᠪᠤᠷᠢ  ᠪᠠ  ᠪᠠᠭᠤᠳᠠᠯ ᠤᠨ   ᠬᠠᠷᠢᠶ᠎ᠠ  ᠲᠣᠭᠤᠷᠢᠭ ᠤᠨ  ᠲᠣᠮᠢᠯᠠᠭᠰᠠᠨ  ᠰᠠᠯᠪᠤᠷᠢ ᠶᠢ  ᠣᠯᠠᠨ ᠲᠦᠮᠡᠨ ᠳᠤ ᠲᠦᠷ ᠴᠠᠭ ᠤᠨ ᠪᠡᠶ᠎ᠡ ᠶᠢᠨ   ᠦᠨᠡᠮᠯᠡᠯ   ᠢ  ᠴᠠᠭ  ᠲᠤᠬᠠᠶ ᠳᠤᠨᠢ  ᠬᠢᠵᠦ  ᠥᠭᠬᠦ  ᠬᠡᠷᠡᠭᠲᠡᠶ  ᠭᠡᠵᠦ  ᠲᠣᠳᠣᠷᠬᠠᠶ ᠱᠠᠭᠠᠷᠳᠠᠪᠠ᠃                    ᠪᠡᠶ᠎ᠡ ᠶᠢᠨ ᠦᠨᠡᠮᠯᠡᠯ ᠤᠨ ︽ᠰᠦᠯᠵᠢᠶᠡᠨ ᠤ ᠦᠨᠡᠮᠯᠡᠯ︾ ᠢ ᠳᠡᠯᠭᠡᠷᠡᠭᠦᠯᠦᠨ᠎ᠡ ᠤᠤ ᠦᠭᠡᠢ ᠦᠦ︖                    ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ ︽ᠰᠦᠯᠵᠢᠶᠡᠨ ᠤ ᠦᠨᠡᠮᠯᠡᠯ︾ ᠪᠣᠯ  ᠮᠥᠨ  ᠴᠢᠨᠠᠷ   ᠳᠡᠭᠡᠷ᠎ᠡ ᠪᠠᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠤᠨ  ᠡᠯᠧᠺᠲᠷᠣᠨ  ᠦᠨᠡᠮᠯᠡᠯ  ᠮᠥᠨ᠂  ᠳᠣᠲᠣᠭᠠᠳᠤ ᠶᠢ   ᠬᠠᠮᠠᠭᠠᠯᠠᠬᠤ  ᠶᠠᠮᠤᠨ ᠬᠤᠶᠢᠰᠢᠳᠠ ᠶᠢᠨ ᠠᠵᠢᠯ ᠤᠨ ᠳᠤᠮᠳᠠ ᠪᠠᠨ ᠡᠭᠦᠨ ᠢ ᠭᠦᠨᠵᠡᠭᠡᠶ ᠰᠤᠳᠤᠯᠤᠨ ᠨᠤᠲᠠᠯᠠᠬᠤ  ᠪᠣᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号