ᠾᠧᠨᠠᠨ ᠮᠤᠵᠢ ᠶᠢᠨ ᠺᠠᠶᠢᠹᠧᠩ ᠬᠤᠲᠠ ᠶᠢᠨ ᠬᠢᠵᠢᠭ ᠢ ᠰᠡᠷᠭᠡᠶᠢᠯᠡᠨ ᠳᠠᠷᠣᠬᠤ ᠵᠢᠯᠣᠭᠤᠳᠬᠤ ᠭᠠᠵᠠᠷ ᠤᠨ | ᠠᠯᠪᠠᠨ ᠬᠡᠷ ᠲᠦᠷᠦᠭᠦᠬᠡᠨ ᠠᠯᠪᠠᠨ ᠵᠠᠷ ᠨᠡᠶᠢᠲᠡᠯᠡᠵᠦ᠂ 12 ᠳ᠋ᠣᠭᠠᠷ ᠰᠠᠷ᠎ᠠ ᠶᠢᠨ 7 ᠤ ᠡᠳᠦᠷ ᠠᠴᠠ 10 ᠤ ᠡᠳᠦᠷ | ᠪᠣᠯᠲᠠᠯ᠎ᠠ ᠶᠦᠩ ᠾᠦᠢ ᠰᠦᠫᠧᠷ ᠳᠡᠯᠭᠡᠭᠦᠷ ︵ᠬᠠᠲᠤᠨ ᠭᠤᠤᠯ ᠶᠡᠭᠡ ᠵᠡᠭᠡᠯᠢ︶ ᠠᠴᠠ ᠬᠢᠵᠢᠭ ᠤᠨ ᠬᠠᠯᠳᠠᠪᠤᠷᠢ ᠲᠠᠢ | ᠵᠢᠮᠢᠰ ᠢ ᠬᠤᠳᠠᠯᠳᠤᠨ ᠠᠪᠤᠭᠰᠠᠨ ᠬᠥᠮᠦᠰ ᠢ ᠶᠠᠭᠠᠷᠠᠯᠳᠡᠢ ᠪᠠᠶᠢᠴᠠᠭᠠᠨ ᠬᠠᠶᠢᠪᠠ᠃ 12 ᠳ᠋ᠣᠭᠠᠷ ᠰᠠᠷ᠎ᠠ ᠶᠢᠨ | 22 ᠤᠨ ᠡᠳᠦᠷ᠂ ᠡᠨᠡ ᠬᠤᠲᠠ ᠶᠢᠨ ᠬᠤᠲᠠ ᠬᠥᠳᠡᠭᠡ ᠶᠢ ᠨᠢᠭᠡ ᠴᠤᠭᠴᠠᠵᠢᠭᠤᠯᠤᠭᠰᠠᠨ ᠵᠢᠱᠢᠶ᠎ᠡ ᠦᠵᠡᠭᠦᠯᠬᠦ | ᠣᠷᠣᠨ ᠤ ᠬᠢᠵᠢᠭ ᠢ ᠰᠡᠷᠭᠡᠶᠢᠯᠡᠨ ᠳᠠᠷᠣᠬᠤ ᠵᠢᠯᠣᠭᠤᠳᠬᠤ ᠭᠠᠵᠠᠷ ᠠᠴᠠ ᠮᠡᠳᠡᠭᠳᠡᠬᠦ ᠳᠡᠭᠡᠨ᠂ ᠬᠤᠪᠸᠢ ᠮᠤᠵᠢ ᠶᠢᠨ | ᠬᠠᠨᠴᠤᠸᠠᠨ ᠬᠤᠲᠠ᠂ ᠶᠢᠩᠴᠧᠩ ᠬᠤᠲᠠ ᠶᠢᠨ ᠬᠢᠨ ᠸᠢᠶᠧᠳ᠋ᠨᠠᠮ ᠠᠴᠠ ᠣᠷᠣᠭᠤᠯᠤᠭᠰᠠᠨ ᠨᠢᠭᠡ ᠪᠦᠯᠦᠭ ᠣᠯᠠᠭᠠᠨ | ᠦᠷᠡᠳᠦ ᠯᠤᠤ ᠵᠢᠮᠢᠰ ᠪᠠ ᠲᠡᠭᠦᠨ ᠤ ᠭᠠᠳᠠᠷ ᠪᠣᠭᠤᠳᠠᠯ ᠠᠴᠠ ᠬᠢᠵᠢᠭ ᠤᠨ ᠬᠠᠯᠳᠠᠪᠤᠷᠢ ᠢᠯᠡᠷᠡᠭᠦᠯᠦᠭᠰᠡᠨ ᠪᠠᠶᠢᠨ᠎ᠠ | ᠭᠡᠵᠡᠢ᠃ ᠬᠢᠨᠠᠨ ᠪᠠᠶᠢᠴᠠᠭᠠᠭᠰᠠᠨ ᠢᠶᠠᠷ᠂ ᠲᠣᠰ ᠪᠦᠯᠦᠭ ᠵᠢᠮᠢᠰ ᠢ ᠬᠢᠯᠢ ᠪᠠᠷ ᠣᠷᠣᠭᠤᠯᠣᠭᠰᠠᠨ ᠤ ᠳᠠᠷᠠᠭ᠎ᠠ 12 | ᠳ᠋ᠣᠭᠠᠷ ᠰᠠᠷ᠎ᠠ ᠶᠢᠨ 7 ᠤ ᠥᠷᠯᠥᠭᠡ ᠵᠧᠩᠵᠧᠤ ᠬᠤᠲᠠ ᠶᠢᠨ ᠵᠥᠩ ᠮᠥ ᠰᠢᠶᠠᠨ ᠤ ᠸᠠᠨ ᠪᠠᠩ ᠣᠯᠠᠨ ᠤᠯᠤᠰ ᠤᠨ | ᠪᠠᠷᠠᠭᠠᠨ ᠤ ᠬᠦᠷᠢᠶᠡᠯᠡᠩ ᠳᠤ ᠬᠦᠷᠭᠡᠭᠰᠡᠨ ᠶᠤᠮ᠃ ᠡᠭᠦᠨ ᠤ ᠲᠠᠷᠠᠭᠠᠬᠢ ᠰᠤᠭᠤᠯᠤᠨ ᠪᠠᠶᠢᠴᠠᠭᠠᠭᠰᠠᠨ ᠤ ᠳ᠋ᠦᠩ ᠳᠤ | ᠬᠢᠵᠢᠭ ᠤᠨ ᠸᠢᠷᠦ᠋ᠰ ᠪᠠᠶᠢᠬᠤ ᠦᠭᠡᠢ ᠪᠠᠶᠢᠯ᠎ᠠ᠃ ᠺᠠᠶᠢᠹᠧᠩ ᠬᠤᠲᠠ ᠶᠢᠨ ᠬᠠᠲᠤᠨ ᠭᠤᠤᠯ ᠶᠡᠭᠡ ᠵᠡᠭᠡᠯᠢ ᠶᠢᠨ ᠰᠢᠩ | ᠭᠤᠸᠠᠩ ᠲᠢᠶᠠᠨ ᠳ᠋ᠢ ᡁᠢ ᠨᠢᠭᠡᠳᠦᠭᠡᠷ ᠳᠠᠪᠬᠤᠷᠯᠢᠭ ᠤᠨ ᠶᠦᠩ ᠾᠦᠢ ᠰᠦᠫᠧᠷ ᠳᠡᠯᠭᠡᠭᠦᠷ 12 ᠳ᠋ᠣᠭᠠᠷ ᠰᠠᠷ᠎ᠠ ᠶᠢᠨ | 7 ᠤ ᠡᠳᠦᠷ ᠵᠥᠩ ᠮᠥ ᠰᠢᠶᠠᠨ ᠤ ᠸᠠᠨ ᠪᠠᠩ ᠣᠯᠠᠨ ᠤᠯᠤᠰ ᠤᠨ ᠪᠠᠷᠠᠭᠠᠨ ᠤ ᠬᠦᠷᠢᠶᠡᠯᠡᠩ ᠠᠴᠠ ᠡᠨᠡ ᠵᠢᠮᠢᠰ ᠢ | ᠨᠡᠶᠢᠲᠡ 60 ᠵᠢᠩ ᠣᠷᠣᠭᠤᠯᠵᠦ᠂ 12 ᠰᠠᠷ᠎ᠠ ᠶᠢᠨ 8 ᠤ ᠡᠳᠦᠷ ᠨᠡᠶᠢᠲᠡ 80 ᠵᠢᠩ ᠣᠷᠣᠭᠤᠯᠵᠠᠢ᠃ 12 | ᠳ᠋ᠣᠭᠠᠷ ᠰᠠᠷ᠎ᠠ ᠶᠢᠨ 7 ᠤ 16 ᠴᠠᠭ ᠠᠴᠠ 10 ᠤ ᠡᠳᠦᠷ ᠪᠣᠯᠲᠠᠯ᠎ᠠ ᠪᠦᠬᠦᠨ ᠢ ᠬᠤᠳᠠᠯᠳᠤᠪᠠ᠃ ᠡᠨᠡ | ᠬᠤᠭᠤᠷᠤᠨᠳᠦ ᠳᠣᠰ ᠳᠡᠯᠬᠡᠬᠦᠷ ᠠᠴᠠ ᠡᠨᠡ ᠵᠢᠮᠢᠰ ᠢ ᠬᠤᠳᠠᠯᠳᠤᠵᠤ ᠠᠪᠤᠭᠰᠠᠨ ᠬᠦᠮᠦᠨ ᠪᠠᠶᠢᠪᠠᠯ ᠳᠠᠷᠣᠢ ᠳᠦᠷᠬᠡᠨ | ᠬᠠᠮᠢᠶᠠᠳᠠᠢ ᠭᠠᠵᠠᠷ ᠲᠠᠢ ᠬᠠᠷᠢᠯᠴᠠᠬᠤ ᠶᠢ ᠲᠤᠬᠠᠢ ᠶᠢᠨ ᠭᠠᠵᠠᠷ ᠤᠨ ᠬᠢᠨ ᠶᠠᠭᠠᠷᠠᠯᠳᠡᠢ ᠮᠡᠳᠡᠭᠳᠡᠵᠦ ᠪᠠᠶᠢᠨ᠎ᠠ᠃ |