ᠲᠠᠷᠬᠠᠨ ᠮᠤᠤᠮᠢᠩᠭᠠᠨ  ᠬᠤᠯᠪᠤᠭᠠᠳᠦ ᠬᠤᠰᠢᠭᠤ ᠤᠷᠤᠵᠦ ᠭᠠᠷᠬᠤ ᠬᠦᠮᠦᠰ ᠤᠨ ᠪᠠᠶᠢᠴᠠᠭᠠᠯᠳᠠ ᠶᠢ  ᠴᠢᠩᠭᠠᠳᠬᠠᠨ ᠬᠢᠵᠢᠭ ᠢ ᠰᠡᠷᠭᠡᠶᠢᠯᠡᠨ ᠡᠵᠡᠮᠳᠡᠬᠦ ᠬᠠᠯᠬᠠᠪᠴᠢ ᠶᠢ ᠪᠤᠢ ᠪᠤᠯᠭᠠᠵᠦ ᠪᠤᠢ
ᠨᠡᠶᠢᠲᠡᠯᠡᠭᠰᠡᠨ ᠴᠠᠭ᠄
2021/11/1
     10 ᠰᠠᠷ᠎ᠠ   ᠠᠴᠠ ᠡᠬᠢᠯᠡᠨ ᠮᠠᠨ ᠤ ᠤᠷᠤᠨ ᠤ ᠬᠢᠵᠢᠭ ᠤᠨ ᠪᠠᠶᠢᠳᠠᠯ ᠬᠦᠨᠳᠦ ᠬᠡᠴᠡᠭᠦᠦ ᠨᠠᠷᠢᠨ ᠪᠤᠳᠤᠯᠢᠶᠠᠨᠳᠠᠢ ᠪᠤᠯᠤᠭᠰᠠᠨ ᠠᠴᠠ ᠬᠢᠵᠢᠭ ᠢ ᠰᠡᠷᠭᠡᠶᠢᠯᠡᠨ ᠡᠵᠡᠮᠳᠡᠬᠦ ᠪᠠᠶᠢᠴᠠᠭᠠᠯᠳᠠ ᠪᠠᠨ ᠤᠯᠠᠮ ᠨᠢᠭᠡ ᠠᠯᠬᠤᠮ ᠴᠢᠩᠭᠠᠳᠬᠠᠵᠦ᠂ ᠲᠠᠷᠬᠠᠨ ᠮᠤᠤᠮᠢᠩᠭᠠᠨ ᠬᠤᠯᠪᠤᠭᠠᠳᠦ ᠬᠤᠰᠢᠭᠤ10 ᠰᠠᠷ᠎ᠠ25 ᠤ ᠡᠳᠦᠷ ᠠᠴᠠ ᠬᠤᠰᠢᠭᠤᠨ ᠳᠤ ᠤᠷᠤᠵᠦ ᠢᠷᠡᠬᠦ ᠭᠤᠤᠯ ᠵᠠᠮ ᠱᠤᠭᠤᠮ ᠲᠡᠭᠡᠷ᠎ᠡ ᠰᠢᠷᠠᠮᠦ᠋ᠷᠡᠨ ᠤ104 ᠱᠤᠭᠤᠮ   ᠤᠨ ᠪᠠᠶᠢᠴᠠᠭᠠᠯᠳᠠ ᠶᠢᠨ ᠭᠠᠵᠠᠷ ︵ᠰᠢᠷᠠᠮᠦ᠋ᠷᠡᠨ ᠪᠠᠯᠭᠠᠰᠦ ᠪᠠ ᠦᠴᠦᠸᠠᠨ ᠰᠢᠶᠠᠨ ᠤ ᠵᠠᠭᠠᠭ︶᠂ ᠮᠢᠩᠭᠠᠨ ᠪᠠᠯᠭᠠᠰᠤᠨ ᠤ335 ᠱᠤᠭᠤᠮ ᠤᠨ ᠪᠠᠶᠢᠴᠠᠭᠠᠯᠳᠠ ᠶᠢᠨ ᠭᠠᠵᠠᠷ ︵ᠮᠢᠩᠭᠠᠨ ᠪᠠᠯᠭᠠᠰᠦ ᠪᠠ ᠤᠷᠠᠳ ᠤᠨ ᠲᠤᠮᠳᠠ ᠬᠤᠰᠢᠭᠤᠨ ᠤ ᠵᠠᠭᠠᠭ︶ ᠴᠠᠭᠠᠠᠬᠠᠳᠠ  ᠶᠢᠨ331 ᠱᠤᠭᠤᠮ ᠤᠨ ᠪᠠᠶᠢᠴᠠᠭᠠᠯᠳᠠ ᠶᠢᠨ ᠭᠠᠵᠠᠷ ︵ᠴᠠᠭᠠᠠᠬᠠᠳᠠ  ᠰᠤᠮᠤ ᠪᠠ ᠲᠦᠷᠪᠡᠳ ᠬᠤᠰᠢᠭᠤᠨ ᠤ ᠵᠠᠭᠠᠭ ︶᠂ ᠪᠠᠭ᠎ᠠ ᠤᠩᠭᠤᠨ ᠤ335 ᠱᠤᠭᠤᠮ ᠤᠨ ᠪᠠᠶᠢᠴᠠᠭᠠᠯᠳᠠ ᠶᠢᠨ ᠭᠠᠵᠠᠷ ︵ᠪᠠᠭ᠎ᠠ ᠤᠩᠭᠤᠨ ᠰᠢᠶᠠᠩ ᠪᠠ ᠲᠦᠷᠪᠡᠳ ᠬᠤᠰᠢᠭᠤᠨ ᠤ ᠵᠠᠭᠠᠭ︶᠂ ᠪᠠᠶᠠᠠᠬᠤᠸᠠ ᠶᠢᠨ331 ᠱᠤᠭᠤᠮ ᠤᠨ ᠪᠠᠶᠢᠴᠠᠭᠠᠯᠳᠠ ᠶᠢᠨ ᠭᠠᠵᠠᠷ ︵ᠪᠠᠶᠠᠠᠬᠤᠸᠠ ᠪᠠᠯᠭᠠᠰᠤ ᠪᠠ ᠤᠷᠠᠳ ᠤᠨ ᠲᠤᠮᠳᠠ ᠬᠤᠰᠢᠭᠤᠨ ᠤ ᠵᠠᠭᠠᠭ︶ ᠵᠡᠷᠭᠡ6 ᠪᠠᠶᠢᠴᠠᠭᠠᠯᠳᠠ ᠶᠢᠨ ᠴᠡᠭ ᠪᠠᠶᠢᠭᠤᠯᠵᠦ᠂6 ᠴᠠᠭ ᠲᠤ ᠨᠢᠬᠡ ᠤᠳᠠᠭ᠎ᠠ ᠬᠦᠮᠦᠨ ᠢᠶᠠᠨ ᠰᠤᠯᠢᠵᠦ᠂4 ᠡᠭᠡᠯᠵᠢ ᠬᠤᠪᠢᠶᠠᠨ24 ᠴᠠᠭ ᠢᠶᠠᠷ ᠵᠢᠵᠢᠬᠦᠷᠯᠡᠵᠦ ᠪᠤᠢ᠃
     ᠪᠠᠶᠢᠴᠠᠭᠠᠯᠳᠠ ᠶᠢᠨ ᠴᠡᠭ ᠲᠤ ᠲᠠᠩᠰᠡᠯᠡᠨ ᠲᠡᠮᠳᠡᠭᠯᠡᠬᠦ᠂ ᠡᠷᠡᠭᠦᠯ ᠮᠡᠨᠳᠦ ᠶᠢᠨ ᠺᠤᠳ᠋ ᠦᠵᠡᠬᠦ᠂ ᠬᠠᠯᠠᠭᠤᠨ ᠢ ᠬᠡᠮᠵᠢᠬᠦ᠂48 ᠴᠠᠭ ᠲᠤᠳᠤᠷᠠᠬᠢ ᠪᠦᠬᠡᠮ ᠬᠦᠴᠢᠯ ᠤᠨ ᠪᠠᠶᠢᠴᠠᠭᠠᠯᠳᠠ ᠶᠢ ᠦᠵᠡᠬᠦ ᠵᠡᠷᠭᠡ ᠬᠡᠯᠪᠡᠷᠢ ᠪᠠᠷ ᠤᠷᠤᠵᠦ ᠭᠠᠷᠬᠤ ᠬᠦᠮᠦᠰ ᠤᠨ ᠪᠠᠶᠢᠴᠠᠭᠠᠯᠳᠠ ᠶᠢ ᠴᠢᠩᠭᠠᠳᠬᠠᠵᠦ᠂ ᠬᠡᠪ ᠤᠨ ᠪᠤᠰᠤ ᠪᠠᠶᠢᠳᠠᠯ ᠢᠯᠡᠷᠡᠪᠡᠯ ᠲᠡᠷᠤᠢ ᠲᠦᠷᠭᠡᠨ ᠬᠢᠵᠢᠭ ᠢ ᠰᠡᠷᠭᠡᠶᠢᠯᠡᠨ ᠡᠵᠡᠮᠳᠡᠬᠦ ᠵᠢᠭᠠᠨ ᠵᠢᠯᠤᠭᠤᠳᠬᠤ ᠬᠡᠯᠳᠡᠰ ᠲᠤ ᠮᠡᠳᠡᠭᠦᠯᠵᠦ᠂ ᠬᠢᠵᠢᠭ ᠤᠨ ᠰᠡᠷᠭᠡᠶᠢᠯᠡᠯᠳᠡ ᠶᠢᠨ ᠱᠤᠭᠤᠮ ᠢ ᠪᠠᠳᠤᠳᠬᠠᠵᠦ ᠪᠤᠢ᠃
 
ᠢᠷᠡᠯᠲᠡ᠄ ᠪᠠᠭᠠᠳᠤᠷᠯᠢᠭ ᠲᠠᠷᠬᠠᠨ ᠮᠤᠤᠮᠢᠩᠭᠠᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号