ᠪᠦᠬᠦ ᠬᠤᠰᠢᠭᠤᠨ ᠤ ᠦᠷᠭᠡᠨ ᠤᠯᠠᠨ ᠰᠠᠭᠤᠭᠠᠯᠢ ᠠᠷᠠᠳ ᠲᠤ ᠦᠭᠭᠦ ᠰᠠᠨᠠᠭᠤᠯᠤᠮᠵᠢ
ᠨᠡᠶᠢᠲᠡᠯᠡᠭᠰᠡᠨ ᠴᠠᠭ᠄
2021/11/1
     ᠤᠳᠤ ᠠᠴᠠ ᠡᠬᠢᠯᠡᠨ᠂ ᠪᠤᠭᠤᠳᠦ ᠬᠤᠳᠠ ᠠᠴᠠ ᠭᠠᠳᠠᠨᠠᠬᠢ ᠭᠠᠳᠠᠨ᠎ᠠ ᠤᠷᠤᠨ ᠠᠴᠠ ᠮᠠᠨ ᠤ ᠬᠤᠰᠢᠭᠤᠨ  ᠳᠤ ᠢᠷᠡᠵᠦ ᠪᠠᠶᠢᠭ᠎ᠠ ᠬᠦᠮᠦᠰ ᠡᠷᠬᠡᠪᠰᠢ ᠡᠷᠡᠭᠦᠯ ᠮᠡᠨᠳᠦ ᠶᠢᠨ ᠺᠤᠳ᠋᠂ ᠶᠠᠪᠤᠵᠦ ᠰᠠᠭᠤᠭᠰᠠᠨ ᠺᠤᠳ᠋ ᠪᠤᠯᠤᠨ48 ᠴᠠᠭ  ᠤᠨ ᠪᠦᠬᠡᠮ ᠬᠦᠴᠢᠯ ᠤᠨ ᠪᠠᠶᠢᠴᠠᠭᠠᠯᠳᠠ ᠶᠢᠨ ᠪᠢᠯᠢᠭ ᠴᠢᠨᠠᠷ ᠤᠨ ᠭᠡᠷᠡᠴᠢ ᠬᠠᠩᠭᠠᠬᠤ ᠬᠡᠷᠡᠭᠳᠡᠢ᠃ ᠪᠦᠬᠦ ᠬᠤᠰᠢᠭᠤᠨ ᠤ ᠦᠷᠭᠡᠨ ᠤᠯᠠᠨ ᠰᠠᠭᠤᠭᠠᠯᠢ ᠠᠷᠠᠳ ᠰᠠᠨᠠᠭᠠᠴᠢᠯᠭ᠎ᠠ ᠠᠴᠠ ᠪᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠢᠳᠡᠪᠬᠢᠳᠡᠢ ᠭᠠᠳᠠᠨ᠎ᠠ ᠠᠴᠠ ᠬᠢᠵᠢᠭ ᠡᠪᠡᠳᠴᠢᠨ ᠬᠠᠯᠳᠠᠪᠦᠷᠢᠯᠡᠨ ᠤᠷᠤᠵᠦ ᠢᠷᠡᠬᠦ ᠶᠢ ᠡᠷᠡᠰ ᠬᠤᠷᠢᠭᠯᠠᠵᠦ᠂ ᠠᠷᠠᠳ ᠲᠦᠮᠡᠨ ᠤ ᠠᠮᠢ ᠨᠠᠰᠤᠨ ᠤ ᠡᠷᠡᠭᠦᠯ ᠮᠡᠨᠳᠦ ᠶᠢ ᠪᠦᠬᠦ ᠬᠦᠴᠦᠨ ᠢᠶᠠᠷ ᠢᠶᠠᠨ ᠪᠠᠳᠤᠯᠠᠵᠦ᠂ ᠡᠴᠦᠰ ᠤᠨ ᠢᠯᠠᠯᠳᠠ ᠶᠢ ᠤᠯᠬᠤ ᠪᠠᠷ ᠴᠢᠷᠮᠠᠶᠢᠵᠠᠭᠠᠶ᠎ᠠ︕
ᠪᠦᠬᠡᠮ  ᠬᠦᠴᠢᠯ ᠤᠨ ᠪᠠᠶᠢᠴᠠᠭᠠᠯᠳᠠ ᠬᠢᠬᠦ ᠲᠤᠬᠠᠢ ᠰᠠᠨᠠᠭᠤᠯᠤᠮᠵᠢ᠄      1. ᠪᠦᠬᠡᠮ ᠬᠦᠴᠢᠯ ᠤᠨ ᠪᠠᠶᠢᠴᠠᠭᠠᠯᠳᠠ ᠬᠢᠬᠦ ᠦᠶᠡᠰ ᠪᠡᠶ᠎ᠡ ᠶᠢᠨ ᠦᠨᠡᠮᠡᠯ ᠢᠶᠠᠨ ᠠᠪᠴᠦ᠂ ᠡᠷᠡᠭᠦᠯ ᠮᠡᠨᠳᠦ  ᠶᠢᠨ ᠺᠤᠳ᠋ ᠢᠶᠠᠨ ᠭᠠᠷᠭᠠᠵᠦ᠂ ᠪᠦᠬᠦ ᠶᠠᠪᠤᠴᠠ ᠳᠤ ᠠᠮᠠᠪᠴᠢ ᠪᠠᠨ ᠵᠡᠭᠦᠨ᠂ ᠪᠤᠰᠤᠳ ᠲᠠᠢ1 ᠮᠧᠲᠷ ᠤᠨ ᠵᠠᠢ ᠶᠢ ᠪᠠᠳᠤᠯᠠᠵᠦ᠂ ᠵᠤᠭᠤᠭᠳᠠᠬᠤ ᠦᠬᠡᠢ᠂ ᠪᠦᠭᠡᠮᠨᠡᠷᠡᠬᠦ ᠦᠬᠡᠢ᠃ ᠦᠪᠡᠷ ᠤᠨ ᠪᠡᠶ᠎ᠡ ᠶᠢᠨ ᠬᠠᠮᠠᠭᠠᠯᠠᠯᠳᠠ ᠪᠠᠨ ᠰᠠᠶᠢᠳᠤᠷ ᠬᠢᠵᠦ᠂ ᠡᠮᠬᠢ ᠵᠢᠷᠦᠮ ᠲᠠᠢ ᠪᠠᠷ ᠪᠠᠶᠢᠴᠠᠭᠠᠯᠳᠠ ᠬᠢᠬᠦ ᠬᠡᠷᠡᠭᠳᠡᠢ᠃      2. ᠪᠦᠬᠡᠮ ᠬᠦᠴᠢᠯ ᠤᠨ ᠪᠠᠶᠢᠴᠠᠭᠠᠯᠳᠠ ᠶᠢᠨ ᠦᠯᠢᠭᠡᠷ ᠬᠡᠪ ᠠᠪᠬᠤ ᠠᠴᠠ ᠡᠮᠦᠨ᠎ᠡ30 ᠮᠢᠨᠦ᠋ᠲ ᠲᠤ ᠲᠠᠮᠠᠬᠢ ᠲᠠᠳᠠᠵᠦ ᠠᠷᠢᠬᠢ ᠤᠤᠭᠤᠬᠤ ᠶᠢ ᠴᠡᠭᠡᠷᠯᠡᠨ᠎ᠡ᠃      3. ᠬᠠᠮᠠᠷ ᠤᠨ ᠬᠦᠨᠳᠡᠢ ᠠᠴᠠ ᠦᠯᠢᠭᠡᠷ ᠬᠡᠪ ᠠᠪᠬᠤ ᠦᠶᠡᠰ ᠪᠠᠭ᠎ᠠ ᠬᠡᠮᠵᠢᠶᠡᠨ ᠤ ᠴᠢᠰᠦ ᠭᠠᠷᠴᠦ ᠮᠡᠳᠡᠨ᠎ᠡ ᠂ ᠶᠡᠷᠦ ᠳᠡᠭᠡᠨ ᠤᠨᠴᠠᠭᠠᠢ ᠰᠢᠢᠳᠪᠦᠷᠢᠯᠡᠯᠳᠡ ᠬᠢᠬᠦ ᠴᠢᠬᠤᠯᠠ ᠦᠭᠡᠢ᠂ ᠬᠡᠷᠪᠡ ᠴᠢᠰᠦ ᠶᠡᠭᠡ ᠭᠠᠷᠤᠭᠰᠠᠨ ᠪᠤᠯ ᠴᠠᠭ ᠲᠤᠬᠠᠢ ᠳᠤᠨᠢ ᠡᠮᠨᠡᠯᠭᠡ ᠳᠤ ᠬᠦᠷᠴᠦ ᠡᠮᠴᠢᠯᠡᠭᠦᠯᠦᠭᠡᠷᠡᠢ᠃      4. ᠰᠢᠨ᠎ᠡ ᠲᠢᠳᠢᠮᠯᠢᠭ ᠸᠢᠷᠦ᠋ᠰ ᠤᠨ ᠸᠠᠺᠼᠢᠨ ᠤ ᠲᠠᠷᠢᠯᠭ᠎ᠠ ᠬᠢᠭᠰᠡᠨ ᠬᠤᠶᠢᠨ᠎ᠠ24 ᠴᠠᠭ ᠤᠨ ᠲᠠᠷᠠᠭ᠎ᠠ ᠰᠠᠶ᠋ᠢ ᠪᠦᠬᠡᠮ ᠬᠦᠴᠢᠯ ᠤᠨ ᠪᠠᠶᠢᠴᠠᠭᠠᠯᠳᠠ ᠬᠢᠵᠦ ᠪᠤᠯᠤᠨ᠎ᠠ᠃      5. ᠶᠠᠪᠤᠭᠰᠠᠨ ᠵᠠᠮ ᠮᠦᠷ ᠪᠤᠶᠤ ᠪᠡᠶ᠎ᠡ ᠶᠢᠨ ᠡᠷᠡᠭᠦᠯ ᠮᠡᠨᠳᠦ ᠶᠢᠨ ᠪᠠᠶᠢᠳᠠᠯ ᠢᠶᠠᠨ ᠨᠢᠭᠤᠭᠰᠠᠨ᠂ ᠬᠤᠳᠠᠯ  ᠢᠶᠠᠷ ᠮᠡᠳᠡᠭᠦᠯᠦᠭᠰᠡᠨ ᠪᠤᠶᠤ ᠲᠤᠭᠳᠠᠭᠠᠯ ᠶᠤᠰᠤᠭᠠᠷ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ  ᠶᠢ ᠨᠠᠶᠢᠳᠠᠪᠦᠷᠢᠵᠢᠭᠤᠯᠤᠭᠰᠠᠨ ᠦᠬᠡᠢ ᠠᠴᠠ ᠪᠤᠯᠵᠦ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ ᠬᠠᠯᠳᠠᠪᠦᠷᠢᠯᠠᠬᠤ ᠲᠦᠭᠰᠢᠭᠦᠷᠢ ᠶᠢ ᠪᠤᠢ ᠪᠤᠯᠭᠠᠭᠰᠠᠨ ᠪᠤᠶᠤ ᠪᠤᠰᠤᠳ ᠬᠦᠨᠳᠦ ᠨᠤᠴᠢᠳᠠᠢ ᠨᠦᠯᠦᠭᠡ ᠶᠢ ᠠᠪᠴᠢᠷᠠᠭᠰᠠᠨ ᠪᠠᠶᠢᠪᠠᠯ ᠬᠠᠥᠯᠢ ᠶᠤᠰᠤᠭᠠᠷ ᠬᠠᠷᠢᠭᠤᠴᠠᠯᠭ᠎ᠠ ᠨᠡᠬᠡᠮᠵᠢᠯᠡᠨ᠎ᠡ᠃      6. ᠪᠦᠬᠦ ᠬᠤᠰᠢᠭᠤᠨ ᠤ ᠦᠷᠭᠡᠨ ᠤᠯᠠᠠᠨ ᠲᠦᠮᠡᠨ ᠠᠯᠪᠠᠨ ᠤ ᠲᠠᠯ᠎ᠠ ᠶᠢᠨ ᠮᠡᠳᠡᠭᠡ ᠨᠡᠶᠢᠳᠡᠯᠡᠯ ᠢ ᠠᠩᠬᠠᠷᠴᠦ᠂ ᠴᠤᠤᠷᠬᠠᠯ ᠢ ᠢᠳᠡᠭᠡᠬᠦ ᠦᠭᠡᠢ᠂ ᠴᠤᠤᠷᠬᠠᠯ ᠲᠠᠷᠬᠠᠭᠠᠬᠤ ᠦᠭᠡᠢ ᠪᠠᠶᠢᠵᠦ᠂ ᠰᠤᠷᠠᠭ ᠵᠠᠩᠭᠢ ᠶᠢᠨ ᠦᠨᠡᠨ ᠬᠤᠳᠠᠯ ᠢ ᠰᠡᠷᠬᠡᠭ ᠢᠶᠠᠷ ᠲᠠᠨᠢᠵᠦ ᠢᠯᠭᠠᠶ᠎ᠠ᠃
ᠠᠩᠬᠠᠷᠬᠤ ᠨᠢ᠄      ᠦᠳᠡ ᠶᠢᠨ ᠡᠮᠦᠨ᠎ᠡ8᠄30 ᠠᠴᠠ12᠄00 ᠬᠦᠷᠳᠡᠯ᠎ᠡ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ   ᠤ ᠡᠮᠨᠡᠯᠭᠡ ᠶᠢᠨ ᠬᠤᠷᠢᠶᠠᠨ ᠳᠤ ᠪᠦᠬᠡᠮ ᠬᠦᠴᠢᠯ ᠤᠨ ᠪᠠᠶᠢᠴᠠᠭᠠᠯᠳᠠ ᠬᠢᠵᠦ ᠪᠠᠶᠢᠨ᠎ᠠ᠃      ᠦᠳᠡ   ᠶᠢᠨ ᠬᠤᠶᠢᠨ᠎ᠠ2᠄30 ᠠᠴᠠ18᠄00 ᠬᠦᠷᠳᠡᠯ᠎ᠡ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠪᠡᠭᠡᠮ ᠬᠦᠴᠢ ᠤᠨ ᠪᠠᠶᠢᠴᠠᠭᠠᠯᠳᠠ ᠬᠢᠵᠦ ᠪᠠᠶᠢᠨ᠎ᠠ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号